ᠲᠤᠭᠤᠯᠯᠠᠭᠰᠠᠨ ᠥᠨᠢᠶᠠᠨ ᠤ ᠰᠨ ᠡᠪᠠᠳᠴᠢᠨ ᠢ ᠰᠠᠷᠭᠡᠶᠢᠯᠠᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2018-03-07
     ᠲᠤᠭᠤᠯᠯᠠᠭᠰᠠᠨ ᠤ ᠬᠤᠶᠢᠨᠠᠭᠢ ᠥᠨᠢᠶᠠᠨ ᠤ ᠰᠨ ᠶᠢ ᠪᠠᠰᠨ ᠰᠥᠨ ᠤ ᠬᠠᠯᠠᠭᠤᠨ ᠭᠡᠮ ᠭᠡᠳᠡᠭ᠃ ᠡᠨ᠋ᠨ ᠪᠤᠯ ᠲᠤᠭᠤᠯᠯᠠᠭᠠᠳ 48 — 72 ᠴᠠᠭ ᠪᠤᠯᠤᠭᠰᠠᠨ ᠰᠠᠭᠠᠯᠢ ᠶᠢᠨ ᠥᠨᠢᠶ᠎ᠠ ᠳᠤ ᠯᠨ ᠡᠬᠦᠰᠳᠡᠭ ᠨᠢᠭᠡ ᠵᠥᠢᠯ ᠤᠨ ᠲᠥᠷᠭᠡᠨ ᠴᠢᠨᠠᠷᠳᠠᠢ ᠲᠤᠤᠷ᠎ᠠ ᠺᠠᠯᠼᠳᠤ ᠴᠢᠰᠤᠨ ᠤ ᠭᠡᠮ ᠪᠤᠯᠬᠤ ᠶᠤᠮ᠃ ᠲᠠᠷᠤᠢ᠂ ᠭᠡᠮᠨᠡᠭᠰᠠᠨ ᠥᠨᠢᠶ᠎ᠠ ᠭᠡᠪᠳᠠᠭᠡᠳ ᠪᠤᠰᠬᠤ ᠥᠭᠡᠢ᠂ ᠴᠤᠭ ᠰᠥᠯᠳᠠ ᠮᠠᠭᠤᠳᠠᠬᠤ᠂ ᠮᠠᠨᠠᠷᠠᠬᠤ ᠪᠤᠶᠤ ᠰᠨ ᠪᠤᠯᠬᠤ ᠵᠠᠷᠭᠡ ᠢᠯᠠᠷᠠᠯ ᠲᠠᠢ ᠶᠤᠮ᠃        ᠤᠷᠢᠳᠴᠢᠯᠠᠨ ᠰᠠᠷᠭᠡᠶᠢᠯᠠᠬᠦ ᠲᠠᠯ᠎ᠠ ᠪᠠᠷ᠂ ᠲᠤᠭᠤᠯᠯᠠᠬᠤ ᠠᠴᠠ ᠡᠮᠤᠨ᠎ᠠ 5 — 7 ᠡᠳᠤᠷ ᠲᠤ ᠺᠠᠯᠼ ᠤᠨ ᠰᠢᠩᠭᠡᠭᠡᠯᠳᠠ ᠶᠢ ᠭᠢᠵᠠᠭᠠᠷᠯᠠᠬᠤ ᠪᠥᠭᠡᠳ ᠸᠢᠲ᠋ᠠᠮᠢᠨ D ︵ᠡᠳᠤᠷ ᠪᠥᠷᠢ 2 — 3 ᠮᠢᠩᠭᠠᠨ ᠨᠢᠭᠡᠴᠢ ᠥᠭᠬᠦ ᠶᠢ ᠭᠢᠵᠠᠭᠠᠷᠯᠠᠨ᠎ᠠ᠃ ᠡᠬᠦᠨ ᠤ ᠲᠠᠭᠠᠤ ᠡᠳᠤᠷ ᠤᠨ ᠲᠠᠵᠢᠭᠡᠯ ᠳᠠᠬᠢ ᠹᠤᠰᠹᠤᠷ ᠤᠨ ᠠᠬᠤᠭᠤᠯᠤᠭᠳᠠᠴᠨ ᠶᠢ ᠨᠠᠮᠡᠭᠳᠠᠬᠦᠯᠤᠨ᠎ᠠ ᠃   ᠡᠮᠨᠠᠨ ᠵᠠᠰᠠᠬᠤ ᠲᠠᠯ᠎ᠠ ᠪᠠᠷ ᠲᠤᠤᠷᠠᠭᠢ ᠠᠷᠭ᠎ᠠ ᠨᠤᠭᠤᠳ ᠢ ᠠᠪᠴᠤ ᠪᠤᠯᠤᠨ᠎ᠠ᠃        1. 4% ᠶᠢᠨ 500 — 1000 ᠮᠢᠯᠯᠢᠯᠢᠳ᠋ᠷ ᠪᠤᠷ ᠬᠥᠴᠢᠯ ᠪᠤᠯᠤᠨ 20% — 30% ᠶᠢᠨ ᠥᠵᠤᠮ ᠤᠨ ᠰᠢᠭᠢᠷ ᠤᠨ ᠬᠥᠴᠢᠯᠳᠤ ᠺᠠᠯᠼ ᠢ ᠨᠠᠮᠵᠢᠭᠤᠨ ᠰᠤᠳᠠᠯ ᠳᠤᠨᠢ ᠠᠭᠠᠵᠢᠮ ᠢᠶᠠᠷ ᠲᠠᠷᠢᠨ᠎ᠠ ︵ᠲᠠᠷᠢᠯᠭ᠎ᠠ ᠳᠤ ᠭᠡᠷᠡᠭᠰᠠᠬᠦ ᠴᠠᠭ ᠢ ᠠᠳᠠᠭ ᠲᠠᠭᠠᠨ 10 — 20 ᠮᠢᠨᠦ᠋ᠲ ᠠᠴᠠ ᠲᠠᠭᠡᠭᠰᠢ ᠪᠠᠶᠢᠯᠭᠠᠨ᠎ᠠ︶᠂ ᠡᠳᠤᠷ ᠲᠤ ᠬᠤᠶᠠᠷ ᠤᠳᠠᠭ᠎ᠠ ᠲᠠᠷᠢᠨ᠎ᠠ᠃ ᠺᠠᠯᠼ ᠤᠨ ᠡᠮᠴᠢᠯᠡᠭᠡ ᠶᠢ ᠭᠡᠷᠡᠭᠯᠠᠬᠦ ᠥᠶ᠎ᠠ ᠳᠤ ᠭᠡᠮ ᠲᠠᠢ ᠥᠨᠢᠶ᠎ᠠ ᠶᠢᠨ ᠵᠢᠷᠤᠭᠡᠨ ᠤ ᠠᠵᠢᠯᠯᠠᠭ᠎ᠠ ᠶᠢ ᠠᠩᠬᠠᠷᠬᠤ ᠭᠡᠷᠡᠭᠳᠠᠢ᠃ ᠭᠡᠷᠪᠠ ᠵᠢᠷᠤᠭᠡᠨ ᠤ ᠴᠤᠭᠢᠯᠳᠠ ᠨᠢ ᠵᠢᠭᠳᠡ ᠪᠤᠰᠤ ᠪᠤᠶᠤ ᠲᠥᠷᠭᠡᠨ ᠪᠠᠶᠢᠬᠤ ᠥᠶ᠎ᠠ ᠳᠤ ᠲᠠᠷᠢᠯᠭ᠎ᠠ ᠪᠠᠨ ᠲᠠᠷᠦ᠋ᠢᠬᠠᠨ ᠵᠤᠭᠰᠤᠵᠤ᠂ ᠭᠡᠪ ᠤᠨ ᠪᠠᠶᠢᠳᠠᠯ ᠲᠠᠢ ᠪᠤᠯᠤᠭᠰᠠᠨ ᠤ ᠲᠠᠷᠠᠭ᠎ᠠ ᠲᠠᠭᠢᠨ ᠲᠠᠷᠢᠬᠤ ᠭᠡᠷᠡᠭᠳᠠᠢ᠃        2. ᠲᠠᠯᠠᠩ ᠢ ᠨᠢ ᠰᠠᠯᠭᠢᠳᠠᠭᠤᠯᠤᠨ᠎ᠠ᠃ ᠰᠦ ᠶᠢ ᠨᠢ ᠰᠠᠭᠠᠵᠤ ᠪᠠᠷᠠᠭᠰᠠᠨ ᠤ ᠲᠠᠷᠠᠭ᠎ᠠ ᠲᠠᠯᠠᠩ ᠤᠨ ᠰᠠᠯᠭᠢᠳᠠᠭᠤᠷ ᠢᠶᠠᠨ ᠨᠢᠮᠪᠠᠢ ᠠᠷᠢᠭᠤᠳᠬᠠᠭᠠᠳ ᠲᠠᠯᠠᠩ ᠢ ᠵᠤᠭᠢᠬᠤ ᠭᠡᠮᠵᠢᠶ᠎ᠠ ᠲᠠᠢ ᠪᠠᠷ ᠰᠠᠯᠭᠢᠳᠠᠭᠤᠯᠪᠠᠯ ᠴᠢᠰᠤᠨ ᠺᠠᠯᠼ ᠤᠨ ᠥᠳᠭᠡᠴᠨ ᠨᠢ ᠥᠨᠳᠤᠷᠵᠢᠨ᠂ ᠭᠡᠳᠤᠨ ᠴᠠᠭ ᠤᠨ ᠲᠤᠳᠤᠷ᠎ᠠ ᠭᠡᠮ ᠲᠠᠢ ᠥᠨᠢᠶ᠎ᠠ ᠨᠢ ᠭᠡᠪ ᠤᠨ ᠪᠠᠶᠢᠳᠠᠯ  ᠳᠠᠭᠠᠨ ᠤᠷᠤᠨ᠎ᠠ᠃        3. ᠺᠠᠯᠼ ᠢᠶᠠᠷ ᠡᠮᠨᠡᠭᠰᠠᠨ ᠤ ᠲᠠᠷᠠᠭ᠎ᠠ ᠥᠨᠢᠶ᠎ᠠ ᠰᠠᠷᠬᠦᠨ ᠰᠠᠷᠭᠡᠭᠵᠢᠬᠦ ᠪᠤᠯᠪᠠᠴᠤ ᠮᠥᠨ ᠯᠨ ᠪᠤᠰᠴᠤ ᠲᠠᠶᠢᠯᠬᠦ ᠥᠭᠡᠢ ᠶᠤᠮ᠃ ᠡᠨ᠋ᠨ ᠥᠶ᠎ᠠ ᠳᠤ ᠨᠠᠮᠵᠢᠭᠤᠨ ᠰᠤᠳᠠᠯ ᠳᠤᠨᠢ 20% ᠶᠢᠨ 300 — 500 ᠮᠢᠯᠯᠢᠯᠢᠳ᠋ᠷ ᠹᠤᠰᠹᠤᠷ ᠬᠥᠴᠢᠯ ᠤᠨ ᠬᠤᠶᠠᠷᠴᠢ ᠤᠰᠤᠳᠦ᠋ᠷᠤᠭ᠍ᠴᠢᠳᠤ ᠨᠠᠳ᠋ᠷᠢ ᠪᠤᠶᠤ 3% ᠶᠢᠨ 100 ᠮᠢᠯᠯᠢᠯᠢᠳ᠋ᠷ ᠲᠠᠳ᠋ ᠹᠤᠰᠹᠤᠷ ᠬᠥᠴᠢᠯ  ᠤᠨ ᠺᠠᠯᠼ ᠤᠨ ᠠᠭᠤᠰᠤᠮᠠᠯ ᠢ ᠲᠠᠷᠢᠪᠠᠯ ᠰᠠᠶᠢᠨ᠃
 
ᠢᠷᠡᠯᠲᠡ᠄ ᠤᠯᠠᠭᠠᠨ ᠬᠠᠳᠠ ᠶᠢᠨ ᠡᠳᠥᠷ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号