ᠪᠤᠭᠤᠮ᠎ᠠ ᠡᠪᠠᠳᠴᠢᠨ ︵炭疽︶ ᠪᠤᠯ ᠪᠤᠭᠤᠮ᠎ᠠ ᠶᠢᠨ ᠰᠠᠪᠬᠠᠨᠴᠢᠷ ᠪᠠᠺᠲ᠋ᠧᠷᠢ ᠠᠴᠠ ᠡᠬᠦᠰᠤᠭ᠍ᠰᠠᠨ | ᠬᠥᠮᠤᠨ ᠠᠮᠢᠳᠠᠨ ᠳᠤ ᠵᠠᠷᠭᠡᠪᠠᠷ ᠬᠠᠯᠳᠠᠪᠤᠷᠢᠯᠠᠳᠠᠭ ᠴᠤᠴᠢᠮᠠᠭ ᠬᠠᠯᠠᠭᠤᠷᠠᠯ ᠤᠨ ᠴᠢᠨᠠᠷᠳᠠᠢ ᠴᠢᠰᠤ ᠥᠵᠢᠷᠠᠬᠦ | ᠡᠪᠠᠳᠴᠢᠨ ᠮᠥᠨ᠃ ︽ᠪᠥᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠠᠮᠢᠳᠠᠨ ᠤ ᠭᠢᠵᠢᠭ ᠢ ᠰᠠᠷᠭᠡᠶᠢᠯᠠᠬᠦ | ᠬᠠᠤᠯᠢ︾ ᠳᠤ ᠪᠤᠭᠤᠮ᠎ᠠ ᠡᠪᠠᠳᠴᠢᠨ ᠢ ᠬᠤᠶᠠᠳᠤᠭᠠᠷ ᠲᠥᠷᠤᠯ ᠤᠨ ᠠᠮᠢᠳᠠᠨ ᠤ ᠭᠢᠵᠢᠭ ᠲᠤ ᠬᠤᠪᠢᠶᠠᠷᠢᠯᠠᠪᠠ᠃ | ᠤᠶᠢᠷ᠎ᠠ ᠶᠢᠨ ᠭᠡᠳᠤᠨ ᠵᠢᠯ ᠳᠤ ᠮᠠᠨ ᠤ ᠤᠷᠤᠨ ᠤ ᠭᠡᠰᠡᠭ ᠭᠠᠵᠠᠷ ᠲᠤ ᠭᠡᠨᠠᠳᠳᠠ ᠶᠢᠨ ᠴᠢᠨᠠᠷᠳᠠᠢ ᠡᠬᠦᠰᠴᠤ᠂ | ᠲᠠᠷᠠᠴᠢᠯᠠᠨ ᠵᠠᠷᠢᠮ ᠬᠥᠮᠤᠰ ᠪᠤᠯᠭᠤᠮᠵᠢ ᠥᠭᠡᠢ ᠪᠠᠷ ᠪᠤᠭᠤᠮ᠎ᠠ ᠡᠪᠠᠳᠴᠢᠨ ᠢᠶᠠᠷ ᠥᠬᠦᠭᠰᠠᠨ ᠥᠭᠡᠷ ᠤᠨ ᠮᠢᠬ᠎ᠠ ᠶᠢ | ᠢᠳᠡᠭᠰᠠᠨ ᠪᠤᠶᠤ ᠪᠤᠭᠤᠮ᠎ᠠ ᠶᠢᠨ ᠪᠠᠺᠲ᠋ᠧᠷᠢ ᠬᠥᠮᠤᠨ ᠤ ᠠᠷᠠᠰᠤ ᠮᠢᠬᠠᠨ ᠤ ᠰᠢᠷᠬᠠᠨ ᠳᠤ ᠰᠢᠭᠤᠳ | ᠬᠥᠷᠤᠯᠴᠡᠭᠰᠠᠨ ᠠᠴᠠ ᠪᠤᠯᠵᠤ ᠬᠠᠯᠳᠠᠪᠤᠷᠢᠯᠠᠭᠳᠠᠨ ᠡᠮᠨᠠᠯᠭᠡ ᠳᠤ ᠤᠷᠤᠭᠰᠠᠨ ᠶᠠᠪᠤᠳᠠᠯ ᠴᠤ ᠭᠠᠷᠪᠠ᠃ ᠡᠶᠢᠮᠤ ᠠᠴᠠ | ᠬᠥᠮᠤᠨ ᠤ ᠡᠷᠠᠬᠦᠯ ᠬᠠᠮᠠᠭᠠᠯᠠᠯ ᠤᠨ ᠬᠠᠮᠢᠶ᠎ᠠ ᠪᠥᠬᠦᠢ ᠰᠠᠯᠠᠭ᠎ᠠ ᠮᠥᠴᠢᠷ ᠠᠴᠠ ᠪᠠᠰᠨ ᠲᠤᠰ ᠬᠠᠯᠳᠠᠪᠤᠷᠢᠳᠤ | ᠡᠪᠠᠳᠴᠢᠨ ᠳᠤ ᠶᠡᠭᠡ ᠠᠩᠬᠠᠷᠤᠯ ᠲᠠᠯᠪᠢᠪᠠ᠃ | ᠨᠢᠭᠡ᠂ ᠡᠪᠠᠳᠴᠢᠨ ᠤ ᠰᠢᠯᠳᠠᠭᠠᠨ ᠪᠠ ᠰᠢᠨᠵᠢ ᠲᠠᠮᠳᠡᠭ ᠲᠤᠰ ᠡᠪᠠᠳᠴᠢᠨ ᠭᠤᠤᠯᠳᠠᠭᠤ ᠵᠤᠨ ᠤ | ᠤᠯᠠᠷᠢᠯ ︵6 — 8 ᠳ᠋ᠤᠭᠠᠷ ᠰᠠᠷ᠎ᠠ︶ ᠳᠤ ᠡᠬᠦᠰᠴᠤ᠂ ᠡᠯ᠎ᠠ ᠨᠠᠰᠤᠨ ᠤ ᠮᠠᠯ᠂ ᠡᠯ᠎ᠠ ᠲᠥᠷᠤᠯ ᠤᠨ ᠮᠠᠯ ︵ | ᠭᠤᠤᠯᠳᠠᠭᠤ ᠥᠭᠡᠷ᠂ ᠠᠳᠤᠭᠤ᠂ ᠬᠤᠨᠢ ᠢᠮᠠᠭ᠎ᠠ᠂ ᠭᠠᠭ᠋ᠠᠢ ᠵᠠᠷᠭᠡ︶ ᠳᠤ ᠪᠥᠷ ᠲᠤᠰᠳᠠᠭ᠃ ᠬᠠᠯᠳᠠᠪᠤᠷᠢᠯᠠᠯ ᠤᠨ | ᠡᠭᠢ ᠪᠤᠯ ᠡᠪᠠᠳᠴᠢᠨ ᠲᠠᠢ ᠮᠠᠯ ᠮᠥᠨ᠃ ᠭᠤᠤᠯ ᠨᠢ ᠲᠠᠵᠢᠭᠡᠯ ᠪᠤᠯᠪᠠᠰᠤᠷᠠᠭᠤᠯᠬᠤ ᠵᠠᠮ ︵ᠲᠠᠵᠢᠭᠡᠯ ᠪᠤᠷᠳᠤᠭ᠎ᠠ᠂ | ᠤᠰᠤ︶᠂ ᠠᠮᠢᠰᠬᠤᠯ ᠤᠨ ᠵᠠᠮ ︵ᠬᠤᠭ ᠲᠤᠭᠤᠰᠤ︶᠂ ᠰᠢᠷᠬ᠎ᠠ ᠪᠠ ᠰᠢᠪᠠᠵᠢ ︵ᠪᠠᠳᠠᠭᠠᠨ᠎ᠠ᠂ ᠰᠢᠮᠠᠭᠤᠯ ᠵᠠᠷᠭᠡ︶ | ᠪᠠᠷ ᠲᠠᠮᠵᠢᠨ ᠬᠠᠯᠳᠠᠪᠤᠷᠢᠯᠠᠳᠠᠭ᠃ ᠪᠤᠭᠤᠮ᠎ᠠ ᠶᠢᠨ ᠰᠠᠪᠬᠠᠨᠴᠢᠷ ᠪᠠᠺᠲ᠋ᠧᠷᠢ ᠶᠢᠨ ᠰᠫᠤᠷᠳᠤ ᠪᠠᠶ᠎ᠠ ᠨᠢ ᠭᠠᠳᠠᠨᠠᠭᠢ | ᠤᠷᠴᠢᠨ ᠲᠤᠭᠤᠷᠢᠨ ᠳᠤ ᠲᠠᠰᠪᠤᠷᠢᠯᠠᠬᠦ ᠴᠢᠳᠠᠯ ᠢᠶᠠᠷ ᠲᠤᠩ ᠴᠢᠩᠭ᠎ᠠ ᠪᠠᠶᠢᠵᠤ᠂ ᠪᠠᠺᠲ᠋ᠧᠷᠢ ᠳᠤ ᠪᠤᠵᠠᠷᠳᠠᠭᠰᠠᠨ | ᠬᠥᠷᠤᠰᠤ ᠰᠢᠷᠤᠢ᠂ ᠠᠷᠠᠰᠤ ᠨᠤᠤᠰᠤ ᠪᠠ ᠭᠠᠵᠠᠷ ᠲᠤᠤᠷ᠎ᠠ ᠪᠤᠯᠠᠭᠳᠠᠭᠰᠠᠨ ᠮᠠᠯ ᠤᠨ ᠥᠬᠦᠳᠠᠯ ᠤᠨ ᠬᠥᠷᠤᠰᠤ | ᠰᠢᠷᠤᠢ ᠲᠤᠤᠷ᠎ᠠ ᠭᠡᠳᠤᠨ ᠵᠢᠯ ᠠᠴᠠ ᠭᠡᠳᠤᠨ ᠠᠷᠪᠠᠨ ᠵᠢᠯ ᠠᠮᠢᠳᠤᠷᠠᠵᠤ ᠴᠢᠳᠠᠳᠠᠭ᠃ | ᠲᠤᠰ ᠡᠪᠠᠳᠴᠢᠨ ᠤ ᠲᠠᠯᠳᠠ ᠬᠤᠭᠤᠴᠠᠭ᠎ᠠ ᠨᠢ 1 — 5 ᠡᠳᠤᠷ ᠪᠠᠶᠢᠵᠤ ᠨᠠᠶᠢᠳᠡᠯᠢᠭ ᠰᠢᠨᠵᠢ | ᠲᠠᠮᠳᠡᠭ ᠨᠢ ᠲᠤᠤᠷᠠᠭᠢ ᠮᠠᠳᠤ ᠭᠤᠷᠪᠠᠨ ᠭᠡᠯᠪᠠᠷᠢ ᠲᠠᠢ᠃ | ᠨᠢᠭᠡ᠂ ᠬᠠᠮᠤᠭ ᠴᠤᠴᠢᠮᠠᠭ ᠭᠡᠯᠪᠠᠷᠢ ︵最急性型︶ ᠭᠡᠨᠠᠳᠳᠠ ᠡᠪᠠᠳᠴᠢᠯᠠᠵᠤ᠂ ᠲᠠᠭᠵᠢᠨ | ᠴᠠᠴᠠᠷᠠᠬᠦ ᠪᠠ ᠰᠠᠵᠢᠯᠠᠬᠤ᠂ ᠭᠡᠨᠠᠳᠳᠠ ᠪᠠᠷ ᠭᠠᠵᠠᠷ ᠲᠤ ᠤᠨᠠᠬᠤ᠂ ᠨᠢᠳᠤᠨ ᠤ ᠬᠠᠯᠢᠰᠤᠳᠤ ᠪᠥᠷᠬᠦᠬᠦᠯ ᠨᠢ ᠬᠥᠭᠡᠷᠠᠬᠦ | ᠂ ᠠᠮᠢᠰᠬᠤᠯ ᠪᠠ ᠵᠢᠷᠤᠭᠡᠨ ᠯᠤᠭᠰᠢᠯᠳᠠ ᠲᠥᠷᠭᠡᠰᠬᠦ᠂ ᠲᠥᠷᠤᠯᠭᠢ ᠰᠥᠪᠠ ᠠᠴᠠ ᠨᠢ ᠴᠢᠰᠤ ᠭᠠᠷᠬᠤ ᠵᠠᠷᠭᠡ ᠢᠯᠠᠷᠠᠯ | ᠡᠬᠦᠰᠴᠤ᠂ ᠭᠡᠳᠤᠨ ᠮᠢᠨᠦ᠋ᠲ ᠠᠴᠠ ᠭᠡᠳᠤᠨ ᠴᠠᠭ ᠤᠨ ᠲᠤᠳᠤᠷ᠎ᠠ ᠥᠬᠦᠳᠡᠭ᠃ | ᠬᠤᠶᠠᠷ᠂ ᠴᠤᠴᠢᠮᠠᠭ ᠭᠡᠯᠪᠠᠷᠢ ︵急性型︶ ᠪᠠᠶ᠎ᠠ ᠶᠢᠨ ᠲᠤᠯᠠᠭᠠᠨ ᠨᠢ ᠲᠠᠭᠡᠭᠰᠢᠯᠠᠭᠡᠳ 41 | — 42 ᠭᠷᠠᠳᠦ᠋ᠰ ᠪᠤᠯᠳᠠᠭ᠃ ᠴᠤᠭ ᠰᠥᠯᠳᠠ ᠨᠢ ᠮᠠᠭᠤ ᠪᠤᠯᠵᠤ ᠲᠠᠵᠢᠭᠡᠯ ᠪᠤᠷᠳᠤᠭ᠎ᠠ ᠢᠳᠠᠬᠦ ᠥᠭᠡᠢ᠂ | ᠰᠠᠯᠢᠰᠤᠳᠤ ᠪᠥᠷᠬᠦᠬᠦᠯ ᠨᠢ ᠬᠥᠭᠡᠷᠠᠵᠤ ᠴᠢᠰᠤ ᠭᠠᠷᠤᠨ᠎ᠠ᠃ ᠡᠭᠢᠨ ᠳᠡᠭᠡᠨ ᠪᠠᠭᠠᠰᠤ ᠨᠢ ᠲᠠᠭᠵᠢᠷᠠᠵᠤ ᠰᠠᠬᠦᠯᠠᠷ ᠨᠢ | ᠰᠢᠩᠭᠡᠨ ᠴᠢᠰᠤ ᠲᠠᠢ ᠪᠠᠭᠠᠰᠤ ᠠᠯᠳᠠᠨ᠎ᠠ᠃ ᠲᠥᠷᠤᠯᠭᠢ ᠰᠥᠪᠠ ᠠᠴᠠ ᠨᠢ ᠴᠢᠰᠤ ᠭᠠᠷᠴᠤ ᠵᠠᠷᠢᠮ ᠳᠠᠭᠠᠨ | ᠴᠢᠰᠤ ᠪᠠᠷ ᠰᠢᠭᠡᠨᠠ᠃ ᠡᠪᠠᠳᠴᠢᠨ ᠲᠠᠢ ᠮᠠᠯ 1 — 2 ᠡᠳᠤᠷ ᠲᠤ ᠥᠬᠦᠳᠡᠭ᠃ | ᠭᠤᠷᠪᠠ᠂ ᠲᠠᠳ᠋ ᠴᠤᠴᠢᠮᠠᠭ ᠭᠡᠯᠪᠠᠷᠢ ︵亚急性︶ ᠴᠤᠴᠢᠮᠠᠭ ᠭᠡᠯᠪᠠᠷᠢ ᠲᠠᠢ ᠠᠳᠠᠯᠢᠪᠳᠤᠷ᠂ | ᠡᠭᠢᠨ ᠳᠡᠭᠡᠨ ᠬᠥᠵᠤᠬᠦᠤ᠂ ᠴᠠᠭᠡᠵᠢ᠂ ᠮᠥᠷᠤ᠂ ᠭᠡᠪᠠᠯᠢ ᠶᠢᠨ ᠠᠷᠠᠰᠤᠨ ᠲᠤᠤᠷ᠎ᠠ᠂ ᠬᠤᠰᠭᠢᠨᠠᠭ ᠵᠠᠷᠭᠡ ᠭᠠᠵᠠᠷ | ᠬᠠᠪᠤᠳᠴᠤ᠂ ᠡᠪᠠᠳᠤᠯᠳᠠ ᠲᠠᠢ᠂ ᠲᠠᠮᠳᠠᠷᠢᠬᠦ ᠳᠤ ᠬᠠᠯᠠᠭᠤᠨ ᠪᠠᠶᠢᠵᠤ᠂ ᠰᠠᠬᠦᠯᠠᠷ ᠨᠢ ᠡᠪᠠᠳᠤᠯᠳᠠ ᠥᠭᠡᠢ ᠨᠢᠯᠴᠠᠭᠠᠢ | ᠬᠥᠢᠳᠠᠨ ᠪᠤᠯᠵᠤ᠂ ᠥᠬᠦᠵᠢᠯ ᠪᠤᠯᠤᠨ ᠰᠢᠷᠬᠠᠯᠠᠭ᠎ᠠ ᠡᠬᠦᠰᠤᠨ᠂ ᠪᠤᠭᠤᠮ᠎ᠠ ᠶᠢᠨ ᠮᠤᠨᠳᠠᠰᠤ ︵炭疽痈︶ | ᠪᠤᠯᠵᠤ 3 — 5 ᠡᠳᠤᠷ ᠲᠤ ᠥᠬᠦᠳᠡᠭ᠃ | ᠲᠤᠰ ᠡᠪᠠᠳᠴᠢᠨ ᠤ ᠥᠪᠠᠷᠮᠢᠴᠨ ᠰᠢᠨᠵᠢ ᠲᠠᠮᠳᠡᠭ᠄ | ᠥᠭᠡᠷ᠄ ᠭᠤᠤᠯᠳᠠᠭᠤ ᠴᠤᠴᠢᠮᠠᠭ ᠭᠡᠯᠪᠠᠷᠢ ᠪᠠᠷ ᠡᠬᠦᠰᠳᠡᠭ᠃ ᠲᠠᠭᠡᠷᠠᠭᠢ ᠨᠠᠶᠢᠳᠡᠯᠢᠭ ᠰᠢᠨᠵᠢ ᠲᠠᠮᠳᠡᠭ ᠠᠴᠠ | ᠭᠠᠳᠠᠨ᠎ᠠ ᠪᠠᠰᠨ ᠬᠥᠵᠡᠭᠡ ᠨᠢ ᠬᠥᠭᠡᠬᠦ᠂ ᠭᠡᠪᠠᠯᠢ ᠨᠢ ᠡᠪᠠᠳᠬᠦ᠂ ᠡᠭᠢᠨ ᠳᠡᠭᠡᠨ ᠬᠥᠭᠡᠷᠬᠦ᠂ ᠠᠶᠤᠨ ᠰᠤᠴᠢᠬᠤ᠂ ᠠᠳᠠ | ᠲᠠᠨᠳᠠ ᠮᠥᠷᠬᠦᠬᠦ᠂ ᠰᠠᠬᠦᠯᠠᠷ ᠨᠢ ᠮᠠᠭᠤᠵᠢᠷᠠᠬᠤ ᠵᠠᠷᠭᠡ ᠢᠯᠠᠷᠠᠯ ᠲᠠᠢ᠃ | ᠠᠳᠤᠭᠤ᠄ ᠭᠤᠤᠯᠳᠠᠭᠤ ᠴᠤᠴᠢᠮᠠᠭ ᠭᠡᠯᠪᠠᠷᠢ ᠪᠠ ᠲᠠᠳ᠋ ᠴᠤᠴᠢᠮᠠᠭ ᠭᠡᠯᠪᠠᠷᠢ ᠪᠠᠷ ᠡᠬᠦᠰᠤᠨ᠎ᠠ᠃ ᠲᠠᠭᠡᠷᠠᠭᠢ | ᠨᠠᠶᠢᠳᠡᠯᠢᠭ ᠰᠢᠨᠵᠢ ᠲᠠᠮᠳᠡᠭ ᠠᠴᠠ ᠭᠠᠳᠠᠨ᠎ᠠ ᠪᠠᠰᠨ ᠭᠡᠳᠠᠰᠤ ᠡᠪᠠᠳᠬᠦ᠂ ᠬᠥᠯᠤᠰᠤ ᠭᠠᠷᠬᠤ᠂ ᠠᠮᠢᠰᠬᠤᠯ ᠲᠥᠷᠭᠡᠰᠬᠦ | ᠵᠠᠷᠭᠡ ᠢᠯᠠᠷᠠᠯ ᠲᠠᠢ᠃ | ᠬᠤᠨᠢ ᠢᠮᠠᠭ᠎ᠠ᠄ ᠤᠯᠠᠩᠭᠢ ᠳᠠᠭᠠᠨ ᠬᠠᠮᠤᠭ ᠴᠤᠴᠢᠮᠠᠭ ᠭᠡᠯᠪᠠᠷᠢ ᠪᠠᠷ ᠡᠬᠦᠰᠳᠡᠭ᠃ ᠵᠠᠷᠢᠮ ᠨᠢ ᠡᠳᠤᠷ ᠨᠢ | ᠡᠷᠠᠬᠦᠯ ᠪᠠᠯᠴᠢᠵᠤ ᠪᠠᠶᠢᠭ᠎ᠠ ᠬᠤᠨᠢ ᠲᠠᠷᠠᠭ᠎ᠠ ᠨᠢ ᠡᠷᠳᠠ ᠨᠢ ᠠᠵᠢᠭᠯᠠᠬᠤ ᠳᠤ ᠬᠠᠰᠢᠶᠠᠨ ᠲᠤᠳᠤᠷ᠎ᠠ ᠪᠠᠨ ᠥᠬᠦᠭᠰᠠᠨ | ᠪᠠᠶᠢᠳᠠᠭ᠃ ᠡᠰᠠᠬᠦᠯ᠎ᠠ ᠪᠠᠯᠴᠢᠵᠤ ᠪᠠᠶᠢᠭ᠎ᠠ ᠬᠤᠨᠢᠨ ᠰᠥᠷᠤᠭ᠌ ᠠᠴᠠ ᠪᠠᠨ ᠬᠤᠴᠤᠷᠬᠤ᠂ ᠭᠡᠪᠳᠠᠬᠦ ᠪᠤᠶᠤ ᠠᠯᠬᠤᠬᠤ | ᠳᠤ ᠨᠠᠶᠢᠭᠤᠯᠵᠠᠵᠤ᠂ ᠡᠪᠠᠰᠤ ᠢᠳᠠᠬᠦ ᠲᠤᠷ᠎ᠠ ᠥᠭᠡᠢ ᠪᠠᠶᠢᠵᠤ ᠭᠡᠨᠠᠳᠳᠠ ᠪᠠᠷ ᠠᠮᠢᠰᠬᠤᠯ ᠲᠥᠷᠭᠡᠳᠴᠤ᠂ | ᠬᠥᠵᠤᠬᠦᠤ ᠪᠠᠨ ᠨᠤᠭᠤᠯᠤᠨ ᠰᠢᠳᠤ ᠬᠠᠪᠢᠷᠴᠤ ᠬᠠᠭᠠᠰ ᠴᠠᠭ ᠪᠤᠶᠤ ᠬᠤᠶᠠᠷ ᠴᠠᠭ ᠤᠨ ᠲᠤᠳᠤᠷ᠎ᠠ ᠥᠬᠦᠳᠡᠭ᠃ | | ᠭᠠᠭ᠋ᠠᠢ᠄ ᠤᠯᠠᠩᠭᠢ ᠳᠠᠭᠠᠨ ᠤᠳᠠᠭᠠᠨ ᠭᠡᠯᠪᠠᠷᠢ ᠪᠠᠷ ᠲᠤᠰᠴᠤ᠂ ᠤᠳᠠᠭᠠᠨ ᠭᠡᠯᠪᠠᠷᠢ ᠶᠢᠨ ᠪᠠᠭᠠᠯᠵᠤᠤᠷ ᠤᠨ | ᠥᠷᠪᠢᠰᠤᠯ ᠤᠯᠵᠤ᠂ ᠵᠠᠷᠢᠮ ᠨᠢ ᠪᠥᠭᠯᠠᠷᠠᠵᠤ ᠥᠬᠦᠳᠡᠭ᠃ ᠴᠤᠴᠢᠮᠠᠭ ᠪᠠ ᠲᠠᠳ᠋ ᠴᠤᠴᠢᠮᠠᠭ ᠭᠡᠯᠪᠠᠷᠢ ᠪᠠᠷ ᠡᠬᠦᠰᠴᠤ | ᠥᠬᠦᠳᠡᠭ ᠴᠤ ᠪᠤᠢ᠃ | ᠬᠤᠶᠠᠷ᠂ ᠡᠮᠭᠡᠭ ᠤᠨ ᠬᠤᠪᠢᠷᠠᠯᠳᠠ ᠪᠤᠭᠤᠮ᠎ᠠ ᠪᠠᠷ ᠥᠬᠦᠭᠰᠠᠨ ᠮᠠᠯ ᠤᠨ ᠭᠡᠬᠦᠷ᠂ ᠴᠢᠰᠤ ᠪᠠ ᠡᠷᠭᠡᠳᠠᠨ | ᠲᠤᠳᠤᠷ᠎ᠠ ᠶᠡᠭᠡ ᠭᠡᠮᠵᠢᠶᠠᠨ ᠤ ᠪᠤᠭᠤᠮ᠎ᠠ ᠶᠢᠨ ᠰᠠᠪᠬᠠᠨᠴᠢᠷ ᠪᠠᠺᠲ᠋ᠧᠷᠢ ᠬᠠᠳᠠᠭᠠᠯᠠᠭᠳᠠᠵᠤ᠂ ᠭᠡᠷᠪᠠ ᠭᠠᠳᠠᠨᠠᠭᠢ | ᠤᠷᠴᠢᠨ ᠲᠤᠭᠤᠷᠢᠨ ᠲᠠᠢ ᠬᠥᠷᠤᠯᠴᠠᠪᠠᠯ ᠠᠮᠠᠷᠬᠠᠨ ᠰᠫᠤᠷᠳᠤ ᠪᠠᠶ᠎ᠠ ᠪᠤᠯᠵᠤ ᠲᠠᠰᠪᠤᠷᠢᠯᠠᠬᠦ ᠴᠢᠳᠠᠯ ᠢᠶᠠᠷ ᠴᠢᠩᠭ᠎ᠠ | ᠪᠤᠯᠤᠭᠠᠳ ᠤᠰᠠᠳᠬᠠᠬᠤ ᠳᠤ ᠭᠢᠯᠪᠠᠷ ᠪᠤᠰᠤ ᠪᠤᠯᠳᠠᠭ᠃ ᠨᠠᠩ ᠴᠢᠬᠤᠯᠨ ᠨᠢ ᠪᠤᠰᠤᠳ ᠮᠠᠯ ᠳᠤ ᠬᠠᠯᠳᠠᠪᠤᠷᠢᠯᠠᠬᠤ | ᠠᠶᠤᠯ ᠲᠠᠢ᠃ ᠡᠶᠢᠮᠤ ᠠᠴᠠ ᠪᠤᠭᠤᠮ᠎ᠠ ᠡᠪᠠᠳᠴᠢᠨ ᠢᠶᠠᠷ ᠥᠬᠦᠭᠰᠠᠨ ᠮᠠᠯ ᠤᠨ ᠭᠡᠬᠦᠷ ᠢ ᠵᠠᠷᠴᠢᠮ ᠲᠠᠭᠡᠷ᠎ᠠ ᠪᠠᠨ ᠭᠡᠬᠦᠷ | ᠵᠠᠳᠠᠯᠵᠤ ᠪᠤᠯᠬᠤ ᠥᠭᠡᠢ᠂ ᠲᠠᠷᠤᠢ ᠲᠥᠷᠭᠡᠨ ᠤᠷᠴᠢᠨ ᠲᠤᠭᠤᠷᠢᠨ ᠢ ᠨᠢ ᠠᠷᠢᠭᠤᠳᠬᠠᠵᠤ᠂ ᠭᠡᠬᠦᠷ ᠢ ᠨᠢ | ᠪᠥᠬᠦᠯᠢ ᠪᠠᠷ ᠰᠢᠳᠠᠭᠠᠬᠤ ᠪᠤᠶᠤ ᠬᠥᠨ ᠪᠤᠯᠠᠵᠤ ᠬᠠᠶᠠᠨ᠎ᠠ᠃ | ᠡᠪᠠᠳᠴᠢᠨ ᠢᠶᠠᠷ ᠥᠬᠦᠭᠰᠠᠨ ᠮᠠᠯ ᠤᠨ ᠭᠡᠬᠦᠷ ᠨᠢ ᠲᠥᠷᠭᠡᠨ ᠢᠯᠵᠢᠷᠠᠵᠤ ᠲᠠᠯᠡᠭᠳᠠᠭᠡᠳ᠂ ᠴᠢᠰᠤ ᠨᠢ | ᠡᠭᠡᠳᠠᠷᠠᠬᠦ ᠥᠭᠡᠢ᠂ ᠠᠷᠠᠰᠤ ᠰᠠᠯᠢᠰᠤᠳᠤ ᠪᠥᠷᠬᠦᠬᠦᠯ ᠤᠨ ᠲᠤᠤᠷ᠎ᠠ ᠰᠢᠷ᠎ᠠ ᠥᠡᠭᠭᠡᠳᠠᠢ ᠴᠠᠪᠠᠤᠯᠢᠭ ᠰᠢᠩᠭᠡᠨ ᠭᠠᠷᠤᠨ᠎ᠠ | ᠃ ᠲᠥᠷᠤᠯᠭᠢ ᠰᠥᠪᠠ ᠠᠴᠠ ᠨᠢ ᠴᠢᠰᠤ ᠭᠠᠷᠴᠤ ᠬᠤᠰᠭᠢᠨᠠᠭ ᠨᠢ ᠪᠤᠯᠳᠠᠶᠢᠨᠠ᠃ ᠡᠯᠢᠭᠡ᠂ ᠲᠠᠯᠢᠬᠦᠤ᠂ ᠪᠥᠭᠡᠷ᠎ᠠ᠂ | ᠠᠭᠤᠰᠭᠢ ᠨᠢ ᠲᠤᠮᠤᠷᠠᠵᠤ ᠴᠢᠰᠤ ᠭᠠᠷᠬᠤ ᠵᠠᠷᠭᠡ ᠡᠮᠭᠡᠭ ᠤᠨ ᠬᠤᠪᠢᠷᠠᠯ ᠲᠠᠢ᠃ | ᠭᠤᠷᠪᠠ᠂ ᠤᠨᠤᠰᠢᠯᠠᠨ ᠲᠤᠳᠤᠯᠠᠬᠤ ᠲᠤᠰ ᠡᠪᠠᠳᠴᠢᠨ ᠢ ᠤᠨᠤᠰᠢᠯᠠᠨ ᠲᠤᠳᠤᠯᠠᠬᠤ ᠳᠤ ᠡᠪᠠᠳᠴᠢᠨ ᠤ | ᠲᠠᠯᠭᠡᠷᠠᠬᠦ ᠵᠥᠢ᠂ ᠰᠢᠨᠵᠢ ᠲᠠᠮᠳᠡᠭ ᠪᠠ ᠡᠮᠭᠡᠭ ᠤᠨ ᠬᠤᠪᠢᠷᠠᠯᠳᠠ ᠶᠢ ᠥᠨᠳᠤᠰᠤᠯᠠᠬᠦ ᠠᠴᠠ ᠭᠠᠳᠠᠨ᠎ᠠ ᠭᠤᠤᠯᠳᠠᠭᠤ | ᠪᠠᠺᠲ᠋ᠧᠷᠢ ᠰᠠᠯᠭᠠᠬᠤ᠂ ᠴᠠᠭᠠᠷᠢᠭᠯᠠᠨ ᠲᠤᠨᠤᠬᠤ ᠤᠷᠪᠠᠯ ︵环状沉淀反应︶ ᠵᠠᠷᠭᠡ | ᠲᠤᠷᠰᠢᠯᠳᠠ ᠶᠢᠨ ᠠᠷᠭ᠎ᠠ ᠶᠢ ᠥᠨᠳᠤᠰᠤᠯᠠᠨ ᠲᠤᠳᠤᠯᠠᠨ᠎ᠠ᠃ | ᠲᠥᠷᠪᠠ᠂ ᠰᠠᠷᠭᠡᠶᠢᠯᠠᠬᠦ ᠭᠡᠷᠪᠠ ᠪᠤᠭᠤᠮ᠎ᠠ ᠡᠪᠠᠳᠴᠢᠨ ᠢᠶᠠᠷ ᠥᠬᠦᠭᠰᠠᠨ ᠮᠠᠯ ᠭᠡᠵᠤ ᠲᠤᠳᠤᠯᠠᠪᠠᠯ ᠲᠠᠷᠤᠢ | ᠲᠥᠷᠭᠡᠨ ᠲᠠᠭᠡᠳᠤ ᠱᠠᠳᠤᠨ ᠤ ᠬᠠᠮᠢᠶ᠎ᠠ ᠪᠥᠬᠦᠢ ᠪᠠᠶᠢᠭᠤᠯᠭ᠎ᠠ ᠳᠤ ᠮᠠᠳᠡᠭᠳᠠᠵᠤ ᠡᠪᠠᠳᠴᠢᠨ ᠡᠬᠦᠰᠤᠭ᠍ᠰᠠᠨ ᠲᠤᠬᠠᠢ ᠶᠢᠨ | ᠭᠠᠵᠠᠷ ᠤᠷᠤᠨ ᠢ ᠪᠢᠳᠠᠬᠦᠮᠵᠢᠯᠠᠨ᠂ ᠬᠥᠮᠤᠨ ᠮᠠᠯ᠂ ᠲᠠᠷᠭᠡ ᠤᠨᠤᠭ᠎ᠠ ᠵᠠᠷᠭᠡ ᠶᠢᠨ ᠨᠠᠰᠢ ᠴᠠᠰᠢ ᠭᠠᠷᠴᠤ ᠤᠷᠤᠬᠤ ᠶᠢ | ᠭᠢᠵᠠᠭᠠᠷᠯᠠᠨ᠎ᠠ᠃ ᠲᠠᠷᠨ ᠲᠠᠷᠤᠢ ᠳᠤᠨᠢ ᠡᠪᠠᠳᠴᠢᠨ ᠲᠠᠢ ᠮᠠᠯ ᠢ ᠲᠤᠰᠠᠭᠠᠷᠯᠠᠵᠤ ︵ᠡᠮᠴᠢᠯᠡᠭᠡ ᠭᠢᠵᠤ ᠵᠠᠰᠠᠵᠤ ᠪᠤᠯᠬᠤ | ᠥᠭᠡᠢ︶᠂ ᠤᠷᠴᠢᠨ ᠲᠤᠭᠤᠷᠢᠨ ᠤ ᠡᠷᠠᠬᠦᠯ ᠮᠠᠯ ᠳᠤ ᠲᠠᠷᠤᠢ ᠲᠥᠷᠭᠡᠨ ᠰᠠᠷᠭᠡᠶᠢᠯᠠᠬᠦ ᠲᠠᠷᠢᠯᠭ᠎ᠠ ᠲᠠᠷᠢᠨ᠎ᠠ᠃ | ᠤᠳᠤᠬᠠᠨ ᠳᠤ ᠭᠡᠷᠡᠭᠯᠠᠵᠤ ᠪᠠᠶᠢᠭ᠎ᠠ ᠸᠠᠺᠼᠢᠨ ᠪᠤᠯ Ⅱ ᠳ᠋ᠤᠭᠠᠷ ᠨᠤᠮᠧᠷᠳᠤ ᠪᠤᠭᠤᠮ᠎ᠠ ᠶᠢᠨ ᠰᠠᠪᠬᠠᠨᠴᠢᠷ | ᠪᠠᠺᠲ᠋ᠧᠷᠢ ᠶᠢᠨ ᠰᠫᠤᠷᠳᠤ ᠸᠠᠺᠼᠢᠨ ᠮᠥᠨ᠂ ᠶᠡᠭᠡ ᠪᠠᠭ᠎ᠠ ᠮᠠᠯ ᠪᠥᠷᠢ ᠳᠤ ᠠᠷᠠᠰᠤᠨ ᠲᠤᠤᠷ᠎ᠠ ᠨᠢ ᠨᠢᠭᠡ ᠮᠢᠯᠢᠯᠢᠳ᠋ᠷ | ᠲᠠᠷᠢᠨ᠎ᠠ᠃ ᠰᠠᠷᠭᠡᠶᠢᠯᠠᠬᠦ ᠬᠤᠭᠤᠴᠠᠭ᠎ᠠ ᠨᠢ ᠨᠢᠭᠡ ᠵᠢᠯ᠃ | ᠮᠠᠯ ᠤᠨ ᠪᠤᠵᠠᠷᠳᠤᠭᠰᠠᠨ ᠬᠠᠰᠢᠶ᠎ᠠ ᠬᠥᠷᠢᠶ᠎ᠠ ᠶᠢ 20% ᠶᠢᠨ ᠴᠠᠶᠢᠷᠠᠭᠤᠯᠬᠤ ᠨᠤᠨᠳᠠᠭ ᠤᠨ ᠠᠭᠤᠰᠤᠮᠠᠯ ᠢᠶᠠᠷ | ᠠᠷᠢᠭᠤᠳᠬᠠᠵᠤ᠂ ᠲᠠᠵᠢᠭᠡᠯ ᠪᠤᠷᠳᠤᠭ᠎ᠠ᠂ ᠮᠠᠯ ᠤᠨ ᠪᠠᠭᠠᠰᠤ ᠵᠠᠷᠭᠡ ᠶᠢ ᠰᠢᠳᠠᠭᠠᠨ᠎ᠠ᠃ ᠮᠠᠯ ᠤᠨ ᠭᠡᠬᠦᠷ ᠢ ᠰᠢᠳᠠᠭᠠᠵᠤ | ᠬᠥᠨ ᠪᠤᠯᠠᠨ᠎ᠠ᠃ ᠪᠤᠯᠠᠬᠤ ᠳᠠᠭᠠᠨ ᠡᠷᠭᠡᠪᠰᠢ ᠬᠤᠶᠠᠷ ᠮᠧᠳ᠋ᠷ ᠠᠴᠠ ᠲᠤᠷᠤᠭᠰᠢ ᠬᠥᠨ ᠮᠠᠯᠳᠠᠵᠤ ᠮᠠᠯ ᠤᠨ ᠥᠬᠦᠳᠠᠯ | ᠤᠨ ᠲᠠᠭᠡᠷ᠎ᠠ ᠪᠠ ᠲᠤᠤᠷ᠎ᠠ ᠲᠠᠯ᠎ᠠ ᠳᠤᠨᠢ ᠵᠤᠵᠠᠭᠠᠨ ᠴᠠᠶᠢᠷᠠᠭᠤᠯᠬᠤ ᠨᠤᠨᠳᠠᠭ ᠢ ᠲᠠᠪᠢᠰᠤᠨᠠ᠃ ᠬᠠᠮᠤᠭ ᠤᠨ ᠰᠠᠬᠦᠯ | ᠳᠤ ᠬᠥᠮᠤᠨ᠂ ᠲᠠᠷᠭᠡ᠂ ᠪᠠᠭᠠᠵᠢ ᠭᠡᠷᠡᠭᠰᠠᠯ ᠵᠠᠷᠭᠡ ᠪᠠᠨ 20% ᠶᠢᠨ ᠴᠠᠶᠢᠷᠠᠭᠤᠯᠬᠤ ᠨᠤᠨᠳᠠᠭ ᠪᠤᠶᠤ ᠲᠤᠰᠬᠠᠢ | ᠠᠷᠢᠭᠤᠳᠬᠠᠯ ᠤᠨ ᠡᠮ ᠢᠶᠠᠷ ᠬᠥᠢᠴᠠᠳ ᠠᠷᠢᠭᠤᠳᠬᠠᠨ᠎ᠠ᠃ | ᠤᠳᠤᠬᠠᠨ ᠳᠤ ᠮᠠᠨ ᠤ ᠤᠷᠤᠨ ᠤ ᠡᠯ᠎ᠠ ᠭᠠᠵᠠᠷ ᠲᠤ ᠪᠤᠭᠤᠮ᠎ᠠ ᠡᠪᠠᠳᠴᠢᠨ ᠢ ᠭᠤᠤᠯᠳᠠᠭᠤ ᠰᠠᠷᠭᠡᠶᠢᠯᠠᠬᠦ ᠪᠠᠷ | ᠭᠤᠤᠯ ᠪᠤᠯᠭᠠᠵᠤ᠂ ᠵᠢᠯ ᠪᠥᠷᠢ ᠲᠤᠭᠳᠠᠭᠰᠠᠨ ᠬᠤᠭᠤᠴᠠᠭ᠎ᠠ ᠲᠠᠢ ᠮᠠᠯ ᠳᠠᠭᠠᠨ ᠰᠠᠷᠭᠡᠶᠢᠯᠠᠬᠦ ᠲᠠᠷᠢᠯᠭ᠎ᠠ ᠲᠠᠷᠢᠵᠤ | ᠰᠠᠷᠭᠡᠶᠢᠯᠠᠯᠳᠠ ᠪᠠᠨ ᠴᠢᠩᠭᠠᠳᠬᠠᠵᠤ ᠪᠠᠶᠢᠨ᠎ᠠ᠃ | |