ᠴᠠᠭᠠᠨ ᠰᠠᠷ᠎ᠠ — ᠮᠤᠩᠭᠤᠯᠴᠤᠳ ᠤᠨ ᠭᠡᠷ ᠤᠨ ᠬᠦᠮᠦᠵᠢᠯ ᠤᠨ ᠤᠨᠴᠠᠭᠠᠢ ᠬᠤᠭᠤᠴᠠᠭ᠎ᠠ
ᠨᠡᠶᠢᠲᠡᠯᠡᠭᠰᠡᠨ ᠴᠠᠭ᠄
2018-03-09
                                   ᠵᠤᠬᠢᠶᠠᠭᠴᠢ᠄ ᠪᠠ᠊ · ᠤᠶᠤᠨᠳᠠᠯᠠᠢ      ᠮᠤᠩᠭᠤᠯᠴᠤᠳ ᠶᠠᠷᠤ ᠨᠢ ᠲᠤᠰᠬᠠᠶᠢᠯᠠᠨ ᠴᠠᠭ ᠭᠠᠷᠭᠠᠵᠤ ᠬᠡᠦᠬᠡᠳ ᠢᠶᠠᠨ ᠲᠦᠪ ᠰᠠᠭᠤᠯᠭᠠᠭᠠᠳ ᠶᠡᠭᠡ ᠶᠤᠰᠤ ᠨᠤᠮᠯᠠᠵᠤ ᠰᠤᠷᠭᠠᠬᠤ ᠪᠢᠰᠢ᠂ ᠬᠠᠷᠢᠨ ᠬᠡᠦᠬᠡᠳ ᠢᠶᠠᠨ ᠳᠠᠭᠠᠭᠤᠯᠤᠨ ᠠᠵᠢᠯ ᠬᠦᠳᠡᠯᠮᠤᠷᠢ ᠬᠢᠬᠦ ᠪᠤᠶᠤ ᠠᠶᠠᠨ ᠵᠠᠮ᠂ ᠠᠳᠤᠭᠤ ᠮᠠᠯ ᠳᠤ ᠶᠠᠪᠤᠬᠤ ᠦᠶ᠎ᠡ ᠳᠤ ᠠᠵᠢᠯ ᠤᠨ ᠶᠠᠪᠤᠴᠠ ᠪᠠ ᠬᠡᠦᠬᠡᠳ ᠤᠨ ᠢᠶᠠᠨ ᠤᠷᠮ᠎ᠠ ᠳᠤ ᠵᠤᠬᠢᠴᠠᠭᠤᠯᠤᠨ ᠳᠡᠭᠡᠳᠦᠰ ᠠᠴᠠ ᠰᠤᠨᠤᠰᠤᠭᠰᠠᠨ᠂ ᠪᠡᠶ᠎ᠡ ᠪᠠᠷ ᠦᠭᠭᠡᠷᠡᠭᠡᠭᠰᠡᠨ ᠢᠶᠠᠨ ᠠᠶᠠᠷᠬᠠᠨ ᠶᠠᠷᠢᠵᠤ᠂ ᠭᠦᠮᠦᠨ ᠪᠤᠯᠬᠤ ᠶᠤᠰᠤ ᠵᠦᠢ᠂ ᠠᠮᠢᠳᠤᠷᠠᠯ ᠡᠵᠡᠩᠨᠡᠬᠦ ᠤᠷ᠎ᠠ ᠤᠬᠠᠭᠠᠨ ᠢ ᠤᠢ ᠪᠢᠯᠢᠭ ᠲᠤᠨᠢ ᠪᠠᠲᠤ ᠰᠠᠭᠤᠯᠭᠠᠬᠤ ᠶᠢ ᠬᠢᠴᠢᠶᠡᠳᠡᠭ᠃ ᠴᠠᠭᠠᠨ ᠰᠠᠷ᠎ᠠ ᠶᠢᠨ ᠬᠤᠭᠤᠴᠠᠭ᠎ᠠ ᠪᠤᠯ ᠮᠤᠩᠭᠤᠯ ᠤᠨ ᠤᠯᠠᠮᠵᠢᠯᠠᠯᠲᠤ ᠵᠠᠩ ᠦᠢᠯᠡ ᠶᠢᠨ ᠠᠵᠢᠯᠯᠠᠭ᠎ᠠ ᠬᠠᠮᠤᠭ ᠲᠦᠪᠯᠡᠷᠡᠩᠭᠦᠢ ᠬᠤᠭᠤᠴᠠᠭ᠎ᠠ ᠪᠤᠯᠬᠤᠷ ᠮᠤᠩᠭᠤᠯᠴᠤᠳ ᠬᠡᠦᠬᠡᠳ ᠢᠶᠠᠨ ᠬᠦᠮᠦᠵᠢᠭᠦᠯᠬᠦ ᠬᠠᠮᠤᠭ ᠲᠤᠬᠢᠷᠠᠮᠵᠢᠲᠠᠢ ᠦᠶ᠎ᠡ ᠭᠡᠵᠦ ᠦᠵᠡᠳᠡᠭ ᠶᠤᠮ᠃ ᠭᠠᠯ ᠳᠠᠬᠢᠬᠤ  ᠠᠴᠠ ᠡᠬᠢᠯᠡᠨ ᠰᠢᠨ᠎ᠡ ᠬᠠᠭᠤᠴᠢᠷᠠᠲᠡᠯᠡᠬᠢ ᠬᠤᠭᠤᠴᠠᠭ᠎ᠠ ᠶᠢ ︽ᠰᠠᠷ᠎ᠠ ᠰᠢᠨ᠎ᠡ︾᠂ ︽ᠵᠢᠯ ᠰᠠᠷ᠎ᠠ︾᠂ ︽ᠵᠢᠯ ᠴᠠᠭᠠᠨ ᠰᠠᠷ᠎ᠠ︾ ᠭᠡᠵᠤ ᠲᠤᠪᠴᠢᠯᠠᠨ᠂ ︽ᠰᠢᠨ᠎ᠡ ᠳᠡᠭᠡᠨ ᠶᠠᠮᠠᠷ ᠪᠤᠯ ᠵᠢᠯ ᠳᠡᠭᠡᠨ ᠲᠡᠶᠢᠮᠦ︾ ᠭᠡᠵᠦ ᠡᠨᠡᠬᠦ ᠬᠤᠭᠤᠴᠠᠭᠠᠨ ᠳᠤ ᠬᠡᠦᠬᠡᠳ ᠢᠶᠠᠨ ᠶᠤᠰᠤ ᠨᠤᠮ ᠲᠠᠢ᠂ ᠦᠭᠡᠳᠡ ᠬᠡᠶᠢᠮᠤᠷᠢ ᠲᠠᠢ᠂ ᠪᠡᠯᠬᠡ ᠳᠡᠮᠪᠡᠷᠢᠯ ᠲᠠᠢ ᠪᠠᠶᠢᠬᠤ ᠶᠢ ᠨᠡᠩ ᠴᠢᠩᠭ᠎ᠠ ᠱᠠᠭᠠᠷᠳᠠᠳᠠᠭ᠃      ᠵᠢᠯ ᠴᠠᠭᠠᠨ ᠰᠠᠷ᠎ᠠ ᠤᠶᠢᠷᠠᠳᠬᠤ ᠳᠤ ᠬᠡᠦᠬᠡᠳ ᠲᠡᠭᠡᠨ ᠪᠢᠲᠡᠭᠦᠯᠡᠵᠤ ᠰᠢᠨᠡᠯᠡᠬᠦ ᠶᠤᠰᠤ ᠵᠠᠩᠰᠢᠯ ᠤᠨ ᠲᠤᠬᠠᠢ ᠶᠠᠷᠢᠵᠤ᠂ ᠡᠨᠡ ᠵᠢᠯ ᠵᠠᠪᠠᠯ ᠤᠴᠢᠵᠤ ᠵᠤᠯᠭᠠᠬᠤ ᠬᠦᠮᠦᠨ᠂ ᠵᠠᠪᠠᠯ ᠢᠷᠡᠬᠦ ᠬᠦᠮᠦᠨ ᠪᠠ ᠢᠷᠡᠬᠦ ᠪᠤᠯᠤᠮᠵᠢᠲᠠᠢ ᠬᠦᠮᠦᠨ ᠤ ᠲᠤᠬᠠᠢ ᠲᠠᠨᠢᠯᠴᠠᠭᠤᠯᠵᠤ᠂ ᠶᠠᠭᠤᠨ ᠳᠤ ᠵᠠᠪᠠᠯ ᠢᠷᠡᠬᠦ ᠪᠤᠶᠤ ᠤᠴᠢᠵᠤ ᠵᠤᠯᠭᠠᠬᠤ ᠶᠢᠨ ᠤᠴᠢᠷ ᠢ ᠲᠤᠲᠤᠷᠬᠠᠶᠢᠯᠠᠨ ᠵᠢᠭᠠᠵᠤ᠂ ᠢᠷᠡᠵᠦ ᠤᠴᠢᠬᠤ ᠶᠢᠨ ᠪᠡᠯᠡᠳᠬᠡᠯ ᠪᠠ ᠶᠤᠰᠤ ᠵᠠᠩᠰᠢᠯ ᠢ ᠶᠠᠷᠢᠵᠤ ᠦᠭᠭᠦᠨ᠎ᠡ᠃ ᠬᠤᠪᠴᠠᠰᠤ ᠬᠤᠨᠠᠷ ᠡᠰᠭᠡᠵᠤ ᠤᠶᠤᠬᠤ ᠪᠠ ᠬᠡᠷ ᠲᠡᠷᠭᠡ᠂ ᠬᠦᠷᠢᠶ᠎ᠠ ᠬᠠᠰᠢᠶ᠎ᠠ᠂ ᠤᠶᠠᠭ᠎ᠠ ᠵᠠᠯ᠎ᠠ ᠪᠠᠨ ᠴᠡᠪᠡᠷᠯᠡᠵᠤ ᠴᠢᠮᠡᠬᠦ ᠵᠡᠷᠬᠡ ᠠᠵᠢᠯ ᠳᠤ ᠬᠡᠦᠬᠡᠳ ᠢᠶᠠᠨ ᠳᠠᠭᠠᠭᠤᠯᠤᠨ ᠤᠷᠤᠯᠴᠠᠭᠤᠯᠵᠤ ᠶᠤᠰᠤ ᠬᠦᠳᠡᠯᠮᠤᠷᠢ ᠬᠤᠶᠠᠷ ᠢᠶᠠᠷ ᠤᠬᠠᠭᠠᠷᠠᠭᠤᠯᠤᠨ᠎ᠠ᠃ ᠡᠶᠢᠮᠦ ᠠᠶᠢᠯ ᠳᠤ ᠵᠤᠴᠢᠨ ᠪᠠᠭᠤᠬᠤ ᠳᠤ ᠶᠠᠭᠤ ᠪᠦᠬᠦᠨ ᠨᠢ ᠲᠦᠪᠬᠢᠨᠡᠭᠦᠨ ᠲᠠᠭᠠᠯᠠᠮᠵᠢᠲᠠᠢ ᠰᠠᠨᠠᠭᠳᠠᠵᠤ᠂ ᠠᠷᠪᠠ ᠭᠠᠷᠴᠤ ᠪᠠᠶᠢᠭ᠎ᠠ ᠬᠡᠦᠬᠡᠳ ᠨᠢ ᠭᠠᠭᠴᠠᠭᠠᠷ ᠪᠠᠶᠢᠭᠰᠠᠨ ᠴᠤ ᠤᠶᠠᠭᠠᠨ ᠳᠡᠭᠡᠷ᠎ᠡ ᠳᠤᠰᠬᠤ ᠡᠵᠡᠨ ᠲᠠᠢ᠂ ᠤᠤᠭᠤᠭᠠᠳ ᠮᠤᠷᠳᠠᠬᠤ ᠴᠠᠢ ᠲᠠᠢ᠂ ᠶᠤᠰᠤᠨ ᠤ ᠬᠠᠷᠢᠭᠤ ᠵᠦᠢ ᠲᠠᠢ᠂ ᠪᠡᠯᠡᠭ  ᠤᠨ ᠬᠠᠷᠢᠭᠤ ᠬᠠᠳᠠᠭ ᠲᠠᠢ ᠪᠠᠶᠢᠵᠤ ᠤᠳᠤᠮ ᠤᠨ ᠰᠤᠷᠭᠠᠯ ᠭᠠᠵᠢᠬᠤ ᠤᠴᠢᠷ ᠦᠬᠡᠢ᠃      ᠪᠢᠲᠡᠭᠦᠨ ᠤᠶᠢᠷᠠᠳᠬᠤ ᠲᠤᠰᠤᠮ ᠨᠠᠰᠤᠲᠠᠶᠢᠴᠤᠳ᠄ ︽ᠦᠷᠯᠦᠭᠡ ᠡᠷᠲᠡ ᠪᠤᠰᠪᠠᠯ ᠢᠯᠡᠭᠦᠦ ᠨᠢᠭᠡ ᠶᠢ ᠬᠠᠷᠠᠵᠤ᠂ ᠦᠳᠡᠰᠢ ᠤᠷᠤᠢ ᠤᠨᠲᠠᠪᠠᠯ ᠢᠯᠡᠭᠦᠦ ᠨᠢᠭᠡ ᠶᠢ ᠰᠤᠨᠤᠰᠤᠨ᠎ᠠ︾ ᠬᠡᠮᠡᠨ ᠬᠡᠦᠬᠡᠳ ᠢᠶᠠᠨ ᠶᠡᠷᠦ ᠶᠢᠨ ᠦᠶ᠎ᠡ ᠠᠴᠠ ᠡᠷᠲᠡ ᠪᠤᠰᠬᠠᠵᠤ ᠤᠷᠤᠢ ᠤᠨᠲᠠᠭᠤᠯᠤᠨ᠎ᠠ᠃ ᠦᠷᠯᠦᠭᠡ ᠨᠢ ᠬᠤᠷᠤᠭ᠎ᠠ ᠬᠠᠰᠢᠶ᠎ᠠ ᠴᠡᠪᠡᠷᠯᠡᠵᠤ ᠬᠤᠭ ᠬᠦᠯᠳᠡᠭᠦᠰᠦ ᠵᠦᠭᠡᠭᠡᠬᠦ ᠳᠡᠭᠡᠨ ᠬᠡᠦᠬᠡᠳ ᠢᠶᠠᠨ ᠳᠠᠭᠠᠭᠤᠯᠵᠤ ᠱᠦᠭᠦᠷ ᠬᠦᠷᠵᠡ᠂ ᠠᠷᠤᠭ ᠰᠠᠪᠠᠷ ᠲᠤ ᠡᠪᠰᠢᠭᠦᠯᠦᠨ᠂ ᠮᠤᠷᠢ ᠪᠠᠷᠢᠵᠤ᠂ ᠦᠬᠡᠷ ᠤᠰᠤᠯᠠᠬᠤ ᠵᠠᠭᠤᠷ᠎ᠠ ᠲᠡᠭᠷᠢ ᠶᠢᠨ ᠴᠢᠷᠠᠢ ᠰᠢᠨᠵᠢᠵᠤ᠂ ᠴᠠᠭ ᠠᠭᠠᠷ ᠤᠨ ᠪᠠᠶᠢᠳᠠᠯ᠂ ᠮᠠᠯ ᠭᠠᠷᠬᠤ ᠵᠦᠭ ᠤᠨ ᠲᠤᠬᠠᠢ ᠦᠪᠡᠷ ᠤᠨ ᠲᠤᠷᠰᠢᠯᠭ᠎ᠠ ᠪᠠᠨ ᠦᠯᠢᠭᠡᠷ ᠲᠤᠤᠯᠢ ᠰᠢᠭ᠋ ᠶᠠᠷᠢᠨ᠎ᠠ᠃ ᠦᠳᠡᠰᠢ ᠨᠢ ᠤᠶᠤᠳᠠᠯ ᠤᠲᠠᠰᠤ᠂ ᠢᠳᠡᠭᠡᠨ ᠰᠢᠭᠦᠰᠤ ᠶᠢᠨ ᠠᠵᠢᠯ ᠦᠷᠭᠦᠯᠵᠢᠯᠡᠬᠦ ᠳᠤ ᠤᠳᠤᠮ ᠭᠠᠷᠪᠠᠯᠢ᠂ ᠤᠭ ᠨᠤᠲᠤᠭ᠂ ᠨᠠᠭᠦᠳᠡᠯ ᠪᠠᠭᠤᠳᠠᠯ ᠤᠨ ᠢᠶᠠᠨ ᠲᠤᠬᠠᠢ ᠬᠠᠭᠤᠴᠢᠯᠠᠵᠤ᠂ ᠤᠷᠤᠨ ᠨᠤᠲᠤᠭ᠂ ᠤᠪᠤᠭ ᠤᠭᠰᠠᠭ᠎ᠠ ᠪᠠᠨ ᠮᠡᠳᠡᠳᠡᠭ ᠬᠦᠮᠦᠨ ᠪᠤᠯᠬᠤ ᠶᠢ ᠰᠠᠨᠠᠭᠤᠯᠳᠠᠭ᠃ ᠲᠡᠷᠡ ᠪᠦᠬᠦᠨ ᠤ ᠤᠬᠠᠭᠠᠨ ᠤᠯᠪᠠᠭ᠎ᠠ  ᠶᠢ ᠤᠯᠬᠤ ᠠᠷᠠᠢ ᠪᠤᠯᠤᠭ᠎ᠠ ᠦᠭᠡᠢ ᠪᠠᠯᠴᠢᠷ ᠬᠡᠦᠬᠡᠳ ᠲᠤ ᠪᠤᠯ ᠦᠯᠢᠭᠡᠷ ᠶᠠᠷᠢᠵᠤ᠂ ᠤᠨᠢᠰᠤᠭ᠎ᠠ ᠲᠠᠭᠠᠯᠭᠠᠵᠤ᠂ ᠵᠦᠢᠷ ᠰᠡᠴᠡᠨ ᠦᠭᠡ ᠴᠡᠭᠡᠵᠢᠯᠡᠭᠦᠯᠵᠦ᠂ ᠤᠢ ᠪᠢᠯᠢᠭ ᠢ ᠨᠢ ᠨᠡᠭᠡᠭᠡᠳᠡᠭ᠃      ᠭᠠᠯ ᠳᠠᠬᠢᠬᠤ ᠠᠴᠠ ᠡᠬᠢᠯᠡᠨ᠂ ᠪᠢᠲᠡᠭᠦᠯᠡᠬᠦ᠂ ᠰᠢᠨᠡᠯᠡᠬᠦ ᠪᠦᠬᠦ ᠶᠠᠪᠤᠴᠠ ᠳᠤ ᠬᠡᠦᠬᠡᠳ ᠢᠶᠠᠨ ᠤᠷᠤᠯᠴᠠᠭᠤᠯᠤᠨ ᠵᠤᠯᠠ ᠪᠠᠷᠢᠬᠤ᠂ ᠭᠠᠯ ᠳᠠᠬᠢᠬᠤ᠂ ᠲᠡᠭᠷᠢ ᠳᠤ ᠮᠦᠷᠭᠦᠬᠦ᠂ ᠳᠠᠯᠠᠯᠭ᠎ᠠ ᠠᠪᠬᠤ᠂ ᠳᠡᠭᠡᠵᠢ ᠡᠷᠭᠦᠬᠦ᠂ ᠮᠦᠷ ᠭᠠᠷᠭᠠᠬᠤ᠂ ᠬᠤᠪᠴᠠᠰᠤ ᠮᠢᠯᠢᠶᠠᠬᠤ᠂ ᠮᠠᠯ ᠰᠢᠨᠡᠯᠡᠭᠦᠯᠬᠦ ᠵᠡᠷᠭᠡ ᠵᠠᠩ ᠦᠢᠯᠡ ᠶᠢ ᠦᠬᠡ ᠪᠠᠷ ᠲᠠᠶᠢᠯᠠᠵᠤ ᠦᠢᠯᠡ ᠪᠠᠷ ᠲᠠᠨᠢᠭᠤᠯᠤᠨ᠎ᠠ᠃ ᠬᠤᠳᠠ ᠤᠰᠤ ᠪᠠ ᠤᠷᠤᠭ ᠡᠯᠢᠭᠡᠨ ᠤ ᠰᠢᠨᠡᠯᠡᠵᠤ ᠪᠢᠲᠡᠭᠦᠯᠡᠬᠦ ᠶᠠᠪᠤᠯᠴᠠᠭ᠎ᠠ ᠪᠠᠷ ᠳᠠᠮᠵᠢᠭᠤᠯᠤᠨ ᠰᠠᠳᠤᠨ ᠲᠦᠷᠦᠯ ᠢᠶᠠᠨ ᠲᠠᠨᠢᠭᠤᠯᠵᠣ᠂ ᠮᠡᠨᠳᠦᠯᠡᠬᠦ᠂ ᠬᠦᠨᠳᠦᠯᠡᠬᠦ᠂ ᠵᠤᠯᠭᠠᠬᠤ᠂ ᠵᠤᠴᠢᠯᠠᠬᠤ᠂ ᠦᠳᠡᠬᠦ ᠶᠢᠨ ᠨᠠᠷᠢᠨ ᠶᠤᠰᠤ ᠶᠢ ᠮᠡᠳᠡᠭᠦᠯᠦᠭᠰᠡᠨ ᠪᠠᠶᠢᠳᠠᠭ᠃ ᠪᠢᠲᠡᠭᠦᠯᠡᠬᠦ ᠠᠴᠠ ᠡᠮᠦᠨ᠎ᠡ ᠡᠬᠢᠯᠡᠭᠰᠡᠨ ᠢᠶᠠᠨ ᠳᠠᠭᠤᠰᠬᠠᠵᠤ᠂ ᠵᠡᠭᠡᠯᠡᠭᠰᠡᠨ ᠢᠶᠠᠨ ᠪᠤᠴᠠᠭᠠᠵᠤ᠂ ᠦᠩᠭᠡᠷᠡᠭᠰᠡᠨ ᠨᠢᠭᠡ ᠵᠢᠯ ᠢᠶᠠᠨ ᠡᠳ᠋ ᠤᠨ ᠦᠷᠢ ᠦᠭᠡᠢ᠂ ᠰᠡᠳᠬᠢᠯ ᠤᠨ ᠦᠷᠢ ᠦᠭᠡᠢ᠂ ᠦᠷ᠎ᠡ ᠳᠡᠭᠡᠨ ᠶᠠᠷᠢᠬᠤ ᠤᠬᠠᠭᠠᠷᠠᠯ ᠳᠤᠷᠠᠳᠬᠠᠯ  ᠤᠨ ᠦᠯᠢᠭᠡᠷ ᠲᠠᠢ ᠰᠡᠪ ᠦᠭᠡᠢ ᠰᠠᠶᠢᠬᠠᠨ ᠪᠢᠲᠡᠭᠦᠯᠡᠵᠤ ᠲᠠᠯᠪᠢᠨ᠎ᠠ᠃ ᠰᠠᠷ᠎ᠠ ᠰᠢᠨ᠎ᠡ ᠶᠢᠨ ᠴᠠᠭ ᠲᠤ ᠪᠡᠯᠭᠡ ᠦᠭᠡᠢ ᠦᠭᠡ᠂ ᠪᠤᠬᠢᠷ ᠦᠭᠡ ᠶᠠᠷᠢᠬᠤ ᠦᠭᠡᠢ᠂ ᠬᠡᠯᠡ ᠠᠮᠠ ᠲᠠᠲᠠᠬᠤ ᠦᠭᠡᠢ᠂ ᠤᠷᠤᠭᠤ ᠴᠢᠷᠠᠶᠢᠯᠠᠬᠤ ᠶᠢ ᠴᠡᠭᠡᠷᠯᠡᠨ᠂ ᠠᠭᠤᠷ ᠤᠴᠠᠭᠠᠷ ᠢ ᠲᠡᠪᠴᠢᠵᠤ᠂ ᠲᠦᠯᠦᠪ ᠲᠦᠪᠰᠢᠨ᠂ ᠦᠭᠡᠳᠡ ᠪᠠᠶᠠᠰᠤᠩᠭᠤᠢ᠂ ᠦᠯᠵᠡᠢ ᠪᠡᠯᠭᠡ ᠲᠠᠢ ᠪᠠᠶᠢᠬᠤ ᠶᠢ ᠤᠨᠴᠠ ᠬᠢᠴᠢᠶᠡᠳᠡᠭ᠃ ᠬᠡᠦᠬᠡᠳ ᠨᠢ ᠳᠠᠩᠳᠠ ᠯᠠ ᠨᠠᠰᠤᠲᠠᠨ ᠲᠤᠮᠤᠭᠠᠳᠠᠨ ᠤ ᠪᠠᠨ ᠬᠠᠭᠤᠴᠢᠨ ᠤᠨ ᠤ ᠠᠴᠢ ᠪᠤᠶᠠᠨ ᠢ ᠳᠤᠷᠠᠰᠴᠤ᠂ ᠰᠢᠨ᠎ᠡ ᠵᠢᠯ  ᠤᠨ ᠠᠵᠠ ᠬᠡᠶᠢᠮᠤᠷᠢ ᠶᠢ ᠵᠦᠩᠨᠡᠭᠰᠡᠨ ᠰᠠᠶᠢᠨ ᠰᠠᠶᠢᠬᠠᠨ ᠢᠷᠦᠭᠡᠯ ᠰᠤᠷᠭᠠᠯ ᠤᠨ ᠳᠤᠮᠳᠠ ᠤᠷᠮ᠎ᠠ ᠪᠠᠲᠠᠷᠠᠵᠤ ᠤᠬᠠᠭᠠᠨ ᠲᠡᠯᠡᠳᠡᠭ ᠪᠢᠯᠡ᠃      ᠴᠠᠭᠠᠨ ᠰᠠᠷ᠎ᠠ ᠶᠢᠨ ᠬᠤᠭᠤᠴᠠᠭᠠᠨ ᠳᠤ ᠤᠷᠤᠭ ᠰᠠᠳᠤᠨ᠂ ᠡᠯᠢᠭᠡᠨ ᠲᠦᠷᠦᠯ ᠢᠶᠠᠷ ᠢᠶᠠᠨ ᠴᠤᠭᠯᠠᠵᠤ ᠨᠠᠶᠢᠷᠯᠠᠬᠤ  ᠳᠠᠭᠠᠨ ᠴᠤ ᠦᠶ᠎ᠡ ᠨᠠᠰᠤᠨ ᠤ ᠳᠠᠷᠠᠭᠠᠯᠠᠯ ᠢᠶᠠᠷ ᠰᠠᠭᠤᠵᠠᠭᠠᠵᠤ᠂ ᠴᠠᠭᠠᠨ ᠢᠳᠡᠭᠡᠨ ᠠᠴᠠ ᠡᠬᠢᠯᠡᠨ᠂ ᠱᠦᠯᠦ ᠰᠢᠭᠦᠰᠦ ᠬᠦᠷᠲᠡᠯ᠎ᠡ ᠲᠤᠭᠲᠠᠭᠰᠠᠨ ᠵᠢᠷᠤᠮ ᠢᠶᠠᠷ ᠤᠷᠤᠭᠤᠯᠵᠤ᠂ ᠨᠠᠶᠢᠷ ᠲᠡᠭᠦᠰᠬᠦ ᠳᠤ ᠮᠦᠨ ᠴᠠᠭᠠᠨ ᠢᠳᠡᠭᠡ ᠲᠠᠯᠪᠢᠨ ᠴᠠᠢ ᠠᠶᠠᠭᠠᠯᠠᠵᠤ᠂ ᠶᠤᠰᠤ ᠶᠢ ᠬᠦᠨᠳᠦᠯᠡᠬᠦ ᠠᠴᠠ ᠪᠢᠰᠢ ᠠᠷᠢᠬᠢ ᠦᠢᠮᠡᠭᠡᠨ ᠢ ᠴᠢᠬᠤᠯᠠᠴᠢᠯᠠᠬᠤ ᠦᠭᠡᠢ᠃ ᠤᠷᠤᠭᠯᠠᠭ᠎ᠠ ᠦᠭᠡᠢ ᠬᠡᠦᠬᠡᠳ ᠪᠤᠶᠤ ᠰᠢᠨᠡᠬᠡᠨ ᠤᠷᠤᠭᠯᠠᠭᠠᠳ ᠠᠪᠤ ᠡᠵᠢ ᠪᠤᠯᠵᠤ ᠠᠮᠵᠢᠭ᠎ᠠ ᠦᠬᠡᠢ ᠵᠠᠯᠠᠭᠤᠰ ᠢ ᠶᠡᠷᠦ ᠠᠴᠠ ᠨᠠᠶᠢᠷ ᠤᠨ ᠰᠢᠷᠡᠭᠡᠨ  ᠳᠤ ᠰᠠᠭᠤᠯᠭᠠᠳᠠᠭ ᠦᠭᠡᠢ᠂ ᠨᠠᠰᠤ ᠬᠢᠵᠢᠶᠡᠯᠢᠰᠢᠵᠦ ᠦᠷ᠎ᠡ ᠠᠴᠢᠷ ᠲᠠᠢ ᠪᠤᠯᠤᠭᠰᠠᠨ ᠬᠦᠮᠦᠨ ᠨᠠᠰᠤᠲᠠᠶᠢᠴᠤᠳ ᠲᠠᠢ ᠪᠠᠨ ᠨᠢᠭᠡ ᠰᠢᠷᠡᠭᠡᠨ ᠳᠤ ᠰᠠᠭᠤᠬᠤ ᠳᠤᠬᠢᠶᠠᠯᠳᠤᠯ ᠪᠠᠶᠢᠳᠠᠭ ᠴᠤ ᠳᠤᠭᠤᠤᠷ ᠰᠠᠭᠤᠳᠠᠯ ᠳᠤ ᠰᠠᠭᠤᠭᠠᠳ ᠦᠢᠯᠡᠴᠢᠯᠡᠬᠦ ᠪᠠ ᠰᠤᠷᠭᠠᠯ ᠰᠤᠨᠤᠰᠬᠤ ᠪᠠᠷ ᠭᠤᠤᠯ ᠪᠤᠯᠭᠠᠳᠠᠭ᠃ ᠵᠠᠯᠠᠭᠤ ᠪᠠᠭᠠᠴᠤᠳ ᠨᠢ ᠮᠤᠷᠢ ᠤᠨᠤᠭ᠎ᠠ ᠡᠪᠡᠰᠦᠯᠡᠬᠦ᠂ ᠮᠠᠯ ᠬᠤᠲᠠᠯᠠᠬᠤ ᠵᠡᠷᠭᠡ ᠭᠠᠳᠠᠨ᠎ᠠ ᠠᠵᠢᠯ ᠢ ᠡᠭᠦᠷᠭᠡᠯᠡᠬᠦ ᠶᠢᠨ ᠬᠠᠮᠲᠤ ᠴᠠᠢ ᠠᠶᠠᠭᠠᠯᠠᠬᠤ᠂ ᠠᠷᠢᠬᠢ ᠪᠠᠷᠢᠬᠤ᠂ ᠰᠢᠭᠦᠰᠤ ᠳᠡᠪᠰᠢᠭᠦᠯᠬᠦ ᠵᠡᠷᠭᠡ ᠠᠵᠢᠯ ᠢ ᠬᠢᠵᠦ᠂ ᠠᠵᠢᠯ ᠤᠨ ᠳᠤᠮᠳᠠ ᠶᠤᠰᠤ ᠵᠦᠢ ᠶᠢ ᠰᠤᠷᠳᠠᠭ᠃ ᠡᠷᠦᠬᠡ ᠶᠢᠨ ᠡᠵᠡᠨ ᠪᠤᠶᠤ ᠳᠠᠶᠢᠯᠠᠯᠭ᠎ᠠ ᠡᠷᠬᠢᠯᠡᠭᠴᠢ  ᠨᠢ ᠪᠡᠯᠭᠡ ᠲᠠᠢ ᠦᠭᠡ ᠪᠠᠷ ᠨᠠᠶᠢᠷ ᠡᠬᠢᠯᠡᠭᠦᠯᠵᠦ᠂ ᠤᠯᠠᠨ ᠢᠶᠠᠷ ᠢᠶᠠᠨ ᠠᠵᠤ ᠠᠮᠢᠳᠤᠷᠠᠯ᠂ ᠦᠷ᠎ᠡ ᠬᠡᠦᠬᠡᠳ᠂ ᠮᠠᠯ ᠰᠦᠷᠦᠭ᠂ ᠤᠰᠤ ᠪᠡᠯᠴᠢᠭᠡᠷ ᠤᠨ ᠢᠶᠠᠨ ᠲᠤᠬᠠᠢ ᠵᠤᠭᠤᠭ ᠳᠡᠯᠭᠡᠨ᠎ᠡ᠃ ᠵᠠᠷᠢᠮ ᠳᠠᠭᠠᠨ ᠳᠠᠭᠤᠤ ᠬᠤᠭᠤᠷ ᠡᠭᠦᠰᠬᠡᠵᠦ ᠨᠢᠵᠢᠭᠡᠷ ᠶᠡᠭᠡ ᠨᠠᠶᠢᠷ ᠪᠤᠯᠳᠠᠭ ᠴᠤ᠂ ᠠᠷᠢᠬᠢᠨ ᠤ ᠳᠠᠭᠠᠭᠠᠴᠠ ᠪᠠᠨ ᠠᠳᠠᠯᠢᠳᠬᠠᠬᠤ ᠮᠡᠲᠤ ᠤᠤᠭᠤᠵᠤ᠂ ᠬᠤᠭᠤᠯᠠᠢ ᠶᠢᠨ ᠲᠡᠩᠬᠡ ᠪᠠᠨ ᠰᠢᠯᠭᠠᠬᠤ ᠮᠡᠲᠤ ᠪᠠᠷᠬᠢᠷᠠᠳᠠᠭ ᠦᠭᠡᠢ᠃ ᠨᠠᠰᠤ ᠦᠨᠳᠦᠷ᠂ ᠦᠶ᠎ᠡ ᠳᠡᠭᠡᠷ᠎ᠡ ᠨᠢᠭᠡ ᠨᠢ ᠨᠠᠶᠢᠷ ᠤᠨ ᠳᠤᠬᠢᠶᠠᠯ ᠢ ᠠᠰᠢᠭᠯᠠᠵᠤ ᠰᠠᠳᠤᠨ ᠳᠦᠷᠦᠯ ᠳᠤᠮᠳᠠᠬᠢ ᠵᠠᠷᠢᠮ ᠠᠩᠬᠠᠷᠴᠤ ᠬᠢᠴᠢᠶᠡᠭᠦᠰᠢᠲᠡᠢ ᠵᠦᠢᠯ ᠶᠢ ᠦᠭᠡ ᠶᠢᠨ ᠵᠠᠪᠰᠠᠷ ᠲᠤ ᠤᠷᠠᠨ ᠢᠶᠠᠷ ᠳᠤᠬᠢᠭᠠᠳ ᠠᠪᠬᠤ ᠳᠤ ᠯᠡ ᠤᠯᠠᠨ ᠤ ᠰᠡᠳᠬᠢᠯ ᠳᠤ ᠨᠠᠰᠤᠳᠠᠨ ᠤ ᠰᠤᠷᠭᠠᠯ ᠭᠢᠯᠠᠰᠴᠤ᠂ ᠪᠡᠶ᠎ᠡ ᠪᠠᠨ ᠵᠠᠰᠠᠵᠤ ᠶᠠᠪᠤᠬᠤ ᠶᠢᠨ ᠲᠤᠯᠢ ᠪᠤᠯᠳᠠᠭ᠃ ᠬᠠᠶᠠ ᠨᠢᠭᠡ ᠨᠢ ᠰᠠᠷᠬᠤᠳ ᠲᠤ ᠬᠠᠯᠠᠰᠴᠤ ᠰᠠᠨᠠᠭ᠎ᠠ ᠬᠦᠭᠰᠡᠭᠰᠡᠨ ᠬᠠᠷᠠᠭᠳᠠᠳᠠᠭ ᠴᠤ ᠠᠬᠠᠮᠠᠳ ᠨᠢᠭᠡ ᠨᠢ ᠦᠭᠡ ᠪᠠᠷ ᠳᠤᠬᠢᠬᠤ ᠪᠤᠶᠤ ᠬᠤᠭᠤᠯᠠᠢ ᠵᠠᠰᠠᠭᠠᠳ ᠠᠪᠬᠤ ᠳᠤ ᠯᠡ ᠪᠡᠶ᠎ᠡ ᠪᠠᠨ ᠪᠠᠷᠢᠵᠤ ᠰᠠᠭᠤᠳᠠᠯ ᠢᠶᠠᠨ ᠵᠠᠰᠠᠨ ᠲᠦᠯᠦᠪ ᠲᠦᠪᠰᠢᠨ ᠪᠠᠶᠢᠳᠠᠯ ᠳᠤ ᠤᠷᠤᠳᠠᠭ᠃ ᠨᠠᠶᠢᠷ ᠤᠨ ᠶᠠᠪᠤᠴᠠ ᠳᠤ ᠦᠰᠪᠦᠷᠢ ᠬᠡᠦᠬᠡᠳ ᠢ ᠤᠷᠤᠭᠤᠯᠵᠤ ᠨᠠᠶᠢᠷ ᠲᠤ ᠰᠠᠭᠤᠭ᠎ᠠ ᠨᠠᠰᠤᠲᠠᠶᠢᠴᠤᠳ ᠤᠨ ᠦᠶ᠎ᠡ ᠳᠠᠭᠤᠳᠠᠯᠭ᠎ᠠ ᠶᠢ ᠲᠠᠨᠢᠭᠤᠯᠤᠨ ᠠᠷᠢᠬᠢ ᠪᠠᠷᠢᠭᠤᠯᠬᠤ ᠳᠤ ᠤᠯᠠᠨ ᠢᠶᠠᠷ ᠢᠶᠠᠨ ᠬᠡᠦᠬᠡᠳ ᠤᠨ ᠵᠢᠰᠦᠯᠢᠭ᠂ ᠰᠡᠷᠭᠦᠯᠡᠩ᠂ ᠬᠢᠷᠠᠬᠠᠢ᠂ ᠴᠤᠪᠤᠭᠤ ᠶᠢ ᠮᠠᠭᠲᠠᠵᠤ ᠰᠠᠶᠢᠨ ᠰᠠᠶᠢᠬᠠᠨ ᠢ ᠨᠢ ᠢᠷᠦᠭᠡᠳᠡᠭ᠃ ᠨᠠᠶᠢᠷ ᠤᠨ ᠰᠢᠷᠡᠭᠡᠨ  ᠳᠤ ᠨᠠᠷᠬᠢᠶᠠᠨ ᠬᠦᠭᠵᠢᠶᠠᠨ ᠲᠠᠢ ᠪᠠᠶᠢᠭᠰᠠᠨ ᠴᠤ ᠬᠡᠦᠬᠡᠳ ᠤᠷᠤᠭᠠᠳ ᠢᠷᠡᠬᠦ ᠳᠤ ᠯᠡ ᠨᠠᠮ ᠪᠤᠯᠵᠤ᠂ ᠨᠠᠰᠤ ᠨᠠᠮᠪᠠ ᠬᠤᠶᠠᠷ  ᠨᠢ ᠶᠠᠭ ᠲᠡᠩᠴᠡᠭᠰᠡᠨ ᠰᠠᠶᠢᠬᠠᠨ ᠰᠠᠶᠢᠬᠠᠨ ᠲᠤᠮᠤᠭᠠᠲᠠᠳ ᠰᠠᠭᠤᠵᠤ ᠯᠡ ᠪᠠᠶᠢᠳᠠᠭ᠃ ᠴᠤᠬᠤᠮ ᠬᠦᠮᠦᠨ ᠪᠤᠯᠵᠤ ᠠᠮᠢᠳᠤᠷᠠᠬᠤ ᠶᠢᠨ ᠮᠡᠷᠭᠡᠨ ᠵᠠᠮᠴᠢ ᠬᠦᠮᠦᠰ ᠳ᠋ᠠ︕      ᠠᠶᠢᠯ ᠠᠮᠢᠳᠤᠷᠠᠯ ᠤᠨ ᠪᠠᠶᠢᠳᠠᠯ ᠤᠨᠳᠤᠤ᠂ ᠪᠠᠶᠠᠨ ᠶᠠᠳᠠᠭᠤ ᠶᠢᠨ ᠵᠦᠷᠢᠶ᠎ᠡ ᠪᠠᠶᠢᠳᠠᠭ ᠴᠤ ᠪᠢᠲᠡᠭᠦᠯᠡᠵᠦ ᠰᠢᠨᠡᠯᠡᠬᠦ ᠵᠠᠩᠰᠢᠯ ᠨᠢ ᠦᠨᠳᠦᠰᠦᠨ ᠳᠡᠭᠡᠨ ᠠᠳᠠᠯᠢ ᠪᠠᠶᠢᠵᠤ ᠦᠶ᠎ᠡ ᠨᠠᠰᠤ ᠬᠤᠶᠠᠷ ᠢ ᠬᠦᠨᠳᠦᠯᠡᠵᠦ᠂ ᠬᠦᠳᠡᠯᠮᠤᠷᠢ ᠵᠢᠷᠤᠮ ᠬᠤᠶᠠᠷ ᠢ ᠳᠡᠭᠡᠳᠦᠯᠡᠵᠦ ᠪᠠᠶᠢᠳᠠᠭ᠃ ᠠᠶᠢᠯ ᠰᠠᠭᠠᠬᠠᠯᠲᠠ ᠳᠤᠨᠢ ᠡᠪᠡᠳᠴᠢᠨ ᠬᠠᠭᠤᠴᠢᠨ ᠲᠠᠢ ᠬᠦᠮᠦᠨ ᠪᠤᠶᠤ ᠭᠤᠨᠢ ᠪᠡᠶ᠎ᠡ ᠨᠠᠰᠤᠳᠠᠨ  ᠲᠠᠢ ᠪᠤᠯ ᠪᠢᠲᠡᠭᠦᠨ ᠠᠴᠠ ᠤᠷᠢᠳᠠᠭᠤᠷᠬᠠᠨ ᠭᠡᠷ ᠲᠡᠷᠬᠡ ᠶᠢ ᠨᠢ ᠬᠠᠪᠰᠤᠷᠤᠨ ᠴᠡᠪᠡᠷᠯᠡᠵᠤ ᠠᠷᠭᠠᠯ ᠲᠦᠯᠡᠰᠢ ᠶᠢ ᠨᠢ ᠤᠶᠢᠷᠠᠲᠤᠭᠤᠯᠵᠤ᠂ ᠬᠤᠭᠰᠢᠯ ᠨᠢᠮᠭᠡᠨ ᠨᠢᠭᠡ ᠳᠤᠨᠢ ᠫᠢᠯᠠᠨ ᠤ ᠬᠤᠷᠤᠳ᠂ ᠱᠦᠯᠦᠨ ᠤ ᠮᠢᠬ᠎ᠠ ᠬᠦᠷᠭᠡᠵᠤ ᠦᠭᠳᠡᠭ᠃ ᠲᠤᠰᠬᠠᠢ ᠮᠠᠯ ᠤᠨ ᠬᠦᠮᠦᠨ ᠲᠠᠢ ᠠᠶᠢᠯ ᠪᠤᠯ ᠪᠢᠲᠡᠭᠦᠯᠡᠵᠦ ᠰᠢᠨᠡᠯᠡᠬᠦ ᠳᠡᠭᠡᠨ ᠮᠠᠯ ᠤᠨ ᠬᠦᠮᠦᠨ ᠢᠶᠠᠨ ᠵᠤᠴᠢᠯᠠᠨ ᠬᠦᠨᠳᠦᠯᠡᠵᠦ᠂ ︽ᠰᠢᠨ᠎ᠡ︾ ᠬᠠᠭᠤᠴᠢᠷᠠᠬᠤ ᠠᠴᠠ ᠡᠮᠦᠨ᠎ᠡ ᠵᠠᠪᠠᠯ ᠬᠤᠶᠠᠷ ᠡᠳᠦᠷ ᠠᠮᠠᠷᠠᠭᠤᠯᠵᠤ ᠭᠡᠷ ᠤᠨ ᠡᠵᠡᠨ ᠦᠪᠡᠷ ᠢᠶᠠᠨ ᠪᠤᠶᠤ ᠭᠤᠤᠯ ᠬᠦᠳᠡᠯᠮᠤᠷᠢ ᠬᠦᠴᠦᠨ ᠪᠤᠯᠬᠤ ᠨᠢᠭᠡ ᠨᠢ ᠦᠰᠴᠦ ᠪᠤᠢ ᠬᠡᠦᠬᠡᠳ ᠳᠡᠭᠦᠦᠨᠡᠷ ᠢᠶᠠᠨ ᠳᠠᠭᠠᠭᠤᠯᠵᠤ ᠮᠠᠯ ᠳᠤ ᠶᠠᠪᠤᠨ᠎ᠠ᠃ ᠬᠡᠨ ᠨᠢᠭᠡ ᠨᠢ ᠦᠪᠡᠷ ᠤᠨ ᠪᠤᠶᠤ ᠪᠤᠰᠤᠳ ᠤᠨ ᠮᠠᠯ ᠢ ᠬᠠᠷᠢᠭᠤᠯᠳᠠᠭ ᠪᠤᠯ ᠮᠦᠨ ᠰᠢᠨ᠎ᠡ ᠬᠠᠭᠤᠴᠢᠷᠠᠬᠤ ᠠᠴᠠ ᠡᠮᠦᠨ᠎ᠡ ᠠᠬ᠎ᠠ ᠳᠡᠬᠦᠦ ᠨᠢ ᠪᠤᠶᠤ ᠬᠡᠦᠬᠡᠳ ᠨᠢ ᠤᠷᠤᠨ ᠳᠤᠨᠢ ᠮᠠᠯ ᠳᠤ ᠶᠠᠪᠤᠵᠤ ᠬᠤᠨᠢᠴᠢᠨ ᠦᠬᠡᠷᠴᠢᠨ ᠢᠶᠠᠨ ᠠᠮᠠᠷᠠᠭᠤᠯᠤᠨ᠎ᠠ᠃ ᠬᠤᠨᠢᠴᠢᠨ ᠦᠬᠡᠷᠴᠢᠨ ᠵᠡᠷᠭᠡ ᠠᠵᠢᠯ ᠤᠨ ᠬᠦᠮᠦᠰ ᠨᠢ ᠭᠡᠷ ᠤᠨ ᠬᠦᠮᠦᠨ ᠪᠤᠶᠤ ᠡᠵᠡᠨ ᠠᠶᠢᠯ ᠤᠨ ᠢᠶᠠᠨ ᠬᠠᠯᠠᠮᠵᠢ ᠪᠠᠷ ᠬᠡᠳᠦᠨ ᠡᠳᠦᠷ ᠬᠦᠯ ᠠᠮᠠᠷᠠᠨ ᠴᠠᠭᠠᠨ ᠰᠠᠷ᠎ᠠ ᠶᠢᠨ ᠬᠦᠷ ᠪᠠᠶᠠᠷ ᠢ ᠪᠤᠰᠤᠳ ᠲᠠᠢ ᠠᠳᠠᠯᠢᠬᠠᠨ ᠬᠦᠷᠳᠡᠳᠡᠭ᠃ ᠬᠡᠦᠬᠡᠳ ᠳᠡᠭᠦᠦ ᠨᠡᠷ ᠢᠶᠠᠨ ᠳᠠᠭᠠᠭᠤᠯᠤᠨ ᠬᠤᠨᠢ ᠮᠠᠯ ᠬᠠᠷᠢᠭᠤᠯᠵᠦ ᠶᠠᠪᠤᠬᠤ ᠳᠠᠭᠠᠨ ᠤᠪᠤᠭ᠎ᠠ ᠪᠤᠯᠠᠭ᠂ ᠤᠰᠤ ᠪᠡᠯᠴᠢᠭᠡᠷ᠂ ᠤᠯᠠᠭ᠎ᠠ ᠵᠠᠮ ᠢᠶᠠᠨ ᠲᠠᠨᠢᠭᠤᠯᠵᠤ᠂ ᠲᠡᠭᠷᠢ ᠶᠢᠨ ᠪᠠᠶᠢᠳᠠᠯ᠂ ᠮᠠᠯ ᠤᠨ ᠠᠷᠠᠨᠰᠢ ᠳᠤ ᠬᠦᠷᠲᠠᠯ᠎ᠠ ᠶᠠᠷᠢᠵᠤ ᠶᠠᠪᠤᠳᠠᠭ ᠲᠡᠶᠢᠮᠦ ᠬᠤᠯᠠ ᠶᠢᠨ ᠤᠬᠠᠭᠠᠨ ᠲᠠᠢ ᠵᠢᠷ ᠤᠨ ᠮᠠᠯᠴᠢᠨ ᠮᠠᠨᠠᠶᠢᠬᠢᠨ ᠳᠤ ᠵᠦᠩᠳᠡᠭᠡᠨ ᠯᠡ ᠪᠠᠶᠢᠭᠰᠠᠨ ᠳ᠋ᠠ᠃ ᠲᠡᠶᠢᠨᠬᠦ ᠰᠠᠷ᠎ᠠ ᠰᠢᠨ᠎ᠡ ᠶᠢᠨ ᠴᠠᠭ  ᠢᠶᠠᠷ ᠡᠴᠢᠭᠡ ᠪᠠᠨ ᠳᠠᠭᠠᠵᠤ ᠪᠤᠰᠤᠳ ᠤᠨ ᠤᠷᠤᠨ ᠳᠤ ᠮᠠᠯ ᠳᠤ ᠶᠠᠪᠤᠭᠰᠠᠨ ᠬᠡᠦᠬᠡᠳ᠂ ᠡᠰᠡᠪᠡᠯ ᠡᠴᠢᠭᠡ᠂ ᠠᠬ᠎ᠠ ᠪᠠᠨ ᠤᠷᠤᠯᠠᠨ ᠬᠡᠭᠡᠷ᠎ᠡ ᠶᠢᠨ ᠵᠢᠪᠠᠷ ᠲᠤ ᠮᠠᠯ ᠲᠠᠭᠤᠭᠰᠠᠨ ᠬᠡᠦᠬᠡᠳ ᠰᠠᠶ᠋ᠢ ᠬᠦᠳᠡᠯᠮᠤᠷᠢ ᠶᠢ ᠡᠷᠬᠢᠮᠯᠡᠳᠡᠭ ᠰᠠᠶᠢᠬᠠᠨ ᠰᠤᠷᠲᠠᠯ ᠂ ᠪᠤᠰᠤᠳ ᠢ ᠬᠠᠯᠠᠮᠵᠢᠯᠠᠳᠠᠭ ᠠᠷᠢᠭᠤᠨ ᠰᠡᠳᠬᠢᠯ᠂ ᠠᠮᠢᠳᠤᠷᠠᠯ ᠢ ᠨᠠᠨᠳᠢᠩᠨᠠᠳᠠᠭ ᠮᠡᠷᠭᠡᠨ ᠤᠬᠠᠭᠠᠨ ᠲᠠᠢ ᠬᠦᠮᠦᠨ ᠪᠤᠯᠵᠤ ᠦᠰᠳᠡᠭ ᠠᠵᠠᠢ᠃      ᠰᠢᠨ᠎ᠡ ᠶᠢᠨ ᠴᠠᠭ ᠲᠤ ︽ᠰᠢᠪᠠᠭᠠᠰᠤ ᠲᠠᠢ ᠠᠷᠭᠠᠯ ᠳᠡᠭᠡᠷ᠎ᠡ ᠴᠤ ᠪᠠᠭᠤᠵᠤ᠂ ᠱᠠᠯᠳᠠᠩ ᠬᠦᠮᠦᠨ ᠲᠠᠢ ᠴᠤ ᠵᠤᠯᠭᠠᠨ᠎ᠠ︾ ᠭᠡᠵᠦ ᠬᠡᠯᠡᠳᠡᠭ ᠪᠤᠯᠪᠠᠴᠤ ᠴᠠᠭ᠎ᠠ ᠭᠠᠰᠢᠭᠤ ᠲᠠᠢ ᠠᠶᠢᠯ ᠳᠤ ᠬᠦᠷᠴᠦ ᠪᠢᠲᠡᠭᠦᠯᠡᠵᠦ ᠰᠢᠨᠡᠯᠡᠳᠡᠭ ᠦᠭᠡᠢ᠂ ᠬᠠᠷᠢᠨ ᠨᠠᠰᠤ ᠲᠤᠮᠤᠭ᠎ᠠ ᠲᠠᠢ ᠬᠦᠮᠦᠰ ᠨᠢ ᠪᠢᠲᠡᠭᠦᠨ ᠠᠴᠠ ᠤᠷᠢᠳᠠᠭᠤᠷᠬᠠᠨ ᠪᠤᠶᠤ ᠰᠢᠨ᠎ᠡ ᠶᠢᠨ ᠨᠢᠭᠡᠨ ᠬᠤᠶᠠᠷ ᠠᠴᠠ ᠬᠤᠶᠢᠰᠢ ᠴᠭ᠎ᠠ ᠭᠠᠰᠢᠭᠤ ᠲᠠᠢ ᠠᠶᠢᠯ ᠳᠤ ᠬᠦᠷᠴᠤ ᠪᠤᠯᠭᠤᠭᠠᠨ ᠲᠤᠬᠢᠨᠠᠭᠤᠯᠳᠠᠭ᠃ ᠬᠡᠴᠢᠨᠡᠨ ᠪᠠᠶᠠᠷ ᠭᠦᠷ ᠲᠠᠢ ᠪᠠᠶᠢᠭᠰᠠᠨ ᠴᠤ ᠴᠠᠭ᠎ᠠ ᠲᠠᠢ ᠰᠢᠨᠡᠯᠡᠬᠦ ᠬᠦᠮᠦᠨ ᠤ ᠳᠡᠷᠭᠡᠳᠡ ᠳᠦᠯᠬᠡᠨ ᠳᠠᠷᠤᠤ ᠪᠠᠶᠢᠵᠤ᠂ ᠪᠤᠰᠤᠳ ᠤᠨ ᠤᠢ ᠭᠠᠰᠢᠭᠤ ᠶᠢ ᠬᠦᠨᠳᠡᠵᠦ ᠰᠡᠳᠬᠢᠯ ᠢ ᠨᠢ ᠡᠮᠵᠢᠭᠯᠡᠭᠦᠯᠬᠦ ᠠᠴᠠ ᠪᠤᠯᠭᠤᠮᠵᠢᠯᠠᠳᠠᠭ᠃ ᠬᠡᠦᠬᠡᠳ ᠪᠠᠭᠠᠴᠤᠤᠯ ᠳᠠᠭᠠᠨ ᠴᠠᠭ᠎ᠠ ᠴᠡᠭᠡᠷ ᠤᠨ ᠤᠴᠢᠷ ᠢ ᠲᠠᠨᠢᠭᠤᠯᠵᠤ᠂ ᠮᠡᠳᠡᠭᠡ ᠦᠭᠡᠢ ᠪᠠᠷ ᠪᠤᠰᠤᠳ ᠲᠤ ᠶᠤᠰᠤ ᠠᠯᠳᠠᠬᠤ ᠠᠴᠠ ᠰᠡᠷᠭᠡᠶᠢᠯᠡᠳᠡᠭ ᠃ ᠴᠠᠭ᠎ᠠ ᠴᠡᠭᠡᠷ ᠲᠠᠢ ᠠᠶᠢᠯ ᠤᠨ ᠬᠦᠮᠦᠰ ᠨᠢ ᠪᠤᠷᠬᠠᠨ ᠲᠡᠭᠷᠢ ᠪᠠ ᠲᠠᠯᠠᠶᠢᠭᠠᠴᠢ ᠳᠠᠭᠠᠨ ᠬᠦᠵᠢ ᠵᠤᠯᠠ ᠪᠠᠷᠢᠵᠤ᠂ ᠢᠳᠡᠭᠡᠨ ᠤ ᠳᠡᠭᠡᠵᠢ ᠡᠷᠭᠦᠳᠡᠭ ᠴᠤ ᠪᠤᠰᠤᠳ ᠤᠨ ᠠᠮᠤᠷ ᠢ ᠡᠷᠢᠨ ᠵᠤᠯᠭᠠᠬᠤ ᠦᠭᠡᠢ᠂ ᠨᠠᠶᠢᠷ ᠬᠦᠭᠵᠢᠶᠡᠨ ᠳᠤ ᠤᠷᠤᠯᠴᠠᠬᠤ ᠦᠭᠡᠢ ᠪᠠᠶᠢᠵᠤ ᠶᠤᠰᠤ ᠴᠡᠭᠡᠷ  ᠢᠶᠠᠨ ᠴᠢᠩᠭ᠎ᠠ ᠰᠠᠬᠢᠳᠠᠭ᠃      ᠴᠠᠭᠠᠨ ᠰᠠᠷ᠎ᠠ ᠶᠢᠨ ᠬᠤᠭᠤᠴᠠᠭᠠᠨ ᠳᠤ ᠶᠠᠳᠠᠷ ᠳᠤᠷᠤᠢ ᠮᠠᠯ ᠪᠠ ᠲᠦᠯ ᠰᠠᠶᠢᠲᠠᠢ ᠡᠴᠢᠬᠡ ᠡᠬᠡ ᠮᠠᠯ ᠢ ᠶᠡᠷᠦ ᠶᠢᠨ ᠴᠠᠭ ᠠᠴᠠ ᠢᠯᠡᠭᠦᠦ ᠬᠠᠷᠠᠭᠠᠯᠵᠠᠵᠤ᠂ ᠲᠠᠷᠬᠠᠯᠠᠭᠰᠠᠨ᠂ ᠰᠡᠲᠡᠷᠯᠡᠭᠰᠡᠨ ᠮᠠᠯ ᠢ ᠬᠦᠮᠦᠨ ᠤ ᠦᠪᠡᠷ ᠤᠨ ᠢᠯᠭᠠᠯ ᠦᠭᠡᠢ ᠬᠠᠮᠢᠭ᠎ᠠ ᠪᠤᠯᠪᠠᠴᠤ ᠮᠠᠭᠲᠠᠵᠤ ᠢᠷᠦᠭᠡᠵᠦ ᠯᠡ ᠪᠠᠶᠢᠳᠠᠭ᠃ ᠤᠯᠠᠩᠬᠢ ᠠᠶᠢᠯ ᠴᠠᠭᠠᠨ ᠰᠠᠷ᠎ᠠ ᠶᠢᠨ ᠠᠷᠪᠠᠨ ᠲᠠᠪᠤᠨ ᠳᠤ ᠪᠤᠶᠤ ᠠᠷᠪᠠᠨ ᠲᠠᠪᠤᠨ ᠤ ᠡᠮᠦᠨ᠎ᠡ ᠬᠤᠶᠢᠨᠠᠬᠢ ᠡᠳᠦᠷ ᠠᠴᠠ ᠰᠤᠩᠭᠤᠵᠤ ᠮᠠᠯ ᠢᠶᠠᠨ ᠰᠢᠨᠡᠯᠡᠭᠦᠯᠦᠨ᠎ᠡ᠃ ᠮᠠᠯ ᠰᠢᠨᠡᠯᠡᠭᠦᠯᠬᠦ ᠡᠳᠦᠷ ᠪᠤᠯ ᠬᠡᠦᠬᠡᠳ ᠪᠠᠭᠠᠴᠤᠤᠯ ᠤᠨ ᠪᠠᠶᠠᠷ ᠲᠠᠢ ᠪᠦᠭᠡᠳ ᠬᠦᠷᠲᠡᠭᠡᠯ ᠲᠠᠢ ᠨᠢᠭᠡᠨ ᠡᠳᠦᠷ ᠪᠤᠯᠤᠨ᠎ᠠ᠃ ᠲᠡᠳᠡ ᠠᠬᠠᠮᠠᠳ ᠢᠶᠠᠨ ᠳᠠᠭᠠᠵᠤ ᠮᠤᠷᠢᠨ ᠤᠶᠠᠭ᠎ᠠ᠂ ᠬᠤᠳᠳᠤᠭ ᠤᠰᠤ᠂ ᠬᠠᠰᠢᠶ᠎ᠠ ᠰᠠᠷᠠᠪᠴᠢ ᠵᠡᠷᠭᠡ ᠮᠠᠯ ᠤᠨ ᠠᠮᠢᠳᠤᠷᠠᠯ ᠤᠨ ᠤᠷᠴᠢᠨ ᠢ ᠴᠡᠪᠡᠷᠯᠡᠬᠦ ᠠᠵᠢᠯ ᠳᠤ ᠬᠠᠮᠵᠢᠯᠴᠠᠨ᠎ᠠ᠃ ᠠᠳᠤᠭᠤᠨ ᠲᠠᠮᠠᠭ᠎ᠠ᠂ ᠲᠦᠯ ᠤᠨ ᠤᠭᠤᠲᠠ ᠵᠡᠷᠭᠡ ᠮᠠᠯᠵᠢᠯ ᠤᠨ ᠴᠢᠬᠤᠯᠠ ᠬᠡᠷᠡᠭᠰᠡᠯ ᠢ ᠪᠡᠯᠭᠡᠰᠢᠶᠡᠨ ᠮᠢᠯᠢᠶᠠᠬᠤ᠂ ᠬᠤᠳᠳᠤᠭ ᠤᠰᠤᠨ ᠳᠡᠭᠡᠷ᠎ᠡ ᠬᠡᠰᠢᠭ ᠬᠤᠷᠦ᠋ᠢᠯᠠᠬᠤ ᠵᠢᠴᠢ ᠮᠠᠯ ᠤᠨ ᠴᠤᠪᠤᠭ᠎ᠠ ᠪᠠ ᠬᠤᠷᠤᠭ᠎ᠠ ᠬᠡᠪᠲᠡᠷᠢ ᠶᠢᠨ ᠡᠭᠦᠳᠡᠨ ᠳᠤ ᠠᠬᠢ ᠭᠠᠩᠭ᠎ᠠ ᠠᠷᠴᠠ ᠦᠨᠦᠷᠲᠡᠨ ᠢ ᠡᠭᠦᠰᠬᠡᠨ ᠰᠦᠷᠦᠭ ᠢᠶᠠᠨ ᠠᠷᠢᠭᠤᠯᠠᠬᠤ ᠶᠢ ᠬᠠᠷᠠᠵᠤ ᠡᠴᠢᠨ᠎ᠡ ᠭᠦᠨ ᠤᠴᠢᠷ ᠤᠳᠬ᠎ᠠ ᠶᠢ ᠨᠢ ᠭᠠᠶᠢᠬᠠᠨ ᠠᠰᠠᠭᠤᠵᠠᠭᠠᠨ᠎ᠠ᠃ ᠪᠡᠯᠴᠢᠭᠡᠷ ᠲᠤ ᠭᠠᠷᠤᠭ᠎ᠠ ᠦᠭᠡᠢ ᠲᠡᠵᠢᠭᠡᠪᠦᠷᠢ ᠪᠠ ᠡᠷᠲᠡ ᠶᠢᠨ ᠲᠦᠯ ᠢ ᠡᠩ ᠤᠨ ᠡᠳᠦᠷ ᠠᠴᠠ ᠢᠯᠡᠭᠦᠦ ᠬᠠᠷᠠᠭᠠᠯᠵᠠᠬᠤ ᠡᠭᠦᠷᠭᠡ ᠬᠦᠯᠢᠶᠡᠵᠦ ᠬᠤᠷᠠᠭ᠎ᠠ ᠤᠭᠵᠢᠵᠦ᠂ ᠲᠡᠵᠢᠭᠡᠪᠦᠷᠢ ᠤᠰᠤᠯᠠᠨ᠎ᠠ᠃ ᠨᠠᠰᠤᠲᠠᠨ ᠲᠤᠮᠤᠭᠠᠳᠠᠨ ᠨᠢ ᠰᠦᠷᠦᠭ ᠤᠨ ᠲᠦᠷᠦᠭᠦᠦ ᠪᠠ ᠭᠠᠪᠢᠶᠠᠲᠤ ᠮᠠᠯ ᠢᠶᠠᠨ ᠮᠢᠯᠢᠶᠡᠨ ᠮᠠᠯ ᠰᠦᠷᠦᠭ ᠤᠨ ᠢᠶᠠᠨ ᠦᠨᠢᠷ ᠦᠰᠴᠤ ᠠᠶᠢᠯ ᠠᠮᠢᠳᠤᠷᠠᠯ ᠤᠨ ᠢᠶᠠᠨ ᠦᠭᠡᠳᠡ ᠬᠡᠶᠢᠮᠤᠷᠢ ᠲᠠᠢ ᠪᠠᠶᠢᠬᠤ ᠶᠢ ᠢᠷᠦᠬᠡᠨ ᠵᠦᠩᠨᠠᠵᠡᠭᠡᠬᠦ ᠳᠤ ᠪᠠᠯᠴᠢᠷ ᠪᠠᠭᠠᠴᠤᠤᠯ ᠨᠢ ︽ᠰᠢᠨ᠎ᠡ ᠶᠢᠨ ᠨᠢᠭᠡᠨ ᠰᠢᠷᠡᠭᠡᠨ ᠳᠡᠭᠡᠷ᠎ᠡ᠂ ᠱᠢᠷᠦᠮᠡᠨ ᠱᠠᠬᠤᠤ ᠴᠤᠭ ᠳᠡᠭᠡᠷ᠎ᠡ᠂ ᠬᠤᠷᠤᠢ ᠬᠤᠷᠤᠢ ᠬᠤᠳᠳᠤᠭ ᠳᠡᠭᠡᠷ᠎ᠡ᠂ ᠬᠤᠷᠠᠭᠠᠨ ᠮᠠᠯᠠᠭᠠᠢ ᠲᠤᠬᠤᠨ ᠳᠡᠭᠡᠷ᠎ᠡ︾ ᠭᠡᠵᠤ ᠠᠮᠠᠨ ᠨᠠᠶᠢᠷᠠᠭ ᠤᠩᠰᠢᠨ ᠬᠦᠭᠡᠷᠦᠯᠳᠡᠵᠦ᠂ ᠬᠦᠳᠡᠯᠮᠤᠷᠢ ᠶᠢᠨ ᠳᠤᠮᠳᠠ ᠠᠴᠠ ᠬᠦᠳᠡᠯᠮᠤᠷᠢ ᠶᠢ᠂ ᠠᠮᠢᠳᠤᠷᠠᠯ ᠤᠨ ᠳᠤᠮᠳᠠ ᠠᠴᠠ ᠠᠮᠢᠳᠤᠷᠠᠯ  ᠢ ᠰᠤᠷᠤᠨ᠎ᠠ᠃ ᠡᠶᠢᠨᠬᠦ ᠠᠮᠢ ᠠᠮᠢᠳᠤᠷᠠᠯ ᠤᠨ ᠢᠷᠡᠯᠲᠡ ᠪᠤᠯᠤᠭᠰᠠᠨ ᠮᠠᠯ ᠰᠦᠷᠦᠭ ᠲᠡᠭᠡᠨ ᠡᠭᠡᠯᠢᠲᠡᠢ᠂ ᠮᠠᠯᠴᠢᠨ ᠠᠮᠢᠳᠤᠷᠠᠯ  ᠳᠠᠭᠠᠨ ᠬᠠᠶᠢᠷᠠᠲᠠᠢ᠂ ᠮᠠᠯᠵᠢᠯ ᠤᠨ ᠰᠤᠶᠤᠯ ᠤᠨ ᠢᠶᠠᠨ ᠨᠠᠷᠢᠨ ᠠᠭᠤᠯᠭ᠎ᠠ ᠶᠢ ᠮᠡᠳᠡᠳᠡᠭ ᠦᠩᠰᠢᠭ ᠰᠠᠶᠢᠬᠠᠨ ᠰᠡᠳᠬᠢᠯ ᠲᠠᠢ ᠰᠢᠨ᠎ᠡ ᠦᠶ᠎ᠡ ᠶᠢᠨ ᠮᠤᠩᠭᠤᠯ ᠬᠦᠮᠦᠨ ᠭᠤᠯᠤᠮᠲᠠ ᠵᠠᠯᠭᠠᠨ ᠦᠰᠦᠨ᠎ᠡ᠃      ᠮᠤᠩᠭᠤᠯᠴᠤᠳ ᠰᠢᠨᠡᠬᠡᠨ ᠠᠶᠢᠯ ᠪᠤᠯᠤᠭᠰᠠᠨ ᠪᠤᠶᠤ ᠰᠠᠶ᠋ᠢᠬᠠᠨ ᠭᠠᠯ ᠭᠤᠯᠤᠮᠲᠠ ᠰᠠᠯᠭᠠᠭᠰᠠᠨ ᠵᠠᠯᠠᠭᠤᠰ ᠤᠨ ᠢᠶᠠᠨ ᠠᠮᠢᠳᠤᠷᠠᠯ ᠤᠨ ᠤᠬᠠᠭᠠᠨ ᠳᠡᠮ ᠢ ᠰᠢᠯᠭᠠᠬᠤ ᠳᠠᠭᠠᠨ ︽ᠵᠢᠯ ᠰᠠᠷ᠎ᠠ︾ ᠪᠠᠨ ᠶᠠᠭᠠᠬᠢᠵᠦ ᠦᠩᠭᠡᠷᠡᠬᠡᠬᠦ ᠶᠢ ᠨᠢ ᠬᠠᠷᠠᠭᠠᠳ ᠮᠡᠳᠡᠴᠢᠬᠡᠳᠡᠭ᠃ ᠰᠤᠷᠭᠠᠯ ᠲᠠᠢ ᠠᠶᠢᠯ ᠤᠨ ᠤᠬᠠᠭᠠᠯᠢᠭ ᠵᠠᠯᠠᠭᠤᠰ ᠪᠤᠯ ᠰᠢᠨᠡᠬᠡᠨ ᠠᠶᠢᠯ ᠪᠤᠯᠤᠭᠰᠠᠨ ᠠᠩᠬᠠᠳᠠᠭᠴᠢ ᠴᠠᠭᠠᠨ ᠰᠠᠷ᠎ᠠ ᠳᠠᠭᠠᠨ ᠠᠪᠤ ᠡᠵᠢ ᠪᠠᠨ ᠦᠯᠢᠭᠡᠷᠯᠡᠨ ᠮᠦᠷᠳᠡᠵᠦ᠂ ᠭᠠᠯ ᠳᠠᠬᠢᠬᠤ᠂ ᠪᠢᠳᠡᠭᠦᠯᠡᠭᠦ᠂ ᠰᠢᠨᠡᠯᠡᠬᠦ ᠪᠦᠬᠦ ᠶᠠᠪᠤᠴᠠ ᠳᠤ ᠶᠠᠭ ᠯᠠ ᠬᠠᠭᠤᠴᠢᠨ ᠠᠶᠢᠯ ᠰᠢᠭ᠋ ᠡᠶ᠎ᠡ ᠨᠠᠶᠢᠷ᠂ ᠡᠮᠬᠢ ᠳᠦᠷᠢᠮ᠂ ᠶᠤᠰᠤ ᠵᠦᠢ ᠲᠠᠢ ᠪᠠᠶᠢᠵᠤ᠂ ︽ᠰᠢᠪᠠᠭᠤᠨ ᠤ ᠪᠠᠭ᠎ᠠ ᠨᠢ ᠵᠢᠷᠬᠢᠳᠡᠭ ᠪᠢᠯᠡ︾ ᠭᠡᠳ ᠬᠠᠭᠤᠴᠢᠨ ᠠᠶᠢᠯ ᠠᠴᠠ ᠤᠷᠢᠳᠠᠵᠤ ᠳᠦᠪᠬᠢᠨᠡᠭᠡᠳ ᠪᠤᠰᠤᠳ ᠠᠴᠠ ᠲᠡᠷᠢᠭᠦᠯᠡᠵᠦ ᠶᠤᠰᠤ ᠵᠦᠢ  ᠪᠠᠨ ᠬᠦᠢᠴᠡᠬᠡᠬᠦ ᠶᠢ ᠬᠢᠴᠢᠶᠡᠵᠦ ᠪᠠᠶᠢᠳᠠᠭ᠃ ᠰᠢᠨᠡᠯᠡᠬᠦ ᠶᠢᠨ ᠡᠮᠦᠨ᠎ᠡ ᠬᠤᠶᠢᠨᠠᠬᠢ ᠰᠠᠷ᠎ᠠ ᠭᠠᠷᠤᠢ ᠶᠢᠨ ᠬᠤᠭᠤᠴᠠᠭᠠᠨ ᠳᠤ ᠠᠪᠤ ᠡᠵᠢ᠂ ᠠᠪᠠᠭ᠎ᠠ ᠨᠠᠭᠠᠴᠤ᠂ ᠠᠶᠢᠯ ᠰᠠᠭᠠᠬᠠᠯᠲᠠ ᠪᠦᠬᠦᠨ ᠳᠡᠭᠡᠨ ᠳᠡᠭᠡᠲᠤ ᠠᠴᠠ ᠤᠳᠤᠮᠯᠠᠭᠰᠠᠨ ᠶᠤᠰᠤ ᠶᠢ ᠳᠠᠷᠠᠭᠠᠯᠠᠨ ᠭᠦᠢᠴᠡᠳᠬᠡᠵᠦ᠂ ︽ᠡᠨᠡ ᠨᠤᠲᠤᠭ ᠲᠤ ᠡᠨᠡ ᠤᠳᠤᠮ ᠤᠨ ᠨᠢᠭᠡᠨ ᠠᠶᠢᠯ ᠨᠡᠮᠡᠭᠳᠡᠭᠰᠡᠨ ᠰᠢᠦ︾ ᠭᠡᠳᠡᠭ ᠢ ᠴᠢᠨᠢ ᠠᠭᠠᠰᠢ ᠠᠵᠢᠯ ᠬᠤᠶᠠᠷ ᠢᠶᠠᠷ ᠢᠶᠠᠨ ᠨᠡᠶᠢᠬᠡᠮ ᠨᠡᠶᠢᠲᠡ ᠳᠤ ᠬᠡᠯᠡᠭᠡᠳ ᠦᠭᠭᠦᠴᠢᠬᠡᠨ᠎ᠡ᠃ ᠪᠠᠯᠴᠢᠷ ᠪᠠᠭ᠎ᠠ ᠬᠡᠦᠬᠡᠳ ᠴᠤ ᠰᠢᠨᠡᠯᠡᠭᠡᠳ ᠯᠡ ᠦᠩᠭᠡᠷᠡᠬᠦ ᠳᠤ ᠨᠠᠰᠤ ᠨᠡᠮᠡᠵᠤ᠂ ᠪᠡᠶ᠎ᠡ ᠦᠰᠴᠦ᠂ ᠲᠤᠮᠤᠭ᠎ᠠ ᠰᠠᠭᠤᠵᠤ᠂ ᠤᠬᠠᠭ᠎ᠠ ᠤᠷᠤᠭᠰᠠᠨ ᠨᠢ ᠪᠡᠶ᠎ᠡ ᠳᠤᠨᠢ ᠮᠡᠳᠡᠭᠳᠡᠬᠦ‍ ᠰᠢᠭ ᠪᠤᠯᠵᠤ᠂ ᠨᠠᠰᠤ ᠳᠠᠭᠠᠵᠤ ᠢᠷᠡᠬᠦ ᠠᠶᠢᠯ ᠠᠮᠢᠳᠤᠷᠠᠯ ᠤᠨ ᠡᠭᠦᠷᠬᠡ ᠬᠠᠷᠢᠭᠤᠴᠠᠯᠭ᠎ᠠ ᠶᠢ ᠬᠡᠨ ᠢᠶᠠᠷ ᠴᠤ ᠠᠯᠪᠠᠲᠠᠭᠤᠯᠤᠯ ᠦᠬᠡᠢ ᠪᠠᠷ ᠬᠦᠯᠢᠶᠡᠭᠡᠳ ᠠᠪᠴᠢᠬᠠᠭᠰᠠᠨ ᠪᠠᠶᠢᠳᠠᠭ᠃ ᠢᠩᠬᠢᠭᠡᠳ ᠯᠡ ᠵᠢᠯ ᠵᠢᠯ ᠤᠨ ︽ᠰᠠᠷ᠎ᠠ ᠰᠢᠨ᠎ᠡ︾  ᠪᠠᠷ ᠤᠬᠠᠭ᠎ᠠ ᠨᠡᠮᠡᠭᠦᠯᠵᠦ ᠦᠰᠦᠭᠰᠡᠨ ᠴᠡᠴᠡᠨ ᠮᠤᠩᠭᠤᠯ ᠤᠨ ᠬᠦᠪᠡᠭᠦᠳ ᠦᠬᠢᠳ ᠮᠢᠨᠢ ᠠᠪᠤ ᠡᠵᠢ ᠶᠢᠨ ᠢᠶᠠᠨ ᠭᠠᠯ ᠭᠤᠯᠤᠮᠲᠠ ᠶᠢ ᠤᠯᠠᠰᠢᠷᠠᠭᠤᠯᠤᠨ ᠳᠠᠬᠢᠵᠤ ᠰᠢᠨ᠎ᠡ ᠠᠴᠠ ᠰᠢᠨ᠎ᠡ ᠶᠢ ᠳᠠᠮᠵᠢᠭᠰᠠᠭᠠᠷ ᠦᠨᠦᠳᠦᠷ ᠤᠨ ᠨᠠᠷᠠ ᠶᠢ ᠤᠭᠳᠤᠭᠰᠠᠨ ᠪᠢᠯᠡ᠃      ᠮᠤᠩᠭᠤᠯᠴᠤᠳ ᠤᠨ ᠴᠠᠭᠠᠨ ᠰᠠᠷ᠎ᠠ ᠭᠡᠳᠡᠭ ᠶᠡᠷᠦ ᠠᠴᠠ ᠨᠠᠷᠬᠢᠵᠦ ᠨᠠᠭᠠᠳᠬᠤ ᠶᠢᠨ ᠰᠢᠯᠲᠠᠭ ᠳᠡᠳᠦᠢ ᠶᠠᠭᠤᠮ᠎ᠠ ᠪᠠᠶᠢᠭ᠎ᠠ ᠦᠭᠡᠢ᠂ ᠬᠠᠷᠢᠨ ᠠᠮᠢᠳᠤᠷᠠᠯ ᠤᠨ ᠬᠠᠮᠤᠭ ᠤᠨ ᠰᠠᠶᠢᠬᠠᠨ᠂ ᠰᠤᠶᠤᠯ ᠰᠤᠷᠲᠠᠬᠤᠨ ᠤ ᠬᠠᠮᠤᠭ ᠤᠨ ᠡᠷᠬᠢᠮ ᠢ ᠲᠦᠪᠯᠡᠷᠡᠭᠦᠯᠦᠨ ᠢᠯᠡᠷᠬᠡᠶᠢᠯᠡᠵᠦ᠂ ᠲᠡᠷᠡᠬᠦ ᠬᠠᠮᠤᠭ ᠠᠴᠠ ᠡᠷᠬᠢᠮ ᠰᠠᠶᠢᠬᠠᠨ ᠤ ᠳᠤᠮᠳᠠ ᠬᠡᠦᠬᠡᠳ ᠢᠶᠠᠨ ᠬᠦᠮᠦᠵᠢᠭᠦᠯᠵᠦ᠂ ᠬᠠᠮᠤᠭ ᠠᠴᠠ ᠡᠷᠬᠢᠮ ᠰᠠᠶᠢᠬᠠᠨ ᠢ ᠬᠡᠦᠬᠡᠳ ᠲᠡᠭᠡᠨ ᠤᠳᠤᠮᠰᠢᠭᠤᠯᠤᠨ ᠦᠭᠬᠦ ᠶᠤᠰᠤᠯᠠᠯ ᠪᠠᠶᠠᠷ ᠪᠠᠶᠢᠭᠰᠠᠨ ᠶᠤᠮ᠃ ᠴᠠᠭ ᠨᠡᠶᠢᠭᠡᠮ ᠤᠨ ᠬᠤᠪᠢᠷᠠᠯ ᠭᠦᠭᠵᠢᠯ ᠢ ᠲᠠᠭᠠᠨ ᠪᠢᠳᠡᠨ ᠤ ᠪᠤᠳᠠᠰ ᠤᠨ ᠠᠮᠢᠳᠤᠷᠠᠯ ᠪᠠᠶᠠᠯᠢᠭᠵᠢᠭᠰᠠᠨ ᠴᠤ ᠤᠳᠤᠮᠳᠤ ᠰᠤᠶᠤᠯ  ᠤᠨ ᠮᠢᠨᠢ ᠨᠠᠨᠳᠢᠨ ᠵᠦᠢᠯᠡᠰ ᠪᠠᠯᠠᠷᠠᠨ ᠪᠦᠳᠡᠬᠢᠷᠡᠵᠦ ᠪᠠᠶᠢᠭ᠎ᠠ ᠨᠢ ᠳᠠᠩᠴᠤ ᠬᠠᠷᠠᠮᠰᠠᠯ ᠲᠠᠢ᠃ ᠵᠢᠯ ᠴᠠᠭᠠᠨ ᠰᠠᠷ᠎ᠠ ᠶᠢᠨ ᠬᠤᠭᠤᠴᠠᠭ᠎ᠠ ᠶᠢ ᠬᠤᠶᠢᠴᠢ ᠦᠶ᠎ᠡ ᠪᠠᠨ ᠬᠦᠮᠦᠵᠢᠭᠦᠯᠬᠦ ᠬᠠᠮᠤᠭ ᠰᠠᠶᠢᠨ ᠳᠤᠬᠢᠶᠠᠯ ᠭᠡᠵᠦ ᠤᠶᠢᠯᠠᠭᠠᠨ ᠬᠡᠦᠬᠡᠳ ᠢᠶᠠᠨ ᠳᠠᠭᠠᠭᠤᠯᠵᠤ ᠤᠳᠤᠮᠰᠢᠯᠲᠤ ᠵᠠᠩ ᠦᠢᠯᠡ ᠶᠢᠨ ᠦᠢᠯᠡᠳᠦᠯᠭᠡ ᠳᠤᠮᠳᠠ ᠬᠦᠮᠦᠵᠢᠬᠦᠯᠬᠦ ᠬᠦᠮᠦᠨ ᠴᠦᠭᠡᠷᠡᠵᠦ᠂ ᠦᠪᠡᠷ ᠢᠶᠠᠨ ᠴᠤ ᠶᠤᠰᠤ ᠵᠠᠩᠰᠢᠯ ᠢᠶᠠᠨ ᠮᠡᠳᠡᠬᠦ ᠦᠭᠡᠢ ᠠᠪᠤ ᠡᠵᠢ ᠤᠯᠠᠰᠢᠷᠠᠵᠠᠢ᠃ ᠵᠤᠯᠠ ᠶᠢᠨ ᠭᠤᠤᠯ ᠤᠷᠢᠶᠠᠬᠤ᠂ ᠭᠠᠯ ᠤᠨ ᠡᠪᠴᠢᠭᠦᠦ ᠴᠢᠮᠡᠬᠦ᠂ ᠴᠠᠰᠤᠨ ᠢᠨᠳᠡᠷ ᠲᠤ ᠮᠦᠷᠭᠦᠬᠦ᠂ ᠶᠢᠰᠦᠨ ᠬᠦᠰᠡᠯ ᠢᠶᠠᠨ ᠵᠦᠩᠨᠡᠬᠦ ᠁ ᠲᠡᠷᠡ ᠤᠯᠠᠨ ᠵᠢᠷ ᠤᠨ ᠠᠵᠢᠯ ᠶᠡᠷᠦ ᠶᠢᠨ ᠵᠠᠩᠰᠢᠯ ᠤᠳ ᠬᠡᠳᠦ᠋ᠢᠪᠡᠷ ᠢᠨᠲ᠋ᠧᠷᠨᠧᠲ᠂ ᠪᠢᠴᠢᠭ ᠬᠡᠪᠯᠡᠯ ᠳᠤ ᠳᠤᠷᠠᠶᠢᠵᠤ ᠪᠠᠶᠢᠭ᠎ᠠ ᠪᠤᠯᠪᠠᠴᠤ ᠶᠠᠰᠤ ᠴᠢᠰᠤ ᠪᠠᠷ ᠲᠠᠮᠵᠢᠨ ᠤᠳᠤᠮᠰᠢᠬᠤ ᠨᠢᠭᠡᠨ ᠬᠡᠯᠪᠡᠷᠢ ᠨᠢ ᠡᠪᠳᠡᠭᠳᠡᠭᠰᠡᠨ ᠪᠤᠯᠬᠤᠷ ᠳᠡᠭᠡᠳᠦᠰ ᠤᠨ ᠮᠢᠨᠢ ᠶᠤᠰᠤ ᠵᠠᠩᠰᠢᠯ ᠤᠨ ᠵᠡᠮᠳᠡᠭ ᠲᠠᠮᠲᠤᠭ ᠦᠭᠡᠳᠡᠰᠦ ᠨᠦᠭᠦᠳ ᠮᠠᠨ ᠤ ᠠᠮᠢᠳᠤᠷᠠᠯ ᠳᠤ ᠰᠤᠶᠤᠯ ᠬᠡᠮᠡᠨ ᠨᠡᠷᠡᠯᠡᠭᠳᠡᠬᠦ ᠪᠤᠯᠵᠠᠢ᠃ ᠠᠯᠳᠠᠬᠤ ᠶᠢᠨ ᠢᠶᠠᠨ ᠦᠶ᠎ᠡ ᠳᠤ ᠯᠡ ᠰᠠᠶ᠋ᠢ ᠨᠠᠨᠳᠢᠩᠨᠠᠬᠤ ᠪᠠᠨ ᠰᠠᠨᠠᠵᠤ ᠤᠯᠳᠠᠭ ᠨᠢ ᠬᠦᠮᠦᠨ ᠪᠢᠳᠡᠨ ᠤ ᠲᠡᠨᠡᠭ ᠠᠷᠠᠨᠰᠢ ᠴᠤ ᠪᠤᠯᠪᠠᠦ︖ ᠶᠠᠭᠤ ᠴᠤ ᠪᠤᠯᠲᠤᠭᠠᠢ ᠂ ᠦᠨᠦᠳᠦᠷ ᠤᠨ ᠪᠢᠳᠡ ᠪᠤᠯ ᠦᠨᠳᠦᠰᠦᠨ ᠰᠤᠶᠤᠯ ᠤᠨ ᠢᠶᠠᠨ ᠰᠡᠮᠡᠷᠡᠨ ᠭᠡᠭᠡᠭᠳᠡᠬᠦ ᠶᠢ ᠨᠢᠳᠤ ᠪᠠᠷ ᠢᠶᠠᠨ ᠬᠠᠷᠠᠵᠤ ᠪᠠᠶᠢᠭ᠎ᠠ ᠬᠦᠮᠦᠨ᠂ ᠳᠡᠭᠡᠳᠦᠰ ᠤᠨ ᠢᠶᠠᠨ ᠶᠤᠰᠤ ᠵᠠᠩᠰᠢᠯ ᠢ ᠲᠠᠰᠤᠭ ᠪᠤᠰᠤᠭ ᠴᠤ ᠪᠤᠯᠤᠭ ᠤᠶᠢᠯᠠᠭᠠᠬᠤ ᠬᠦᠮᠦᠨ᠂ ᠰᠢᠨ᠎ᠡ ᠴᠠᠭ ᠤᠨ ᠰᠤᠶᠤᠯ ᠤᠨ ᠵᠢᠭᠤᠴᠢᠯᠠᠭᠤᠷ ᠪᠦᠬᠦᠨ ᠢ ᠠᠰᠢᠭᠯᠠᠵᠤ ᠴᠢᠳᠠᠬᠤ ᠬᠦᠮᠦᠨ᠂ ᠦᠪᠡᠷ ᠤᠨ ᠢᠶᠠᠨ ᠰᠤᠶᠤᠯ ᠳᠤ ᠲᠤᠯᠭᠠᠷᠠᠵᠤ ᠪᠠᠶᠢᠭ᠎ᠠ ᠠᠰᠠᠭᠤᠳᠠᠯ ᠢ ᠬᠠᠮᠤᠭ ᠲᠤᠳᠤᠷᠬᠠᠢ ᠮᠡᠳᠡᠳᠡᠭ ᠬᠦᠮᠦᠨ᠃ ᠪᠢᠳᠡ ᠯᠡ ᠳᠡᠭᠡᠳᠦᠰ ᠢᠶᠠᠨ ᠳᠠᠭᠤᠷᠢᠶᠠᠵᠤ᠂ ᠦᠷᠡᠰ ᠢᠶᠠᠨ ᠳᠠᠭᠤᠷᠢᠶᠠᠯᠭᠠᠵᠤ ᠴᠢᠳᠠᠳᠠᠭ ᠪᠤᠯ ᠮᠠᠨ ᠤ ᠶᠤᠰᠤ ᠵᠠᠩᠰᠢᠯ ᠮᠢᠩᠭ᠎ᠠ ᠮᠢᠩᠭᠠᠨ ︽ᠰᠠᠷ᠎ᠠ ᠰᠢᠨ᠎ᠡ︾ ᠶᠢ ᠳᠠᠮᠵᠢᠨ ᠠᠷᠢᠭᠤᠨ ᠢᠶᠠᠷ ᠦᠪᠰᠢᠬᠦ ᠪᠤᠯᠤᠨ᠎ᠠ᠃      ᠰᠢᠷ᠎ᠠ ᠨᠤᠬᠠᠢ ᠵᠢᠯ ᠤᠨ ᠴᠠᠭᠠᠨ ᠰᠠᠷ᠎ᠠ ᠶᠢ ᠤᠭᠳᠤᠵᠤ᠂ ᠭᠠᠵᠠᠷ ᠮᠦᠩᠬᠡᠯᠡᠭᠰᠡᠨ ᠭᠠᠯ ᠭᠤᠯᠤᠮᠲᠠ ᠳᠠᠭᠠᠨ ᠮᠦᠷᠭᠦᠮᠦ︕ ᠲᠡᠭᠷᠢ ᠳᠠᠬᠢᠭᠰᠠᠨ ᠢᠨᠳᠡᠷ ᠵᠤᠯᠠ ᠳᠠᠭᠠᠨ ᠮᠦᠷᠭᠦᠮᠦ︕ ᠴᠠᠭᠠᠨ ᠰᠠᠷ᠎ᠠ ᠶᠢ ᠭᠡᠷ ᠤᠨ ᠬᠦᠮᠦᠵᠢᠯ ᠤᠨ ᠤᠨᠴᠠᠭᠠᠢ ᠬᠤᠭᠤᠴᠠᠭ᠎ᠠ ᠪᠤᠯᠭᠠᠵᠤ᠂ ᠵᠠᠩ ᠦᠢᠯᠡ ᠶᠢ ᠬᠢᠴᠢᠶᠡᠯ ᠳᠠᠳᠤᠯᠭ᠎ᠠ ᠶᠢᠨ ᠤᠨᠴᠠᠭᠠᠢ ᠲᠠᠯᠠᠪᠤᠷ ᠪᠤᠯᠭᠠᠵᠤ᠂ ᠠᠶᠢᠯ  ᠢᠶᠠᠷ ᠤᠳᠤᠮᠯᠠᠬᠤ ᠶᠢ ᠭᠡᠭᠡᠷᠡᠭᠦᠯᠦᠨ ᠰᠤᠷᠭᠠᠬᠤ ᠶᠢᠨ ᠤᠨᠴᠠᠭᠠᠢ ᠬᠡᠯᠪᠡᠷᠢ ᠪᠤᠯᠭᠠᠭᠰᠠᠨ ᠪᠤᠭᠤᠷᠤᠯ ᠳᠡᠭᠡᠳᠦᠰ ᠤᠨ ᠭᠠᠶᠢᠬᠠᠮᠰᠢᠭᠲᠤ ᠤᠬᠠᠭᠠᠨ ᠳᠤ ᠰᠢᠳᠦᠨ ᠮᠦᠷᠭᠦᠮᠦ︕ ᠮᠢᠩᠭ᠎ᠠ ᠮᠢᠩᠭᠠᠨ ︽ᠴᠠᠭᠠᠨ ᠰᠠᠷ᠎ᠠ︾ ᠮᠤᠩᠭᠤᠯ ᠰᠤᠶᠤᠯ ᠤᠨ ᠭᠠᠯ ᠪᠠᠮᠪᠠᠷ ᠢ ᠳᠠᠮᠵᠢᠭᠤᠯᠬᠤ ᠦᠷᠲᠡᠭᠡ ᠪᠤᠯᠵᠤ ᠲᠡᠦᠬᠡ ᠶᠢᠨ ᠤᠷᠲᠤ ᠳᠤ ᠳᠠᠰᠤᠷᠠᠭᠠᠨ ᠦᠭᠡᠢ ᠦᠷᠭᠦᠯᠵᠢᠯᠡᠬᠦ ᠪᠤᠯᠲᠤᠭᠠᠢ︕
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号