ᠮᠠᠯ ᠤᠨᠤᠭ᠎ᠠ ᠲᠠᠢ ᠬᠤᠯᠪᠤᠭᠳᠠᠬᠤ ᠴᠡᠬᠡᠷ ᠶᠤᠰᠤ
ᠨᠡᠶᠢᠲᠡᠯᠡᠭᠰᠡᠨ ᠴᠠᠭ᠄
2018-03-09
                             ᠰ᠊᠂ ᠰᠡᠴᠡᠡᠪᠠᠭᠠᠳᠤᠷ      1. ᠮᠤᠩᠭᠤᠯ ᠬᠦᠮᠤᠨ ᠲᠠᠪᠤᠨ ᠬᠤᠰᠢᠭᠤ ᠮᠠᠯ ᠤᠨ ᠲᠤᠯᠤᠭᠠᠢ ᠦᠬᠡᠳᠡ ᠵᠤᠳᠤᠵᠤ ᠴᠤᠬᠢᠬᠤ ᠶᠢ ᠮᠠᠰᠢ ᠴᠡᠬᠡᠷᠯᠡᠳᠡᠭ᠂ ᠮᠠᠯ ᠤᠨᠤᠭ᠎ᠠ ᠳᠠᠭᠠᠨ ᠬᠠᠶᠢᠷ᠎ᠠ ᠭᠠᠮ ᠦᠭᠡᠢ ᠡᠳ᠋ᠯᠡᠭᠰᠡᠳ ᠶᠢ ︽ᠪᠤᠶᠠᠨ ᠢᠶᠠᠨ ᠪᠤᠷᠤᠭᠤ ᠡᠳ᠋ᠯᠡᠭᠰᠡᠨ ᠠᠮᠢᠳᠠᠨ︾ ᠬᠡᠮᠡᠨ ᠮᠠᠭᠤᠰᠢᠶᠠᠳᠠᠭ᠃      2. ᠲᠠᠪᠤᠨ ᠬᠤᠰᠢᠭᠤ ᠮᠠᠯ ᠢᠶᠠᠨ ᠡᠯᠳᠡᠪ ᠮᠠᠭᠤ ᠦᠬᠡ ᠪᠠᠷ ᠬᠠᠷᠢᠶᠠᠬᠤ ᠶᠢ ᠴᠡᠬᠡᠷᠯᠡᠳᠡᠭ᠃ ᠢᠷᠸ᠎ᠠ ᠪᠤᠯᠤᠨ᠎ᠠ ᠂ ᠮᠠᠯ ᠤᠨ ᠵᠠᠶᠠᠭ᠎ᠠ ᠭᠤᠮᠤᠳᠠᠨ᠎ᠠ ᠬᠡᠵᠤ ᠬᠡᠯᠡᠳᠡᠭ᠃      3. ᠠᠳᠤᠭᠤ ᠲᠡᠯᠡᠯᠵᠤ᠂ ᠲᠠᠮᠭᠠᠯᠠᠬᠤ᠂ ᠦᠷᠢᠶ᠎ᠡ ᠴᠠᠭᠠᠯᠠᠬᠤ ᠳᠤ ᠤᠯᠠᠭᠠᠨ᠂ ᠤᠯᠠᠭᠠᠭᠴᠢᠨ ᠡᠳᠤᠷ ᠢ ᠴᠡᠬᠡᠷᠯᠡᠳᠡᠭ᠃      4. ᠮᠠᠯ ᠢᠶᠠᠨ ᠬᠤᠳᠠᠯᠳᠤᠵᠤ ᠭᠠᠷᠭᠠᠬᠤ ᠳᠠᠭᠠᠨ ᠬᠡᠰᠡᠭ ᠢ ᠨᠢ ᠦᠯᠡᠳᠡᠬᠡᠬᠦ ᠦᠭᠡᠢ ᠪᠤᠯ ᠴᠡᠬᠡᠷᠳᠠᠢ᠂ ᠪᠤᠶᠠᠨ ᠪᠠᠷᠠᠭᠳᠠᠵᠤ᠂ ᠬᠤᠳᠠ ᠬᠤᠷᠤᠭ᠎ᠠ ᠬᠤᠭᠤᠰᠤᠷᠠᠨ᠎ᠠ ᠬᠡᠳᠡᠭ᠃ ᠲᠡᠶᠢᠮᠤ ᠳᠡᠭᠡᠨ ᠮᠠᠯ ᠤᠨ ᠬᠡᠰᠢᠭ ᠶᠢ ᠨᠢ ᠠᠪᠤᠭᠠᠳ ᠴᠢᠭᠳᠠᠭᠠᠨ ᠳᠠᠭᠠᠨ ᠤᠶᠠᠵᠤ ᠲᠠᠯᠪᠢᠳᠠᠭ᠃      5. ᠨᠢᠯᠬ᠎ᠠ ᠪᠠᠭ᠎ᠠ ᠠᠮᠢᠳᠠᠨ ᠶᠢ ᠨᠢᠳᠤᠯᠵᠠᠵᠤ ᠠᠯᠠᠬᠤ᠂ ᠮᠠᠯ ᠤᠨ ᠬᠡᠬᠡᠯ ᠢ ᠨᠤᠬᠠᠢ ᠰᠢᠪᠠᠭᠤᠳ ᠳᠤ ᠢᠳᠡᠬᠦᠯᠬᠦ  ᠶᠢ ᠴᠡᠬᠡᠷᠯᠡᠳᠡᠭ᠃      6. ᠮᠠᠯ ᠤᠨ ᠬᠤᠷᠤᠭ᠎ᠠ ᠬᠠᠰᠢᠶᠠᠨ ᠳᠤ ᠰᠢᠬᠡᠵᠤ ᠪᠠᠭᠠᠬᠤ ᠶᠢ ᠶᠢ ᠲᠠᠰᠤ ᠴᠡᠬᠡᠷᠯᠡᠳᠡᠭ᠂ ᠮᠠᠯ ᠤᠨ ᠰᠦᠷ ᠪᠠᠭᠤᠷᠴᠤ᠂ ᠠᠵᠤ ᠠᠮᠢᠳᠤᠷᠠᠯ ᠲᠤᠷᠦ᠋ᠢᠳᠠᠨ᠎ᠠ︕ ᠬᠡᠳᠡᠭ᠃      7. ᠵᠢᠷᠮᠤᠰᠤᠨ ᠡᠮᠡᠭᠳᠠᠢ ᠲᠡᠮᠡᠭᠡ ᠤᠨᠤᠬᠤ ᠶᠢ ᠴᠡᠬᠡᠷᠯᠡᠨ᠎ᠡ᠂ ᠤᠨᠤᠪᠠᠯ ᠰᠠᠷ᠎ᠠ ᠡᠷᠬᠦᠨ᠎ᠡ ᠬᠡᠳᠡᠭ᠃ ᠪᠤᠤᠷ᠎ᠠ ᠶᠢᠨ ᠵᠦᠭ ᠬᠠᠨᠳᠤᠵᠤ ᠰᠢᠬᠡᠪᠡᠯ ᠠᠮᠠᠨ ᠲᠠᠢ ᠬᠡᠵᠤ ᠴᠡᠬᠡᠷᠯᠡᠳᠡᠭ᠃      8. ᠮᠤᠷᠢᠨ ᠤ ᠬᠠᠵᠠᠭᠠᠷ ᠢ ᠡᠬᠦᠳᠡ ᠳᠤ ᠮᠦᠷᠬᠦᠬᠦᠯᠳᠡᠭ ᠦᠭᠡᠢ᠂ ᠮᠦᠷᠬᠦᠬᠦᠯᠪᠡᠯ ᠮᠤᠷᠢᠨ ᠲᠤᠯᠤᠭᠠᠢ ᠶᠠᠩᠬᠢᠨᠠᠨ᠎ᠠ ᠬᠡᠵᠤ ᠴᠡᠬᠡᠷᠯᠡᠳᠡᠭ᠃
 
ᠢᠷᠡᠯᠲᠡ᠄ ᠬᠤᠯᠪᠣᠭ᠎ᠠ ᠪᠥᠷᠭᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号