ᠥᠭᠡᠷ ᠤᠨ ᠭᠡᠯᠨ ᠢᠯᠵᠢᠷᠠᠬᠦ ᠡᠪᠠᠳᠴᠢᠨ ᠢ ᠰᠠᠷᠭᠡᠶᠢᠯᠠᠨ ᠵᠠᠰᠠᠬᠤ
ᠨᠡᠶᠢᠲᠡᠯᠡᠭᠰᠡᠨ ᠴᠠᠭ᠄
2018-03-07
      ᠥᠭᠡᠷ ᠤᠨ ᠭᠡᠯᠨ ᠢᠯᠵᠢᠷᠠᠬᠦ ᠡᠪᠠᠳᠴᠢᠨ ᠪᠤᠯ ᠭᠡᠪᠢᠭᠴᠦ ᠠᠮᠢᠳᠠᠨ ᠳᠤ ᠲᠤᠰᠳᠠᠭ ᠸᠢᠷᠥ᠋ᠰᠳᠤ ᠬᠠᠯᠳᠠᠪᠤᠷᠢᠳᠤ ᠡᠪᠠᠳᠴᠢᠨ ᠪᠤᠯᠤᠨ᠎ᠠ᠃ ᠭᠤᠤᠯᠳᠠᠭᠤ ᠬᠠᠯᠠᠭᠤᠷᠠᠵᠤ᠂ ᠠᠮᠠᠨ ᠬᠥᠨᠳᠠᠢ ᠶᠢᠨ ᠰᠠᠯᠢᠰᠤᠳᠤ ᠪᠥᠷᠬᠦᠪᠴᠢ ᠳᠤ ᠰᠢᠷᠬᠠᠯᠠᠭ᠎ᠠ ᠶᠢᠨ ᠴᠢᠨᠠᠷᠳᠠᠢ ᠥᠷᠪᠢᠰᠤᠯ ᠡᠬᠦᠰᠴᠤ᠂ ᠭᠡᠭᠡᠯ ᠬᠠᠶᠠᠬᠤ ᠪᠤᠶᠤ ᠵᠠᠷᠠᠮᠳᠡᠭ ᠲᠤᠭᠤᠯ ᠭᠠᠷᠳᠠᠭ᠃        ① ᠡᠪᠠᠳᠴᠢᠨ ᠤ ᠰᠢᠯᠳᠠᠭᠠᠨ ᠪᠠ ᠬᠠᠯᠳᠠᠪᠤᠷᠢᠯᠠᠬᠤ ᠨᠥᠬᠦᠴᠠᠯ ᠰᠢᠯᠳᠠᠭᠠᠨ   ᠲᠤᠰ ᠡᠪᠠᠳᠴᠢᠨ ᠤ ᠸᠢᠷᠦ᠋ᠰ ᠪᠤᠯ ᠠᠮᠢᠰᠬᠤᠯ ᠤᠨ ᠵᠠᠮ᠂ ᠭᠡᠳᠠᠰᠤᠨ ᠤ ᠴᠠᠭᠠᠷᠢᠭ ᠭᠡᠯᠪᠠᠷᠢᠳᠤ ᠸᠢᠷᠦ᠋ᠰ ᠤᠨ ᠲᠥᠷᠤᠯ ᠳᠤ ᠬᠠᠷᠢᠶᠠᠯᠠᠭᠳᠠᠨ᠎ᠠ᠂ ᠸᠢᠷᠦ᠋ᠰ ᠨᠢ ᠴᠢᠰᠤ ᠪᠤᠯᠤᠨ ᠲᠤᠳᠤᠷ ᠡᠷᠭᠡᠳᠠᠨ ᠳᠤ ᠤᠷᠤᠰᠢᠳᠠᠭ᠃ ᠲᠤᠰ ᠸᠢᠷᠦ᠋ᠰ ᠡᠷᠠᠬᠦᠯᠵᠢᠭᠰᠡᠨ ᠥᠭᠡᠷ ᠤᠨ ᠪᠠᠶ᠎ᠠ ᠶᠢᠨ ᠲᠤᠳᠤᠭᠠᠳᠤ ᠳᠤ 4 ᠰᠠᠷ᠎ᠠ ᠠᠮᠢᠳᠤᠷᠠᠴᠢᠬᠠᠳᠠᠭ ᠪᠥᠭᠡᠳ ᠲᠤᠯᠠᠭᠠᠨ ᠬᠠᠭᠤᠷᠠᠢ ᠳᠤ ᠲᠠᠰᠪᠤᠷᠢᠳᠠᠢ᠃ ᠭᠡᠪᠠᠴᠤ ᠱᠥᠯᠳᠤ ᠶᠢ ᠡᠰᠠᠷᠬᠦᠴᠠᠬᠦ ᠴᠢᠳᠠᠪᠤᠷᠢ ᠪᠠᠷ ᠨᠠᠯᠢᠶᠠᠳ ᠲᠤᠷᠤᠢ᠂ ᠱᠥᠯᠳᠤ  ᠶᠢᠨ ᠭᠡᠮᠵᠢᠶ᠎ᠠ ᠨᠢ 6.5 ᠠᠴᠠ ᠲᠤᠷᠤᠭᠰᠢ ᠥᠶ᠎ᠠ ᠳᠤ ᠠᠮᠢᠵᠢᠷᠠᠯ ᠤᠨ ᠴᠢᠳᠠᠪᠤᠷᠢ ᠨᠢ ᠪᠠᠭᠤᠷᠠᠨ᠎ᠠ᠃        ② ᠡᠪᠠᠳᠴᠢᠨ ᠤ ᠰᠢᠨᠵᠢ ᠲᠠᠮᠳᠡᠭ   ᠲᠤᠰ ᠡᠪᠠᠳᠴᠢᠨ ᠤ ᠲᠠᠯᠳᠠ ᠥᠶ᠎ᠠ ᠨᠢ 3~8 ᠬᠤᠨᠤᠭ᠂ ᠡᠭᠢᠯᠠᠭᠡᠳ ᠬᠠᠯᠠᠭᠤᠷᠠᠳᠠᠭ ᠪᠤᠯᠪᠠᠴᠤ 41 ᠭᠷᠠᠳᠦ᠋ᠰ  ᠠᠴᠠ ᠲᠠᠪᠠᠳᠠᠭ ᠥᠭᠡᠢ᠃ ᠠᠮᠢᠰᠬᠤᠯ ᠨᠢ ᠵᠢᠭᠠᠬᠠᠨ ᠤᠭᠵᠤᠮ ᠪᠤᠯᠵᠤ ᠬᠥᠡᠭᠭᠡᠨ ᠬᠠᠨᠢᠶᠠᠯᠭᠠᠨ᠂ ᠵᠠᠪᠠᠵᠢᠨ ᠤ ᠰᠠᠯᠢᠰᠤᠳᠤ ᠪᠥᠷᠬᠦᠪᠴᠢ ᠪᠤᠯᠤᠨ ᠭᠡᠯᠨ ᠨᠢ ᠬᠠᠪᠤᠳᠴᠤ ᠪᠤᠷᠤᠯᠠᠳᠠᠭ᠃ ᠲᠤᠰ ᠡᠪᠠᠳᠴᠢᠨ ᠭᠢᠯᠪᠠᠷᠬᠠᠨ ᠰᠢᠷᠬᠠᠯᠠᠭ᠎ᠠ ᠡᠬᠦᠰᠭᠡᠳᠡᠭ ᠪᠤᠯᠬᠤᠷ ᠰᠢᠯᠤᠰᠤ ᠰᠠᠪᠢᠷᠠᠭᠤᠯᠳᠠᠭ᠃ ᠭᠡᠭᠡᠯ ᠲᠠᠢ ᠥᠨᠢᠶ᠎ᠠ ᠠᠮᠠᠷᠬᠠᠨ ᠭᠡᠭᠡᠯ ᠬᠠᠶᠠᠨ᠎ᠠ᠃        ③ ᠤᠨᠤᠰᠢᠯᠠᠬᠤ ᠪᠠ ᠰᠠᠷᠭᠡᠶᠢᠯᠠᠨ ᠵᠠᠰᠠᠬᠤ ᠠᠷᠭ᠎ᠠ   ᠲᠤᠰ ᠡᠪᠠᠳᠴᠢᠨ ᠢ ᠡᠮᠴᠢᠯᠡᠭᠡ ᠶᠢᠨ ᠢᠯᠠᠷᠠᠯ ᠢᠶᠠᠷ ᠨᠢ ᠠᠩᠬ᠎ᠠ ᠠᠯᠬᠤᠮ ᠤᠨᠤᠰᠢᠯᠠᠵᠤ᠂ ᠯᠠᠪᠤᠷᠠᠲ᠋ᠤᠷᠢ ᠶᠢᠨ ᠪᠠᠶᠢᠴᠠᠭᠠᠯᠳᠠ ᠪᠠᠷ ᠰᠠᠶ᠋ᠢ ᠵᠢᠩᠭᠢᠨᠢ ᠲᠤᠳᠤᠯᠠᠳᠠᠭ᠃ ᠤᠳᠤᠬᠠᠨ ᠳᠤ ᠲᠤᠰ ᠡᠪᠠᠳᠴᠢᠨ ᠢ ᠰᠠᠷᠭᠡᠶᠢᠯᠠᠨ ᠵᠠᠰᠠᠬᠤ ᠤᠨᠴᠠᠭᠠᠢ ᠠᠷᠭ᠎ᠠ ᠥᠭᠡᠢ ᠪᠠᠶᠢᠭᠰᠠᠭᠠᠷ᠃ ᠭᠤᠤᠯ ᠨᠢ ᠢᠯᠠᠭ᠎ᠠ ᠪᠠᠳᠠᠭᠠᠨ᠎ᠠ ᠶᠢ ᠤᠰᠠᠳᠬᠠᠵᠤ᠂ ᠫᠸᠡᠭ ᠬᠤᠷᠤᠭ᠎ᠠ ᠶᠢᠨ ᠠᠷᠢᠭᠤᠨ ᠴᠠᠪᠠᠷ ᠢ ᠪᠠᠳᠤᠯᠠᠬᠤ ᠨᠢ ᠵᠤᠭᠢᠬᠤ ᠭᠡᠮᠵᠢᠶᠠᠨ ᠤ ᠤᠷᠢᠳᠴᠢᠯᠠᠨ ᠰᠠᠷᠭᠡᠶᠢᠯᠠᠬᠦ ᠥᠢᠯᠠᠳᠤᠯ ᠲᠠᠢ᠃
 
ᠢᠷᠡᠯᠲᠡ᠄ ᠰᠢᠨ᠎ᠡ ᠮᠠᠯᠴᠢᠳ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号