ᠮᠤᠩᠭᠤᠯ ᠢᠶᠠᠷ ᠢᠶᠠᠨ ᠪᠠᠭ᠋ᠠᠷᠬᠠᠭᠰᠠᠨ ᠬᠤᠳᠠ ᠶᠢᠨ ᠰᠤᠷᠭᠠᠭᠤᠯᠢ
ᠨᠡᠶᠢᠲᠡᠯᠡᠭᠰᠡᠨ ᠴᠠᠭ᠄
2018-03-09
     2 ᠰᠠᠷ᠎ᠠ ᠶᠢᠨ 28 ᠤ ᠦᠷᠯᠦᠭᠡ ᠶᠢᠨ ᠨᠠᠢᠮᠠᠨ ᠴᠠᠭ᠃      ᠬᠦᠬᠡᠬᠤᠳᠠ ᠶᠢᠨ ᠬᠢᠩᠭᠠᠨ ᠡᠮᠤᠨ᠎ᠠ ᠵᠠᠮ ᠤᠨ ᠦᠨᠳᠦᠰᠦᠳᠡᠨ ᠤ ᠳᠤᠷᠰᠢᠯᠳᠠ ᠶᠢᠨ ᠰᠤᠷᠭᠠᠭᠤᠯᠢ ᠶᠢᠨ ᠡᠭᠦᠳᠡᠨ ᠳᠤ ᠤᠯᠠᠭᠠᠨ᠂ ᠶᠠᠭᠠᠨ᠂ ᠴᠡᠩᠬᠡᠷ᠂ ᠰᠢᠷ᠎ᠠ ᠵᠡᠷᠭᠡ ᠦᠩᠭᠡ ᠪᠦᠷᠢ ᠶᠢᠨ ᠲᠡᠷᠯᠢᠭ ᠢᠶᠠᠷ ᠢᠶᠠᠨ ᠭᠤᠶᠤᠭᠰᠠᠨ ᠰᠤᠷᠤᠭᠴᠢ ᠭᠡᠷ ᠤᠨ ᠠᠬᠠᠮᠠᠳ ᠴᠤᠬᠯᠠᠷᠠᠵᠦ᠂ ᠮᠤᠩᠭᠤᠯ ᠠᠭᠤᠷ ᠠᠮᠢᠰᠬᠤᠯ ᠢᠶᠠᠷ ᠪᠢᠯᠬᠠᠮ᠎ᠠ ᠪᠠᠶᠢᠯ᠎ᠠ᠃      — ᠰᠠᠶᠢᠨ ᠰᠢᠨᠡᠯᠡᠪᠠᠤ︖      — ᠰᠠᠶᠢᠨ᠂ ᠰᠠᠶᠢᠨ ᠰᠢᠨᠠᠯᠠᠪᠠᠤ︖       ᠁      ᠬᠠᠳᠠᠭ ᠪᠠᠷᠢᠵᠦ ᠮᠤᠩᠭᠤᠯ ᠢᠶᠠᠷ ᠢᠶᠠᠨ ᠭᠤᠶᠤᠭᠰᠠᠨ ᠪᠠᠭᠰᠢ ᠰᠤᠷᠤᠭᠴᠢᠳ ᠬᠤᠭᠤᠷᠤᠨᠳᠤ ᠪᠠᠨ ᠮᠡᠨᠳᠦᠴᠢᠯᠡᠨ ᠵᠤᠯᠭᠠᠵᠦ᠂ ᠰᠢᠨ᠎ᠠ ᠰᠤᠷᠤᠯᠭ᠎ᠠ ᠶᠢᠨ ᠬᠤᠭᠤᠴᠠᠭ᠎ᠠ ᠡᠶᠢᠨᠬᠦ ᠮᠤᠩᠭᠤᠯ ᠶᠤᠰᠤ ᠪᠠᠷ ᠡᠬᠢᠯᠡᠯ᠎ᠠ᠃      ᠬᠦᠬᠡᠬᠤᠳᠠ ᠶᠢᠨ ᠦᠨᠳᠦᠰᠦᠳᠡᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠨᠢ ᠭᠡᠷ ᠤᠨ ᠠᠬᠠᠮᠠᠳ᠂ ᠰᠤᠷᠤᠭᠴᠢ ᠨᠠᠷ ᠢᠶᠠᠨ ᠰᠢᠨ᠎ᠠ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠡᠳᠦᠷ ᠲᠡᠷᠯᠢᠭ ᠢᠶᠠᠨ ᠡᠮᠦᠰᠴᠤ ᠰᠤᠷᠭᠠᠭᠤᠯᠢ ᠳᠤ ᠢᠷᠡᠬᠦ ᠶᠢ ᠰᠠᠨᠠᠭᠠᠴᠢᠯᠠᠵᠤ᠂ ᠤᠯᠠᠮᠵᠢᠯᠠᠯᠲᠤ ᠰᠢᠨᠡᠯᠡᠬᠦ ᠶᠤᠰᠤ ᠪᠠᠷ ᠰᠠᠭᠠᠯᠢ ᠰᠦ ᠶᠢᠨ ᠳᠡᠭᠡᠵᠢ ᠪᠠᠷ ᠢᠶᠠᠨ ᠲᠠᠪᠠᠭ ᠢᠳᠡᠭᠡᠨ ᠢᠶᠠᠨ ᠵᠠᠰᠠᠨ᠂ ᠬᠠᠳᠠᠭ ᠳᠡᠯᠭᠡᠨ ᠰᠠᠶᠢᠨ ᠤ ᠮᠡᠨᠳᠦᠴᠢᠯᠡᠯ ᠢᠶᠠᠨ ᠳᠡᠪᠰᠢᠬᠦᠯᠵᠦ᠂ ᠦᠷᠭᠡᠨ ᠤᠯᠠᠨ ᠭᠡᠷ ᠤᠨ ᠠᠬᠠᠮᠠᠳ ᠪᠤᠯᠤᠨ ᠰᠤᠷᠤᠭᠴᠢᠳ ᠢᠶᠠᠨ ᠰᠢᠨ᠎ᠠ ᠶᠢᠨ ᠵᠤᠯᠭᠠᠯᠲᠠ ᠪᠠᠷ ᠤᠭᠲᠤᠨ ᠠᠪᠤᠭᠰᠠᠨ ᠶᠤᠮ᠃ ᠳᠤᠰ ᠰᠤᠷᠭᠠᠭᠤᠯᠢ ᠨᠢ ᠠᠩᠬᠠᠳᠤᠭᠠᠷ ᠤᠳᠠᠭ᠎ᠠ ᠮᠤᠩᠭᠤᠯ ᠶᠤᠰᠤ ᠪᠠᠷ ᠢᠶᠠᠨ ᠰᠢᠨ᠎ᠡ ᠶᠢᠨ ᠵᠤᠯᠭᠠᠯᠳᠠ ᠬᠢᠵᠦ ᠰᠤᠷᠤᠭᠴᠢ ᠪᠠᠨ ᠤᠭᠳᠤᠨ ᠠᠪᠴᠤ ᠪᠠᠶᠢᠭ᠎ᠠ ᠨᠢ ᠡᠨᠡ ᠪᠢᠯᠠ᠃      ᠰᠤᠷᠭᠠᠭᠤᠯᠢ ᠶᠢᠨ ᠤᠳᠤᠷᠢᠳᠤᠯᠭ᠎ᠠ ᠨᠠᠷ ᠲᠠᠢ ᠪᠠᠨ ᠰᠢᠨ᠎ᠡ ᠶᠢᠨ ᠵᠤᠯᠭᠠᠯᠳᠠ ᠬᠢᠵᠦ ᠪᠠᠷᠠᠭᠰᠠᠨ ᠤ ᠳᠠᠷᠠᠭ᠎ᠠ ᠰᠤᠷᠤᠭᠴᠢᠳ ᠭᠡᠷ ᠤᠨ ᠠᠬᠠᠮᠠᠳ ᠲᠠᠢ ᠪᠠᠨ ᠬᠠᠮᠳᠤ ᠠᠩᠬᠢ ᠶᠢᠨ ᠡᠷᠬᠢᠯᠡᠭᠴᠢ ᠲᠠᠢ ᠪᠠᠨ ᠰᠢᠨ᠎ᠡ ᠶᠢᠨ ᠵᠤᠯᠭᠠᠯᠳᠠ ᠬᠢᠵᠦ᠂ ᠭᠡᠷ ᠤᠨ ᠠᠬᠠᠮᠠᠳ ᠤᠨ ᠬᠤᠷᠠᠯ ᠳᠤ ᠤᠷᠤᠯᠴᠠᠵᠤ᠂ ᠠᠩᠬᠢ ᠶᠢᠨ ᠡᠷᠬᠢᠯᠡᠭᠴᠢ ᠠᠴᠠ ᠪᠦᠬᠦ ᠰᠤᠷᠤᠭᠴᠢ ᠪᠤᠯᠤᠨ ᠭᠡᠷ ᠤᠨ ᠠᠬᠠᠮᠠᠳ ᠲᠤ ᠪᠠᠨ ᠮᠤᠩᠭᠤᠯ ᠶᠤᠰᠤ ᠪᠠᠷ ᠢᠶᠠᠨ ᠰᠢᠨ᠎ᠡ ᠶᠢᠨ ᠮᠡᠨᠳᠦᠴᠢᠯᠡᠯ ᠲᠡᠪᠰᠢᠭᠦᠯᠵᠦ᠂ ᠰᠢᠨ᠎ᠡ ᠰᠤᠷᠤᠯᠭ᠎ᠠ ᠶᠢᠨ ᠬᠤᠭᠤᠴᠠᠭ᠎ᠠ ᠳᠤ ᠪᠠᠨ ᠨᠡᠩ ᠢᠯᠡᠭᠦᠦ ᠮᠡᠷᠡᠶᠢᠨ ᠴᠢᠷᠮᠠᠶᠢᠵᠤ᠂ ᠰᠤᠷᠤᠯᠭ᠎ᠠ ᠶᠢᠨ ᠰᠢᠯᠢᠳᠡᠭ ᠠᠮᠵᠢᠯᠳᠠ ᠤᠯᠤᠭᠠᠷᠠᠢ ᠬᠡᠮᠡᠬᠦ ᠰᠠᠶᠢᠬᠠᠨ ᠵᠦᠩᠨᠡᠯ ᠢᠶᠠᠨ ᠲᠡᠪᠰᠢᠭᠦᠯᠵᠤ᠂ ᠮᠤᠩᠭᠤᠯ ᠲᠡᠪᠡᠯ ᠢᠶᠠᠷ ᠭᠤᠶᠤᠭᠰᠠᠨ ᠠᠩᠬᠠᠨ ᠤ ᠠᠩᠬᠢ ᠶᠢᠨ ᠬᠤᠷᠠᠯ ᠨᠢ ᠤᠳᠬ᠎ᠠ ᠲᠡᠭᠦᠯᠳᠡᠷ ᠰᠠᠶᠢᠬᠠᠨ ᠶᠠᠪᠤᠭᠳᠠᠯ᠎ᠠ᠃      — ᠮᠠᠨ ᠤ ᠰᠤᠷᠭᠠᠭᠤᠯᠢ ᠶᠢᠨ ᠰᠤᠷᠤᠭᠴᠢ ᠦᠪᠦᠷ ᠮᠤᠩᠭᠤᠯ ᠤᠨ ᠡᠯ᠎ᠡ ᠭᠠᠵᠠᠷ ᠤᠷᠤᠨ ᠠᠴᠠ ᠢᠷᠡᠵᠤ᠂ ᠬᠤᠳᠠ ᠶᠢᠨ ᠬᠡᠦᠬᠡᠳ ᠠᠷᠪᠢᠨ ᠪᠠᠶᠢᠳᠠᠭ᠃ ᠬᠤᠳᠠ ᠶᠢᠨ ᠬᠡᠦᠬᠡᠳ ᠪᠤᠯᠬᠤᠷ ᠮᠤᠩᠭᠤᠯ ᠤᠯᠠᠮᠵᠢᠯᠠᠯᠳᠤ ᠵᠠᠩ ᠳᠠᠳᠬᠠᠯ ᠤᠨ ᠲᠤᠬᠠᠢ ᠤᠢᠢᠯᠠᠭᠠᠯᠳᠠ ᠪᠠᠷ ᠳᠤᠳᠠᠮᠠᠭ ᠪᠠᠶᠢᠳᠠᠭ᠃ ᠡᠶᠢᠮᠦ ᠠᠴᠠ ᠪᠢᠳᠡ ᠰᠢᠷ᠎ᠠ ᠨᠤᠬᠠᠢ ᠵᠢᠯ ᠢ ᠲᠤᠬᠢᠶᠠᠯᠳᠤᠭᠤᠯᠤᠨ ᠬᠡᠦᠬᠡᠳ ᠤᠳ ᠲᠤ ᠪᠠᠨ ᠦᠪᠡᠷ ᠤᠨ ᠦᠨᠳᠦᠰᠦᠳᠡᠨ ᠤ ᠪᠠᠨ ᠵᠠᠩ ᠦᠢᠯᠡ ᠶᠢ ᠤᠯᠠᠮ ᠨᠢᠭᠡ ᠠᠯᠬᠤᠮ ᠲᠠᠨᠢᠭᠤᠯᠵᠤ᠂ ᠤᠯᠠᠮᠵᠢᠯᠠᠯᠳᠤ ᠵᠠᠩ ᠵᠠᠩᠰᠢᠯ ᠢᠶᠠᠷ ᠢᠶᠠᠨ ᠰᠠᠶᠢᠬᠠᠨ ᠶᠠᠪᠤᠯᠴᠠᠵᠤ᠂ ᠮᠤᠩᠭᠤᠯ ᠵᠠᠩ ᠵᠠᠩᠰᠢᠯ ᠢᠶᠠᠨ ᠲᠡᠭᠡᠳᠦᠯᠡᠵᠦ᠂ ᠴᠠᠭᠠᠯᠠᠵᠤ ᠮᠡᠨᠳᠦᠯᠡᠬᠦ ᠶᠤᠰᠤ ᠶᠢ ᠦᠨᠡᠨᠬᠦ ᠤᠢᠢᠯᠠᠭᠠᠭᠤᠯᠵᠤ᠂ ᠵᠦᠪ ᠵᠦᠢᠳᠡᠢ ᠬᠢᠯᠭᠡᠵᠦ ᠰᠤᠷᠭᠠᠬᠤ ᠡᠭᠦᠳᠡᠨ ᠠᠴᠠ ᠳᠤᠰ ᠠᠵᠢᠯᠯᠠᠭ᠎ᠠ ᠶᠢ ᠦᠷᠨᠢᠭᠦᠯᠦᠭᠰᠡᠨ ᠶᠤᠮ᠃ ᠠᠩᠬᠠᠳᠤᠭᠠᠷ ᠤᠳᠠᠭ᠎ᠠ ᠬᠢᠵᠦ ᠪᠠᠶᠢᠭ᠎ᠠ ᠤᠴᠢᠷ ᠠᠴᠠ ᠵᠠᠷᠢᠮ ᠳᠤᠳᠠᠭᠳᠠᠯ ᠲᠠᠢ ᠲᠠᠯ᠎ᠠ ᠤᠷᠤᠰᠢᠵᠤ ᠪᠠᠶᠢᠨ᠎ᠠ᠂ ᠡᠭᠦᠨ ᠠᠴᠠ ᠬᠤᠶᠢᠰᠢ ᠨᠡᠩ ᠰᠠᠶᠢᠨ ᠬᠢᠵᠦ᠂ ᠬᠡᠦᠬᠡᠳ ᠲᠤ ᠪᠠᠨ ᠮᠤᠩᠭᠤᠯ ᠤᠨ ᠤᠯᠠᠮᠵᠢᠯᠠᠯᠳᠤ ᠵᠠᠩ ᠳᠠᠳᠬᠠᠯ ᠢᠶᠠᠨ ᠨᠡᠩ ᠰᠠᠶᠢᠨ ᠤᠯᠠᠮᠵᠢᠯᠠᠨ ᠵᠢᠭᠠᠵᠤ᠂ ᠨᠡᠶᠢᠭᠡᠮ ᠳᠤ ᠪᠠᠰᠠ ᠲᠠᠨᠢᠭᠤᠯᠤᠨ᠂ ᠬᠤᠳᠠ ᠶᠢᠨ ᠠᠭᠤᠷ ᠠᠮᠢᠰᠬᠤᠯ ᠢ ᠮᠤᠩᠭᠤᠯ ᠠᠶᠢᠯ ᠰᠢᠭ᠋᠂ ᠮᠤᠩᠭᠤᠯ ᠬᠦᠳᠡᠭᠡ ᠶᠢᠨ ᠰᠢᠭ᠂ ᠮᠤᠩᠭᠤᠯ ᠠᠭᠤᠷ ᠠᠮᠢᠰᠬᠤᠯ ᠢᠶᠠᠷ ᠪᠢᠯᠬᠠᠮ᠎ᠠ ᠪᠤᠯᠭᠠᠨ᠎ᠠ ᠭᠡᠵᠦ ᠰᠤᠷᠭᠠᠭᠤᠯᠢ ᠶᠢᠨ ᠲᠡᠳ᠋ ᠵᠠᠬᠢᠷᠤᠯ ᠪᠠᠶᠠᠨᠵᠢᠷᠦᠬᠡ ᠰᠤᠷᠪᠤᠯᠵᠢᠯᠠᠭ᠎ᠠ ᠬᠦᠯᠢᠶᠠᠬᠦ ᠳᠡᠭᠡᠨ ᠶᠠᠷᠢᠯ᠎ᠠ᠃      — ︽ᠬᠤᠳᠠ ᠳᠤ ᠠᠮᠢᠳᠤᠷᠠᠵᠤ ᠪᠠᠶᠢᠭ᠎ᠠ ᠤᠴᠢᠷ ᠠᠴᠠ ᠮᠤᠩᠭᠤᠯ ᠰᠢᠨ᠎ᠠ ᠶᠢᠨ ᠵᠤᠯᠭᠠᠯᠳᠠ ᠶᠢᠨ ᠶᠤᠰᠤ ᠵᠠᠩᠰᠢᠯ ᠤᠨ ᠲᠤᠬᠠᠢ ᠬᠡᠦᠬᠡᠳ ᠤᠳ ᠲᠡᠶᠢᠮᠦ ᠰᠠᠶᠢᠨ ᠤᠢᠢᠯᠠᠭᠠᠬᠤ ᠦᠭᠡᠢ ᠶᠤᠮ᠂ ᠳᠤᠰ ᠤᠳᠠᠭᠠᠨ ᠤ ᠠᠵᠢᠯᠯᠠᠭ᠎ᠠ ᠪᠠᠷ ᠳᠠᠮᠵᠢᠭᠤᠯᠤᠨ ᠬᠡᠦᠬᠡᠳ ᠲᠤ ᠪᠠᠨ ᠮᠤᠩᠭᠤᠯ ᠤᠨ ᠮᠡᠨᠳᠦᠴᠢᠯᠡᠨ ᠵᠤᠯᠭᠠᠬᠤ ᠤᠯᠠᠮᠵᠢᠯᠠᠯᠳᠤ ᠶᠤᠰᠤ ᠵᠠᠩᠰᠢᠯ ᠢᠶᠠᠨ ᠤᠢᠢᠯᠠᠭᠠᠭᠤᠯᠵᠤ ᠲᠠᠨᠢᠭᠤᠯᠤᠭᠰᠠᠨ ᠨᠢ ᠶᠡᠭᠡ ᠰᠠᠶᠢᠬᠠᠨ ᠪᠠᠶᠢᠨ᠎ᠠ︾ ᠭᠡᠵᠦ ᠬᠦᠯᠦᠨ ᠪᠤᠶᠢᠷ ᠤᠨ ᠦᠨᠳᠦᠰᠦᠳᠡᠨ ᠤ ᠬᠤᠪᠴᠠᠰᠤ ᠵᠠᠰᠠᠯ ᠢᠶᠠᠷ ᠢᠶᠠᠨ ᠭᠤᠶᠤᠭᠰᠠᠨ ᠭᠡᠷ ᠤᠨ ᠠᠬᠠᠮᠠᠳ ᠰᠤᠨᠤᠷ ᠪᠠᠶᠠᠷᠳᠠᠶᠢᠬᠠᠨ ᠶᠠᠷᠢᠵᠤ ᠪᠠᠶᠢᠯ᠎ᠠ᠃      ᠳᠤᠰ ᠤᠳᠠᠭᠠᠨ ᠤ ᠠᠵᠢᠯᠯᠠᠭ᠎ᠠ ᠨᠢ᠂ ᠨᠢᠭᠡ ᠲᠠᠯ᠎ᠠ ᠪᠠᠷ ᠰᠤᠷᠭᠠᠭᠤᠯᠢ ᠪᠤᠯᠤᠨ ᠭᠡᠷ ᠤᠨ ᠠᠬᠠᠮᠠᠳ ᠤᠨ ᠬᠤᠭᠤᠷᠤᠨᠳᠤᠬᠢ ᠨᠦᠬᠦᠷᠰᠡᠭ ᠬᠠᠷᠢᠴᠠᠭ᠎ᠠ ᠶᠢ ᠤᠯᠠᠮ ᠨᠢᠭᠡ ᠠᠯᠬᠤᠮ ᠵᠤᠵᠠᠭᠠᠳᠬᠠᠵᠦ᠂ ᠬᠡᠤᠬᠡᠳ ᠪᠠᠭᠠᠴᠤᠳ ᠲᠤ ᠪᠠᠨ ᠬᠠᠷᠠᠬᠠᠨ ᠪᠠᠭ᠎ᠠ ᠠᠴᠠ ᠪᠠᠨ ᠦᠨᠳᠦᠰᠦᠲᠠᠨ ᠤ ᠪᠠᠨ ᠵᠠᠩ ᠵᠠᠩᠰᠢᠯ ᠢ ᠦᠪᠯᠡᠨ ᠵᠠᠯᠭᠠᠮᠵᠢᠯᠠᠭᠤᠯᠵᠦ᠂ ᠪᠠᠭᠰᠢ ᠠᠬᠠᠮᠠᠳ ᠢᠶᠠᠨ ᠬᠦᠨᠳᠦᠳᠭᠡᠬᠦ᠂ ᠨᠦᠬᠦᠳ ᠵᠠᠭᠤᠷ᠎ᠠ ᠪᠠᠨ ᠬᠠᠷᠢᠯᠴᠠᠨ ᠬᠠᠶᠢᠷᠠᠯᠠᠵᠦ ᠬᠦᠨᠳᠦᠳᠭᠡᠬᠦ ᠪᠤᠯᠪᠠᠰᠤᠨ ᠶᠤᠰᠤᠷᠬᠠᠭ ᠵᠠᠩ ᠮᠤᠷᠠᠯ ᠤᠨ ᠬᠦᠮᠦᠵᠢᠯ ᠬᠢᠵᠦ᠂ ᠨᠦᠬᠦᠭᠡ ᠲᠠᠯ᠎ᠠ ᠪᠠᠷ ᠰᠢᠨ᠎ᠠ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠲᠠᠰᠢᠷᠠᠮ ᠢᠶᠠᠷ ᠬᠡᠤᠬᠡᠳ ᠲᠤ ᠪᠠᠨ ᠶᠡᠭᠡ ᠭᠡᠷ ᠪᠦᠯᠢ ᠶᠢᠨ ᠡᠶ᠎ᠡ ᠨᠠᠶᠢᠷᠠᠮᠳᠠᠭᠤ᠂ ᠡᠯᠢᠭᠡᠰᠡᠭ ᠲᠤᠲᠤᠨᠤ ᠠᠮᠢᠳᠤᠷᠠᠯ ᠤᠨ ᠠᠭᠤᠷ ᠠᠮᠢᠰᠬᠤᠯ ᠢ ᠪᠤᠢ ᠪᠤᠯᠭᠠᠨ ᠦᠭᠴᠦ᠂ ᠰᠢᠨ᠎ᠠ ᠰᠤᠷᠤᠯᠭ᠎ᠠ ᠶᠢᠨ ᠠᠮᠢᠳᠤᠷᠠᠯ ᠳᠤ ᠪᠠᠨ ᠤᠷᠤᠬᠤ ᠰᠦᠨ ᠴᠠᠭᠠᠨ ᠪᠡᠯᠭᠡᠳᠡᠯ ᠪᠤᠯᠤᠭᠰᠠᠨ ᠪᠠᠶᠢᠨ᠎ᠠ᠃  
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号