5 ᠰᠠᠷ᠎ᠠ ᠶᠢᠨ 1 ᠤ ᠡᠳᠦᠷ ᠠᠴᠠ ᠡᠬᠢᠯᠡᠨ ᠬᠥᠬᠡᠬᠤᠲᠠ ᠶᠢᠨ ᠨᠡᠶᠢᠲᠡ ᠶᠢᠨ ᠬᠤᠷᠠᠮᠳᠤᠭᠤᠯᠭ᠎ᠠ ᠶᠢᠨ ᠮᠦᠩᠭᠦ ᠶᠢᠨ ᠵᠢᠭᠡᠯᠡᠯᠭᠡ ᠶᠢᠨ ᠵᠤᠭᠤᠰᠤᠨ ᠲᠤᠭ᠎ᠠ ᠪᠠᠭᠤᠷᠠᠵᠤ᠂ ᠠᠩᠬ᠎ᠠ ᠲᠤᠰᠢᠶᠠᠬᠤ ᠵᠣᠭᠤᠰ ᠤᠨ ᠬᠠᠷᠢᠴᠠᠯ  ᠨᠢ ᠳᠡᠭᠡᠭᠰᠢᠯᠡᠨ᠎ᠡ
ᠨᠡᠶᠢᠲᠡᠯᠡᠭᠰᠡᠨ ᠴᠠᠭ᠄
2018-04-26
        ᠰᠤᠷᠪᠤᠯᠵᠢᠯᠠᠭᠴᠢ ᠬᠥᠬᠡᠬᠤᠲᠠ ᠶᠢᠨ ᠣᠷᠣᠨ  ᠰᠠᠭᠤᠴᠠ ᠶᠢᠨ  ᠨᠡᠶᠢᠲᠡ ᠶᠢᠨ  ᠬᠤᠷᠠᠮᠳᠤᠭᠤᠯᠭ᠎ᠠ ᠵᠢᠨ‌ᠮᠦ᠋ᠩᠭᠦᠨ ᠤ ᠬᠠᠮᠢᠶᠠᠷᠤᠯᠲᠠ ᠶᠢᠨ ᠲᠥᠪ ᠠᠴᠠ ᠤᠯᠵᠦ ᠮᠡᠳᠡᠭᠰᠡᠨ ᠨᠢ᠂ ᠬᠥᠬᠡᠬᠤᠲᠠ ᠶᠢᠨ ᠣᠷᠣᠨ ᠰᠠᠭᠤᠴᠠ ᠶᠢᠨ ᠨᠡᠶᠢᠲᠡ ᠵᠢᠨ‌ᠬᠤᠷᠠᠮᠳᠤᠭᠤᠯᠭ᠎ᠠ ᠶᠢᠨ ᠮᠦᠩᠭᠦᠨ ᠤ ᠵᠢᠭᠡᠯᠡᠯᠭᠡ ᠶᠢᠨ ᠲᠤᠬᠠᠶᠢᠯᠠᠭᠰᠠᠨ ᠠᠵᠢᠯ ᠳᠤ  5  ᠰᠠᠷ᠎ᠠ ᠶᠢᠨ  1 ᠤ  ᠡᠳᠦᠷ ᠠᠴᠠ  ᠶᠡᠭᠡ‌‍ᠲ᠋ᠣᠬᠢᠷᠠᠭᠤᠯᠤᠯᠲᠠ ᠬᠢᠨ᠎ᠡ᠄ ᠵᠢᠭᠡᠯᠡᠯᠭᠡ ᠶᠢᠨ  ᠮᠦᠩᠭᠦᠨ ᠤ  ᠬᠠᠷᠢᠴᠠᠯ ᠢ  ᠪᠠᠭᠤᠷᠠᠭᠤᠯᠵᠤ᠂  ᠠᠩᠬ᠎ᠠ  ᠲᠤᠰᠢᠶᠠᠬᠤ  ᠵᠣᠭᠤᠰ ‍ᠤᠨ‌ᠬᠠᠷᠢᠴᠠᠯ ᠢ ᠳᠡᠭᠡᠭᠰᠢᠯᠡᠭᠦᠯᠬᠦ ᠶᠢᠨ ᠬᠠᠮᠲᠤ᠂ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦᠨ ᠤ ᠵᠢᠭᠡᠯᠡᠯᠭᠡ ᠶᠢᠨ  ᠲᠤᠭ᠎ᠠ  ᠪᠣᠯᠣᠨ‌‍ᠴᠠᠭ ᠬᠤᠭᠤᠴᠠᠭᠠᠨ ᠤ ᠠᠯᠤᠰᠯᠠᠯ ᠢ ᠤᠯᠠᠮ ᠨᠢᠭᠡ ᠠᠯᠬᠤᠮ ᠵᠢᠷᠤᠮᠵᠢᠭᠤᠯᠤᠨ᠎ᠠ᠃              ᠣᠶᠢᠯᠠᠭᠠᠭᠰᠠᠨ ᠢᠶᠠᠷ᠂  ᠨᠡᠶᠢᠲᠡ ᠶᠢᠨ  ᠬᠤᠷᠠᠮᠳᠤᠭᠤᠯᠭ᠎ᠠ ᠶᠢᠨ   ᠮᠦᠩᠭᠦᠨ ᠤ   ᠵᠢᠭᠡᠯᠡᠯᠭᠡ ᠳᠤ   ᠲᠣᠬᠢᠷᠠᠭᠤᠯᠤᠯᠲᠠ‌‍ᠬᠢᠭᠰᠡᠨ ᠤ ᠳᠠᠷᠠᠭ᠎ᠠ᠂ ᠵᠣᠭᠤᠰ ᠵᠢᠭᠡᠯᠡᠭᠴᠢ ᠡᠷ᠎ᠡ ᠡᠮ᠎ᠡ ᠬᠤᠶᠠᠷ ᠲᠠᠯ᠎ᠠ ᠶᠢᠨ ᠬᠢᠨ ᠴᠦᠮ ᠣᠷᠣᠨ  ᠰᠠᠭᠤᠴᠠ ᠶᠢᠨ  ᠨᠡᠶᠢᠲᠡ ᠵᠢᠨ‌ᠬᠤᠷᠠᠮᠳᠤᠭᠤᠯᠭ᠎ᠠ ᠶᠢᠨ ᠮᠥᠩᠭᠦ ᠪᠠᠶᠢᠭᠤᠯᠤᠭᠰᠠᠨ ᠪᠠᠶᠢᠳᠠᠯ ᠳᠣᠣᠷ᠎ᠠ᠂ ᠵᠢᠭᠡᠯᠡᠯᠭᠡ ᠶᠢᠨ ᠬᠠᠮᠤᠭ ᠤᠨ  ᠳᠡᠭᠡᠳᠦ  ᠬᠡᠮᠵᠢᠶ᠎ᠡ ᠶᠢ  80ᠲᠦᠮᠡᠨ ᠲᠦᠭᠦᠷᠢᠭ ᠠᠴᠠ  70  ᠲᠦᠮᠡᠨ  ᠲᠦᠭᠦᠷᠢᠭ  ᠪᠣᠯᠭᠠᠨ  ᠲᠣᠬᠢᠷᠠᠭᠤᠯᠪᠠ︔  ᠭᠠᠭᠴᠠ  ᠲᠠᠯ᠎ᠠ ᠶᠢᠨ   ᠬᠢᠨ  ᠣᠷᠣᠨ‌‍ᠰᠠᠭᠤᠴᠠ ᠶᠢᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠪᠠᠶᠢᠭᠤᠯᠤᠭᠰᠠᠨ ᠪᠠᠶᠢᠳᠠᠯ ᠳᠣᠣᠷ᠎ᠠ᠂ ᠵᠢᠭᠡᠯᠡᠯᠭᠡ ᠶᠢᠨ  ᠬᠠᠮᠤᠭ ‍ᠤᠨ‌‍ᠲ᠋ᠡᠭᠡᠳᠦ ᠬᠡᠮᠵᠢᠶ᠎ᠡ ᠶᠢ 50 ᠲᠦᠮᠡᠨ  ᠲᠦᠭᠦᠷᠢᠭ ᠠᠴᠠ  40  ᠲᠦᠮᠡᠨ  ᠲᠦᠭᠦᠷᠢᠭ  ᠪᠣᠯᠭᠠᠨ  ᠲᠣᠬᠢᠷᠠᠭᠤᠯᠪᠠ︔  ᠵᠢᠭᠡᠯᠡᠯᠭᠡ‌ᠠᠪᠤᠭᠴᠢ ᠨᠢ ᠭᠡᠷ ᠪᠦᠯᠢ ᠪᠠᠷ ᠨᠢᠭᠡᠴᠡ ᠪᠣᠯᠭᠠᠨ᠂ ᠠᠩᠬ᠎ᠠ ᠤᠳᠠᠭ᠎ᠠ ᠨᠡᠶᠢᠲᠡ ᠶᠢᠨ ᠬᠤᠷᠠᠮᠳᠤᠭᠤᠯᠭ᠎ᠠ ᠶᠢᠨ ᠵᠢᠭᠡᠯᠡᠯᠭᠡ ᠶᠢᠨ ᠮᠦᠩᠭᠦ‌ᠡᠷᠡᠮᠡᠯᠵᠡᠯᠡᠭᠰᠡᠨ ᠪᠠᠶᠢᠪᠠᠯ᠂ ᠠᠩᠬ᠎ᠠ ᠲᠤᠰᠢᠶᠠᠬᠤ  ᠵᠣᠭᠤᠰ ᠤᠨ  ᠪᠠᠷᠢᠮᠲᠠ   ᠨᠢ  ᠭᠡᠷ  ᠪᠠᠶᠢᠰᠢᠩ ᠤᠨ  ᠶᠡᠷᠦᠩᠬᠡᠢ  ᠦᠨ᠎ᠡ ᠶᠢᠨ20% ᠠᠴᠠ ᠳᠣᠣᠷ᠎ᠠ ᠪᠠᠶᠢᠵᠤ ᠪᠣᠯᠬᠤ ᠦᠭᠡᠢ᠂  ᠵᠢᠭᠡᠯᠡᠯᠭᠡ ᠶᠢᠨ  ᠬᠠᠮᠤᠭ ᠤᠨ  ᠳᠡᠭᠡᠳᠦ  ᠬᠡᠮᠵᠢᠶ᠎ᠡ   ᠨᠢ  ᠭᠡᠷ  ᠪᠠᠶᠢᠰᠢᠩ ‍ᠤᠨ‌‍ᠶᠡᠷᠦᠩᠬᠡᠢ ᠦᠨ᠎ᠡ ᠶᠢᠨ 80% ᠪᠣᠯᠣᠨ᠎ᠠ︔  ᠨᠡᠶᠢᠲᠡ ᠶᠢᠨ  ᠬᠤᠷᠠᠮᠳᠤᠭᠤᠯᠭ᠎ᠠ ᠶᠢᠨ  ᠵᠢᠭᠡᠯᠡᠯᠭᠡ ᠶᠢᠨ  ᠮᠦᠩᠭᠦ ᠶᠢ  ᠬᠤᠶᠠᠳᠠᠬᠢ‌ᠤᠳᠠᠭ᠎ᠠ ᠡᠷᠡᠮᠡᠯᠵᠡᠯᠡᠭᠰᠡᠨ ᠪᠠᠶᠢᠪᠠᠯ᠂ ᠠᠩᠬ᠎ᠠ ᠲᠤᠰᠢᠶᠠᠬᠤ ᠵᠣᠭᠤᠰ ᠤᠨ ᠪᠠᠷᠢᠮᠲᠠ ᠨᠢ ᠭᠡᠷ ᠪᠠᠶᠢᠰᠢᠩ ᠤᠨ ᠶᠡᠷᠦᠩᠬᠡᠢ ᠦᠨ᠎ᠡ ᠶᠢᠨ30% ᠠᠴᠠ ᠳᠣᠣᠷ᠎ᠠ ᠪᠠᠶᠢᠵᠤ ᠪᠣᠯᠬᠤ ᠦᠭᠡᠢ᠂᠂ ᠵᠢᠭᠡᠯᠡᠯᠭᠡ ᠶᠢᠨ ᠬᠠᠮᠤᠭ ᠤᠨ ᠳᠡᠭᠡᠳᠦ  ᠬᠡᠮᠵᠢᠶ᠎ᠡ   ᠨᠢ  ᠭᠡᠷ  ᠪᠠᠶᠢᠰᠢᠩ ‍ᠤᠨ‌‍ᠶᠡᠷᠦᠩᠬᠡᠢ ᠦᠨ᠎ᠡ ᠶᠢᠨ 70 % ᠪᠣᠯᠣᠨ᠎ᠠ᠃              ᠬᠥᠬᠡᠬᠤᠲᠠ ᠶᠢᠨ  ᠲᠤᠰ  ᠤᠳᠠᠭᠠᠨ ᠤ   ᠨᠡᠶᠢᠲᠡ ᠶᠢᠨ   ᠬᠤᠷᠠᠮᠳᠤᠭᠤᠯᠭ᠎ᠠ ᠶᠢᠨ   ᠮᠦᠩᠭᠦ ᠶᠢᠨ   ᠵᠢᠭᠡᠯᠡᠯᠭᠡ ᠵᠢᠨ‌‍ᠲ᠋ᠤᠬᠠᠶᠢᠯᠠᠭᠰᠠᠨ ᠠᠵᠢᠯ ᠤᠨ ᠲᠣᠬᠢᠷᠠᠭᠤᠯᠤᠯᠲᠠ ᠨᠢ  ᠬᠤᠶᠠᠷ᠂  ᠭᠤᠷᠪᠠᠳᠠᠭᠢ  ᠤᠳᠠᠭ᠎ᠠ  ᠨᠡᠶᠢᠲᠡ ᠶᠢᠨ  ᠬᠤᠷᠠᠮᠳᠤᠭᠤᠯᠭ᠎ᠠ ᠵᠢᠨ‌ᠮᠦ᠋ᠩᠭᠦ ᠪᠠᠨ ᠬᠡᠷᠡᠭᠯᠡᠵᠦ ᠭᠡᠷ ᠬᠤᠳᠠᠯᠳᠤᠨ ᠠᠪᠤᠭᠴᠢᠳ ᠲᠤ ᠬᠠᠮᠤᠭ ᠠᠴᠠ ᠶᠡᠭᠡ ᠨᠥᠯᠥᠭᠡ ᠪᠤᠯᠤᠨ᠎ᠠ᠃ ᠵᠢᠭᠡᠯᠡᠯᠭᠡ ᠶᠢᠨ ᠤᠳᠠᠭ᠎ᠠ‌‍ᠲ᠋ᠤᠭ᠎ᠠ ᠳᠤ ᠬᠢᠵᠠᠭᠠᠷᠯᠠᠯ ᠭᠠᠷᠭᠠᠭᠰᠠᠨ ᠢᠶᠠᠷ ᠪᠠᠷᠠᠬᠤ ᠦᠭᠡᠢ ᠪᠠᠰᠠ ᠴᠠᠭ ᠬᠤᠭᠤᠴᠠᠭᠠᠨ ᠤ ᠠᠯᠤᠰᠯᠠᠯ ᠢ ᠱᠠᠭᠠᠷᠳᠠᠵᠠᠢ᠃  ᠠᠳᠠᠯᠢ‌ᠨᠢᠭᠡᠨ ᠵᠣᠭᠤᠰ ᠵᠢᠭᠡᠯᠡᠭᠴᠢ ᠳᠤ  ᠭᠤᠷᠪᠠ  ᠪᠤᠶᠤ  ᠭᠤᠷᠪᠠ ᠠᠴᠠ  ᠳᠡᠭᠡᠭᠰᠢ  ᠤᠳᠠᠭ᠎ᠠ  ᠨᠡᠶᠢᠲᠡ ᠶᠢᠨ  ᠬᠤᠷᠠᠮᠳᠤᠭᠤᠯᠭ᠎ᠠ ᠵᠢᠨ‌ᠮᠦ᠋ᠩᠭᠦ ᠶᠢᠨ ᠵᠢᠭᠡᠯᠡᠯᠭᠡ ᠣᠯᠭᠤᠬᠤ ᠶᠢ ᠵᠥᠪᠰᠢᠶᠡᠷᠡᠬᠦ ᠦᠭᠡᠢ ᠮᠦᠷᠲᠡᠭᠡᠨ ᠵᠣᠭᠤᠰ  ᠵᠢᠭᠡᠯᠡᠭᠴᠢ ᠠᠴᠠ  ᠨᠢᠭᠡᠳᠦᠭᠡᠷ  ᠤᠳᠠᠭᠠᠨ ‍ᠤ‌ᠵᠢᠭᠡᠯᠡᠯᠭᠡ ᠪᠠᠨ ᠪᠤᠴᠠᠭᠠᠵᠤ ᠳᠠᠭᠤᠰᠤᠭᠰᠠᠨ ᠡᠳᠦᠷ ᠠᠴᠠ ᠡᠬᠢᠯᠡᠵᠦ᠂ ᠲᠠᠪᠤᠨ ᠵᠢᠯ ᠤᠨ ᠳᠠᠷᠠᠭ᠎ᠠ ᠰᠠᠶ᠋ᠢ ᠬᠤᠶᠠᠳᠠᠬᠢ  ᠤᠳᠠᠭᠠᠨ ‍ᠤ‌ᠣᠷᠣᠨ ᠰᠠᠭᠤᠴᠠ ᠶᠢᠨ ᠨᠡᠶᠢᠲᠡ ᠶᠢᠨ ᠬᠤᠷᠠᠮᠳᠤᠭᠤᠯᠭ᠎ᠠ ᠶᠢᠨ ᠮᠦᠩᠭᠦᠨ ᠢ ᠵᠢᠭᠡᠯᠡᠯᠭᠡ ᠶᠢ ᠡᠷᠡᠮᠡᠯᠵᠡᠯᠡᠵᠦ ᠪᠣᠯᠣᠨ᠎ᠠ᠃              ᠲᠤᠰ ᠤᠳᠠᠭᠠᠨ ᠤ ᠨᠡᠶᠢᠲᠡ ᠶᠢᠨ ᠬᠤᠷᠠᠮᠳᠤᠭᠤᠯᠭ᠎ᠠ ᠶᠢᠨ ᠮᠦᠩᠭᠦᠨ ᠤ ᠵᠢᠭᠡᠯᠡᠯᠭᠡ ᠶᠢᠨ ᠰᠢᠨ᠎ᠡ ᠲᠥᠷᠥ ᠶᠢᠨ ᠪᠣᠳᠣᠯᠭ᠎ᠠ‌ᠨᠢ ᠪᠠᠰᠠ ᠠᠵᠤ ᠠᠬᠤᠶᠢᠯᠠᠯ ᠤᠨ ᠪᠠᠷᠢᠴᠠᠭᠠᠳᠤ ᠵᠢᠭᠡᠯᠡᠯᠭᠡ ᠪᠠᠷ ᠠᠰᠠᠷ ᠤᠨ  ᠪᠠᠭᠤᠴᠠ  ᠵᠥᠪᠰᠢᠶᠡᠷᠡᠨ  ᠤᠯᠭᠤᠬᠤ  ᠨᠦᠬᠦᠴᠡᠯ ᠢ‌ᠨᠡᠭᠡᠭᠡᠨ ᠠᠰᠢᠭᠯᠠᠬᠤ ᠳᠤ ᠲᠣᠬᠢᠷᠠᠭᠤᠯᠭ᠎ᠠ ᠬᠢᠵᠡᠢ᠃ ᠨᠢᠭᠡ ᠳᠤ ᠨᠡᠶᠢᠲᠡ ᠶᠢᠨ ᠬᠤᠷᠠᠮᠳᠤᠭᠤᠯᠭ᠎ᠠ ᠶᠢᠨ ᠮᠦᠩᠭᠦ ᠶᠢᠨ ᠵᠢᠭᠡᠯᠡᠯᠭᠡ ᠵᠢᠨ‌‍ᠲ᠋ᠥ᠋ᠪ ᠠᠴᠠ ᠠᠰᠠᠷ ᠤᠨ ᠪᠠᠷᠢᠴᠠᠭᠠᠲᠤ ᠵᠢᠭᠡᠯᠡᠯᠭᠡ ᠶᠢᠨ ᠬᠡᠯᠡᠯᠴᠡᠭᠡᠷ ᠲᠣᠭᠲᠠᠬᠤ ᠦᠶ᠎ᠡ ᠳᠤ᠂ ᠠᠰᠠᠷ ᠤᠨ  ᠭᠤᠣᠯ  ᠴᠣᠭᠴᠠ ᠪᠠᠨ‌ᠠᠲᠠᠷᠯᠠᠬᠤ ᠶᠢ  ᠬᠢᠨᠠᠨ  ᠲᠣᠭᠲᠠᠭᠠᠬᠤ  ᠨᠦᠬᠦᠴᠡᠯ ᠳᠤ  ᠣᠷᠣᠭᠤᠯᠵᠤ᠂  ᠠᠲᠠᠷᠯᠠᠭᠠᠳᠤᠢ  ᠠᠰᠠᠷ ᠲᠤ  ᠣᠷᠣᠨ  ᠰᠠᠭᠤᠴᠠ ᠵᠢᠨ‌ᠨᠡᠶᠢᠲᠡ ᠶᠢᠨ ᠬᠤᠷᠠᠮᠳᠤᠭᠤᠯᠭ᠎ᠠ ᠶᠢᠨ ᠮᠦᠩᠭᠦᠨ ᠤ ᠵᠢᠭᠡᠯᠡᠯᠭᠡ ᠣᠯᠭᠤᠬᠤ  ᠦᠭᠡᠢ᠂  ᠡᠨᠡ   ᠨᠢ  ᠭᠡᠷ  ᠪᠠᠶᠢᠰᠢᠩ  ᠬᠤᠳᠠᠯᠳᠤᠨ‌ᠠᠪᠤᠭᠴᠢ ᠰᠠᠶ᠋ᠢ ᠪᠠᠷᠢᠯᠭ᠎ᠠ ᠡᠬᠢᠯᠡᠵᠦ ᠪᠠᠶᠢᠭ᠎ᠠ ᠰᠢᠨ᠎ᠡ ᠠᠰᠠᠷ ᠢ ᠤᠷᠢᠳᠴᠢᠯᠠᠨ ᠬᠤᠳᠠᠯᠳᠤᠨ ᠠᠪᠤᠪᠠᠯ ᠤᠷᠢᠳᠴᠢᠯᠠᠨ ᠬᠤᠳᠠᠯᠳᠤᠬᠤ‌ᠨᠡᠶᠢᠲᠡ ᠶᠢᠨ  ᠬᠤᠷᠠᠮᠳᠤᠭᠤᠯᠭ᠎ᠠ ᠶᠢᠨ  ᠮᠦᠩᠭᠦᠨ ᠤ  ᠵᠢᠭᠡᠯᠡᠯᠭᠡ  ᠬᠡᠷᠡᠭᠯᠡᠵᠦ  ᠪᠣᠯᠬᠤ  ᠦᠭᠡᠢ ᠶᠢ  ᠬᠠᠷᠠᠭᠤᠯᠵᠤ   ᠪᠠᠶᠢᠨ᠎ᠠ᠃ᠡᠭᠦᠨ ᠠᠴᠠ ᠭᠠᠳᠠᠨ᠎ᠠ᠂ ᠲᠤᠰ ᠤᠳᠠᠭᠠᠨ ᠤ ᠨᠡᠶᠢᠲᠡ ᠶᠢᠨ ᠬᠤᠷᠠᠮᠳᠤᠭᠤᠯᠭ᠎ᠠ ᠶᠢᠨ ᠮᠦᠩᠭᠦᠨ ᠤ ᠰᠢᠨ᠎ᠡ ᠲᠥᠷᠥ ᠶᠢᠨ  ᠪᠣᠳᠣᠯᠭ᠎ᠠ‌ᠨᠢ ᠣᠶᠢᠷ᠎ᠠ ᠶᠢᠨ ᠵᠢᠯ ᠵᠠᠯᠠᠭᠤᠴᠤᠳ ᠤᠨ ᠬᠦᠷᠢᠶᠡᠯᠡᠯ ᠢ ᠶᠡᠬᠡᠬᠡᠨ ᠣᠯᠵᠤ ᠪᠠᠶᠢᠭ᠎ᠠ ᠪᠠᠭ᠎ᠠ  ᠲᠠᠯᠠᠪᠠᠢ  ᠪᠦᠬᠦᠢ  ᠬᠤᠳᠠᠯᠳᠤᠭᠠᠨ ‍ᠤ‌‍ᠴᠢᠨᠠᠷᠲᠠᠢ ᠨᠡᠶᠢᠲᠡ ᠶᠢᠨ ᠪᠠᠶᠢᠷᠢ ᠶᠢᠨ ᠠᠰᠠᠷ ᠲᠤ ᠠᠪᠴᠤ ᠬᠡᠯᠡᠪᠡᠯ ᠮᠦᠨ ᠰᠠᠶᠢᠠᠨ ᠴᠢᠮᠡᠭᠡ ᠪᠢᠰᠢ ᠶᠤᠮ᠃  ᠰᠢᠨ᠎ᠡ  ᠲᠥᠷᠥ ᠵᠢᠨ‌‍ᠪᠣᠳᠣᠯᠭ᠎ᠠ ᠳᠤ᠂ ᠭᠠᠵᠠᠷ ᠰᠢᠷᠤᠢ ᠶᠢᠨ ᠰᠢᠨᠵᠢ ᠴᠢᠨᠠᠷ ᠨᠢ ︽ᠬᠤᠳᠠᠯᠳᠤᠭᠠᠨ ᠤ ᠬᠡᠷᠡᠭᠯᠡᠬᠦ ᠭᠠᠵᠠᠷ︾ ᠪᠣᠯᠬᠤ ᠨᠡᠭᠡᠭᠡᠨ  ᠬᠦᠭᠵᠢᠭᠦᠯᠬᠦ‌‍ᠲ᠋ᠥ᠋ᠷᠥᠯ ᠵᠦᠢᠯ ᠳᠤ᠂ ᠨᠡᠶᠢᠲᠡ ᠶᠢᠨ ᠬᠤᠷᠠᠮᠳᠤᠭᠤᠯᠭ᠎ᠠ ᠶᠢᠨ ᠮᠦᠩᠭᠦ ᠭᠠᠷᠭᠠᠨ ᠠᠪᠬᠤ ᠪᠠ ᠵᠢᠭᠡᠯᠡᠯᠭᠡ ᠲᠠᠯᠪᠢᠬᠤ  ᠲᠤᠬᠠᠶᠢᠯᠠᠭᠰᠠᠨ‌ᠠᠵᠢᠯ ᠢ ᠭᠦᠢᠴᠡᠳᠬᠡᠬᠦ ᠪᠠᠨ ᠵᠣᠭᠰᠣᠭᠠᠨ᠎ᠠ᠃ ᠡᠨᠡ ᠨᠢ ᠬᠡᠯᠡᠯᠭᠡᠨ ᠦᠭᠡᠢ ᠲᠤᠰ ᠲᠥᠷᠥᠯ ᠤᠨ  ᠭᠡᠷ  ᠬᠦᠷᠦᠩᠭᠡ ᠶᠢᠨ  ᠲᠦᠷᠦᠯ‌ᠵᠦ᠋ᠢᠯ ᠤᠨ ᠪᠣᠷᠣᠯᠠᠭᠤᠯᠭ᠎ᠠ ᠶᠢ ᠵᠣᠬᠢᠬᠤ ᠬᠡᠮᠵᠢᠶᠡᠨ ᠳᠤ ᠨᠥᠯᠥᠭᠡᠯᠡᠨ᠎ᠡ᠃
 
ᠢᠷᠡᠯᠲᠡ᠄ ᠠᠷᠠᠳ  ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号