ᠬᠤᠳᠠ ᠶᠢᠨ ᠲᠡᠳ᠋ ᠲᠠᠷᠤᠭ᠎ᠠ ᠶᠦᠨ ᠰᠢᠨ ᠮᠢᠩ
ᠨᠡᠶᠢᠲᠡᠯᠡᠭᠰᠡᠨ ᠴᠠᠭ᠄
2018/3/5
ᠠᠵᠢᠯ ᠤᠨ ᠬᠤᠪᠢᠶᠠᠷᠢᠯᠠᠯ᠄ᠬᠤᠳᠠ ᠶᠢᠨ ᠲᠠᠷᠤᠭ᠎ᠠ ᠳᠤ ᠬᠠᠪᠰᠤᠷᠴᠤ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ᠂  ᠠᠮᠢ ᠠᠬᠤᠢ ᠤᠷᠴᠢᠨ ᠲᠤᠭᠤᠷᠢᠨ᠂ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ᠂ ᠶᠠᠳᠠᠭᠤ ᠶᠢ ᠲᠡᠳᠬᠦᠬᠦ᠂ ᠠᠮᠤ ᠪᠤᠳᠠᠭ᠎ᠠ᠂ ᠬᠦᠳᠡᠭᠡ ᠲᠤᠰᠬᠤᠨ ᠤ ᠤᠰᠤᠨ ᠠᠰᠢᠭᠯᠠᠯᠲᠠ᠂ ᠣᠢ ᠰᠢᠭᠤᠢ ᠪᠠ ᠨᠤᠲᠤᠭ ᠪᠡᠯᠴᠢᠭᠡᠷ᠂ ᠦᠨᠳᠦᠰᠦᠳᠡᠨ᠂ ᠮᠦᠩᠭᠦᠨ ᠭᠦᠢᠯᠭᠡᠭᠡ᠂ ᠬᠠᠩᠭᠠᠨ ᠪᠤᠷᠤᠯᠠᠭᠤᠯᠬᠤ᠂ ᠭᠤᠤᠯᠳᠠᠯᠭ᠎ᠠ ᠲᠠᠢ ᠲᠦᠷᠦᠯ ᠵᠦᠢᠯ ᠢ ᠪᠤᠳᠠᠳᠠᠶᠢᠵᠢᠭᠤᠯᠬᠤ ᠠᠵᠢᠯ ᠢ ᠨᠢᠭᠡᠳᠦᠯᠲᠡᠢ ᠲᠥᠯᠦᠪᠵᠢᠭᠦᠯᠬᠦ ᠶᠢ ᠬᠠᠷᠢᠭᠤᠴᠠᠨ᠎ᠠ᠃ᠬᠤᠪᠢᠳᠠᠨ ᠬᠠᠮᠢᠶᠠᠷᠬᠤ᠄ ᠬᠤᠲᠠ ᠶᠢᠨ ᠠᠮᠢ ᠠᠬᠤᠢ ᠤᠷᠴᠢᠨ ᠲᠤᠭᠤᠷᠢᠨ ᠤ ᠲᠤᠪᠴᠢᠶ᠎ᠠ᠂ ᠲᠠᠷᠢᠶᠠᠯᠠᠩ ᠮᠠᠯ ᠠᠵᠤ ᠠᠬᠤᠶ ᠶᠢᠨ ᠲᠣᠪᠴᠢᠶ᠎ᠠ᠂ ᠤᠰᠤᠨ ᠤ ᠶᠠᠪᠤᠳᠠᠯ ᠤᠨ ᠲᠣᠪᠴᠢᠶ᠎ᠠ ︵ᠬᠥᠳᠡᠭᠡ ᠲᠣᠰᠬᠤᠨ ᠤ ᠤᠰᠤᠨ ᠠᠰᠢᠭᠯᠠᠯᠲᠠ ᠶᠢᠨ ᠲᠠᠯ᠎ᠠ ᠪᠠᠷ︶᠂ ᠣᠶ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ᠂ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ︵ᠮᠣᠩᠭᠤᠯ ᠬᠡᠯᠡ ᠪᠢᠴᠢᠭ ᠤᠨ ᠠᠵᠢᠯ ᠤᠨ ᠵᠥᠪᠯᠡᠯ︶᠂ ᠶᠠᠳᠠᠭᠤ ᠶᠢ ᠲᠡᠳᠬᠦᠬᠦ ᠠᠯᠪᠠᠨ ᠭᠡᠷ᠂ ᠮᠥᠩᠭᠦᠨ ᠬᠦᠢᠯᠭᠡᠭᠡᠨ ᠤ ᠠᠵᠢᠯ ᠤᠨ ᠠᠯᠪᠠᠨ ᠭᠡᠷ᠂ ᠬᠠᠩᠭᠠᠨ ᠪᠣᠷᠣᠯᠠᠭᠤᠯᠬᠤ ᠬᠤᠷᠰᠢᠶ᠎ᠠ ᠶᠢᠨ ᠬᠤᠯᠪᠣᠭᠠᠲᠤ ᠬᠤᠷᠰᠢᠶ᠎ᠠ᠂ ᠠᠮᠤ ᠪᠤᠳᠠᠭ᠎ᠠ ᠪᠠ ᠡᠳ᠋ ᠪᠠᠷᠠᠭ᠎ᠠ ᠨᠥᠭᠡᠴᠡᠯᠡᠬᠦ ᠲᠣᠪᠴᠢᠶ᠎ᠠ᠂ ᠥᠪᠥᠷ ᠮᠣᠩᠭᠤᠯ ᠤᠨ ᠮᠥᠩᠭᠦᠨ ᠬᠦᠢᠯᠭᠡᠭᠡᠨ ᠤ ᠪᠡᠯᠡ ᠣᠷᠣᠭᠤᠯᠤᠯᠲᠠ ᠶᠢᠨ ᠪᠦᠯᠦᠭᠯᠡᠯ ᠤᠨ ᠬᠢᠵᠠᠭᠠᠷᠲᠤ ᠺᠣᠮᠫᠠᠨᠢ᠂ ᠥᠪᠥᠷ ᠮᠣᠩᠭᠤᠯ ᠤᠨ ᠴᠢᠩ ᠴᠧᠩ  ᠶᠢᠨ ᠭᠦ᠋ ᠲᠠᠷᠢᠶᠠᠯᠠᠩ ᠮᠠᠯ ᠠᠵᠤ ᠠᠬᠤᠶ ᠶᠢᠨ ᠬᠥᠭᠵᠢᠯᠲᠡ ᠶᠢᠨ ᠬᠢᠵᠠᠭᠠᠷᠲᠤ ᠺᠣᠮᠫᠠᠨᠢ᠂ ᠬᠥᠬᠡᠬᠤᠲᠠ ᠶᠢᠨ ᠠᠮᠤ ᠲᠣᠰᠣ ᠬᠤᠳᠠᠯᠳᠤᠨ ᠠᠪᠴᠤ ᠨᠥᠭᠡᠴᠡᠯᠡᠬᠦ ᠬᠢᠵᠠᠭᠠᠷᠲᠤ ᠺᠣᠮᠫᠠᠨᠢ᠃ ᠬᠠᠷᠢᠯᠴᠠᠬᠤ ᠄ ᠱᠠᠰᠢᠨ ᠰᠤᠷᠲᠠᠬᠤᠨ ᠤ ᠬᠡᠷᠡᠭ ᠡᠷᠬᠢᠯᠡᠬᠦ ᠲᠣᠪᠴᠢᠶ᠎ᠠ᠂ ᠬᠤᠲᠠ ᠶᠢᠨ ᠴᠠᠭ ᠠᠭᠤᠷ ᠤᠨ ᠲᠣᠪᠴᠢᠶ᠎ᠠ᠂ ᠤᠯᠤᠰ ᠤᠨ ᠲᠠᠷᠢᠶᠠᠯᠠᠩ ᠤᠨ ᠬᠥᠭᠵᠢᠯᠲᠡ ᠶᠢᠨ ᠪᠠᠩᠬᠢ ᠶᠢᠨ ᠥᠪᠥᠷ ᠮᠣᠩᠭᠤᠯ ᠤᠨ ᠬᠤᠪᠢᠶᠠᠷᠢ ᠪᠠᠩᠬᠢ᠂ ᠳᠤᠮᠳᠠᠳᠤ ᠤᠯᠤᠰ ᠤᠨ ᠲᠠᠷᠢᠶᠠᠯᠠᠩ ᠤᠨ ᠪᠠᠩᠬᠢ ᠶᠢᠨ ᠥᠪᠥᠷ ᠮᠣᠩᠭᠤᠯ ᠤᠨ ᠬᠤᠪᠢᠶᠠᠷᠢ ᠪᠠᠩᠬᠢ᠂ ᠳᠤᠮᠳᠠᠳᠤ ᠤᠯᠤᠰ ᠤᠨ ᠠᠷᠠᠳ ᠤᠨ ᠪᠠᠩᠬᠢ ᠶᠢᠨ ᠬᠥᠬᠡᠬᠤᠲᠠ ᠳᠠᠬᠢ ᠲᠥᠪ ᠰᠠᠯᠪᠤᠷᠢ ᠪᠠᠩᠬᠢ᠂ ᠳᠤᠮᠳᠠᠳᠤ ᠤᠯᠤᠰ ᠤᠨ ᠪᠠᠩᠬᠢ ᠳᠠᠭᠠᠳᠬᠠᠯ ᠤᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠤᠨ ᠥᠪᠥᠷ ᠮᠣᠩᠭᠤᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠳᠤᠮᠳᠠᠳᠤ ᠤᠯᠤᠰ ᠤᠨ ᠦᠨᠡᠲᠦ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠤᠨ ᠥᠪᠥᠷ ᠮᠣᠩᠭᠤᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠬᠥᠬᠡᠬᠤᠲᠠ ᠳᠤ ᠰᠠᠭᠤᠭ᠎ᠠ ᠪᠤᠰᠤᠳ ᠡᠯ᠎ᠡ ᠪᠠᠩᠬᠢ᠂ ᠳᠠᠭᠠᠳᠬᠠᠯ᠂ ᠦᠨᠡᠲᠦ ᠲᠡᠮᠳᠡᠭᠲᠦ ᠶᠢᠨ ᠪᠠᠶᠢᠭᠤᠯᠤᠮᠵᠢ᠃ ᠬᠤᠲᠠ ᠶᠢᠨ ᠳᠠᠷᠤᠭ᠎ᠠ ᠶᠢᠨ ᠲᠤᠰᠢᠶᠠᠭᠰᠠᠨ ᠪᠤᠰᠤᠳ ᠠᠵᠢᠯ ᠢ ᠪᠡᠶᠡᠯᠡᠭᠦᠯᠦᠨ᠎ᠡ᠃ᠤᠳᠤᠷᠢᠳᠤᠯᠭ᠎ᠠ ᠶᠢᠨ ᠲᠤᠪᠴᠢ ᠨᠠᠮᠳᠠᠷ᠄ᠶᠦᠨ ᠰᠢᠨ ᠮᠢᠩ᠂ ᠡᠷᠡᠭᠲᠡᠶ᠂ ᠮᠣᠩᠭᠤᠯ ᠦᠨᠳᠦᠰᠦᠲᠡᠨ᠂ 1966 ᠣᠨ ᠤ 9 ᠰᠠᠷ᠎ᠠ ᠳᠤ ᠳᠦᠷᠦᠵᠡᠶ᠂ ᠥᠪᠥᠷ ᠮᠣᠩᠭᠤᠯ ᠤᠨ ᠬᠦᠬᠡᠬᠤᠳᠠ ᠶᠢᠨ ᠬᠥᠮᠦᠨ᠂ ᠲᠥᠪ ᠬᠤᠷᠢᠶᠠᠨ ᠤ ᠨᠠᠮ ᠤᠨ ᠰᠤᠷᠭᠠᠭᠤᠯᠢ ᠶᠢᠨ ᠶᠡᠭᠡ ᠰᠤᠷᠭᠠᠭᠤᠯᠢ ᠶᠢᠨ ᠰᠤᠷᠤᠯᠭ᠎ᠠ ᠶᠢᠨ ᠨᠠᠮᠲᠠᠷ ᠲᠠᠢ᠂ ᠳᠡᠭᠡᠳᠦ ᠵᠡᠷᠭᠡ ᠶᠢᠨ ᠬᠠᠮᠢᠶᠠᠷᠤᠯᠲᠠ ᠶᠢᠨ ᠠᠵᠢᠯᠲᠠᠨ ᠤ ᠦᠢᠯᠡᠳᠪᠦᠷᠢ ᠬᠤᠳᠠᠯᠳᠤᠭᠠᠨ ᠤ ᠬᠠᠮᠢᠶᠠᠷᠤᠯᠲᠠ ᠶᠢᠨ ᠮᠠᠰᠲ᠋ᠧᠷ᠂ 1988 ᠣᠨ ᠤ 9 ᠰᠠᠷ᠎ᠠ ᠳᠤ ᠠᠵᠢᠯ ᠳᠤ ᠣᠷᠣᠵᠠᠶ᠂ 1999 ᠣᠨ ᠤ 5 ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠤᠷᠤᠪᠠ᠃ ᠤᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ ᠵᠠᠰᠠᠭ ᠤᠨ ᠣᠷᠳᠣᠨ ᠤ ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ᠂ ᠳᠡᠳ᠋ ᠬᠤᠲᠠ ᠶᠢᠨ ᠳᠠᠷᠤᠭ᠎ᠠ  ᠂ ᠰᠢᠨ᠎ᠡ ᠬᠤᠲᠠ ᠲᠣᠭᠤᠷᠢᠭ ᠤᠨ ᠨᠠᠮ ᠤᠨ ᠬᠤᠷᠢᠶ᠎ᠠ  ᠶᠢᠨ ᠱᠦᠵᠢ ᠶᠢᠨ ᠲᠤᠰᠢᠶᠠᠯ ᠢ ᠬᠠᠷᠢᠭᠤᠴᠠᠵᠤ ᠪᠠᠶᠢᠨ᠎ᠠ᠃ᠠᠵᠢᠯᠯᠠᠭᠰᠠᠨ ᠦᠩᠬᠡᠷᠡᠬᠡᠯᠳᠡ᠄1988.09—1995.12 ᠬᠥᠬᠡᠬᠤᠲᠠ ᠶᠢᠨ ᠰᠠᠨ ᠯᠢᠶᠠᠨ ᠬᠢᠮᠢ ᠶᠢᠨ ᠠᠵᠤ ᠦᠢᠯᠡᠳᠪᠦᠷᠢ ᠶᠢᠨ ᠺᠣᠮᠫᠠᠨᠢ ᠶᠢᠨ ᠠᠵᠢᠯᠴᠢᠨ ᠃1995.12—2000.05 ᠬᠥᠬᠡᠬᠤᠲᠠ ᠶᠢᠨ ᠤᠯᠤᠰ ᠢᠶᠠᠨ ᠬᠠᠶᠢᠷᠠᠯᠠᠬᠤ ᠡᠷᠡᠭᠦᠯ ᠬᠠᠮᠠᠭᠠᠯᠠᠯ ᠤᠨ ᠬᠥᠳᠡᠯᠭᠡᠭᠡᠨ ᠤ ᠵᠥᠪᠯᠡᠯ ᠤᠨ ᠠᠯᠪᠠᠨ ᠭᠡᠷ2000.05—2002.05 ᠬᠥᠬᠡᠬᠤᠲᠠ ᠶᠢᠨ ᠤᠯᠤᠰ ᠢᠶᠠᠨ ᠬᠠᠶᠢᠷᠠᠯᠠᠬᠤ ᠡᠷᠡᠭᠦᠯ ᠬᠠᠮᠠᠭᠠᠯᠠᠯ ᠤᠨ ᠬᠥᠳᠡᠯᠭᠡᠭᠡᠨ ᠤ ᠵᠥᠪᠯᠡᠯ ᠤᠨ ᠠᠯᠪᠠᠨ ᠭᠡᠷ ᠤᠨ ᠬᠢᠨᠠᠨ ᠪᠠᠶᠢᠴᠠᠭᠠᠬᠤ ᠰᠠᠯᠠᠭᠠᠨ ᠤ ᠰᠠᠯᠠᠭᠠᠨ ᠳᠠᠷᠤᠭ᠎ᠠ ( 1999.08—2001.12 ᠲᠥᠪ ᠬᠤᠷᠢᠶᠠᠨ ᠤ ᠨᠠᠮ ᠤᠨ ᠰᠤᠷᠭᠠᠭᠤᠯᠢ ᠶᠢᠨ ᠵᠠᠬᠢᠳᠠᠯ ᠢᠶᠠᠷ ᠰᠤᠷᠤᠯᠴᠠᠬᠤ ᠳᠡᠭᠡᠳᠦ ᠰᠤᠷᠭᠠᠭᠤᠯᠢ ᠶᠢᠨ ᠬᠠᠤᠯᠢ ᠴᠠᠭᠠᠵᠠ ᠶᠢᠨ ᠲᠤᠰᠬᠠᠶ ᠮᠡᠷᠭᠡᠵᠢᠯ ᠢ ᠰᠤᠷᠤᠯᠴᠠᠪᠠ )2002.05—2007.03 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ ᠬᠤᠲᠠ ᠶᠢᠨ ᠦᠵᠡᠮᠵᠢ ᠶᠢᠨ ᠬᠠᠮᠢᠶᠠᠷᠤᠯᠲᠠ ᠶᠢᠨ ᠲᠣᠪᠴᠢᠶ᠎ᠠ  ᠶᠢᠨ ᠬᠠᠤᠯᠢ ᠲᠦᠷᠢᠮ ᠤᠨ ᠰᠠᠯᠠᠭᠠᠨ ᠤ ᠳᠠᠷᠤᠭ᠎ᠠ᠃2007.03—2008.06 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ ᠬᠤᠲᠠ ᠶᠢᠨ ᠦᠵᠡᠮᠵᠢ ᠶᠢ ᠬᠠᠮᠢᠶᠠᠷᠬᠤ ᠲᠣᠪᠴᠢᠶᠠᠨ ᠤ ᠳᠡᠳ᠋ ᠪᠠᠶᠢᠴᠠᠭᠠᠨ ᠰᠤᠳᠤᠯᠤᠭᠴᠢ᠃2008.06—2010.12 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ ᠬᠤᠲᠠ ᠶᠢᠨ ᠦᠵᠡᠮᠵᠢ ᠶᠢᠨ ᠬᠠᠮᠢᠶᠠᠷᠤᠯᠲᠠ ᠶᠢᠨ ᠲᠣᠪᠴᠢᠶᠠᠨ ᠤ ᠨᠠᠮ ᠤᠨ ᠬᠤᠷᠢᠶᠠᠨ ᠤ ᠭᠡᠰᠢᠭᠦᠨ᠂ ᠳᠡᠳ᠋ ᠲᠣᠪᠴᠢᠶᠠᠨ ᠳᠠᠷᠤᠭ᠎ᠠ ᠪᠥᠭᠡᠳ ᠬᠤᠲᠠ ᠶᠢᠨ ᠣᠷᠴᠢᠨ ᠲᠣᠭᠤᠷᠢᠨ ᠤ ᠠᠷᠢᠭᠤᠨ ᠴᠡᠪᠡᠷ ᠤᠨ ᠠᠵᠢᠯ ᠤᠨ ᠬᠠᠮᠢᠶᠠᠷᠤᠯᠲᠠ  ᠶᠢᠨ ᠭᠠᠵᠠᠷ ᠤᠨ ᠳᠠᠷᠤᠭ᠎ᠠ᠃2010.12—2012.10 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ ᠬᠤᠲᠠ ᠶᠢᠨ ᠬᠠᠮᠢᠶᠠᠷᠤᠯᠲᠠ ᠶᠢᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠲᠣᠪᠴᠢᠶ᠎ᠠ  ᠶᠢᠨ ᠨᠠᠮ ᠤᠨ ᠬᠤᠷᠢᠶᠠᠨ ᠤ ᠭᠡᠰᠢᠭᠦᠨ᠂ ᠳᠡᠳ᠋ ᠳᠠᠷᠤᠭ᠎ᠠ ᠪᠥᠭᠡᠳ ᠬᠤᠳᠠ ᠶᠢᠨ ᠣᠷᠴᠢᠨ ᠲᠣᠭᠤᠷᠢᠨ ᠤ ᠠᠷᠢᠭᠤᠨ ᠴᠡᠪᠡᠷ ᠤᠨ ᠠᠵᠢᠯ ᠤᠨ ᠬᠠᠮᠢᠶᠠᠷᠤᠯᠲᠠ  ᠶᠢᠨ ᠭᠠᠵᠠᠷ ᠤᠨ ᠳᠠᠷᠤᠭ᠎ᠠ( 2009.05—2011.07 ᠳ᠋ᠠᠯᠢᠶᠠᠨ ᠤ ᠪᠠᠶᠢᠭᠠᠯᠢ ᠲᠧᠭᠨᠢᠭ ᠤᠨ ᠶᠡᠭᠡ ᠰᠤᠷᠭᠠᠭᠤᠯᠢ  ᠶᠢᠨ ᠦᠶ᠋ᠯᠡᠳᠪᠦᠷᠢ ᠬᠤᠳᠠᠯᠳᠤᠭᠠᠨ ᠤ ᠬᠠᠮᠢᠶᠠᠷᠤᠯᠲᠠ ᠶᠢᠨ ᠲᠤᠰᠬᠠᠶ ᠮᠡᠷᠭᠡᠵᠢᠯ ᠳᠤ ᠰᠤᠷᠤᠯᠴᠠᠪᠠ )᠃2012.10—2015.08 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ ᠢᠦᠶ ᠴᠢᠤᠸᠠᠨ ᠲᠣᠭᠤᠷᠢᠭ ᠤᠨ ᠨᠠᠮ ᠤᠨ ᠬᠤᠷᠢᠶᠠᠨ ᠤ ᠳᠡᠳ᠋ ᠱᠦᠵᠢ᠂ ᠬᠥᠬᠡᠬᠤᠲᠠ ᠶᠢᠨ ᠢᠦᠢ ᠯᠦᠩ ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ ᠤᠨ ᠬᠠᠮᠢᠶᠠᠷᠤᠯᠲᠠ  ᠶᠢᠨ ᠵᠥᠪᠯᠡᠯ ᠤᠨ ᠡᠷᠬᠢᠯᠡᠭᠴᠢ ( ᠵᠢᠩᠬᠢᠨᠢ ᠭᠠᠵᠠᠷ ᠤᠨ ᠲᠡᠰ )᠃2015.08—2016.01 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ ᠰᠢᠨ᠎ᠡ ᠬᠤᠲᠠ ᠲᠣᠭᠤᠷᠢᠭ ᠤᠨ ᠨᠠᠮ ᠤᠨ ᠬᠤᠷᠢᠶ᠎ᠠ  ᠶᠢᠨ ᠳᠡᠳ᠋ ᠱᠦᠵᠢ᠂ ᠣᠷᠣᠯᠠᠭᠴᠢ ᠳᠠᠷᠤᠭ᠎ᠠ᠃2016.01—2016.07 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ ᠰᠢᠨ᠎ᠡ ᠬᠤᠲᠠ ᠲᠣᠭᠤᠷᠢᠭ ᠤᠨ ᠨᠠᠮ ᠤᠨ ᠬᠤᠷᠢᠶ᠎ᠠ  ᠶᠢᠨ ᠳᠡᠳ᠋ ᠱᠦᠵᠢ᠂ ᠲᠣᠭᠤᠷᠢᠭ ᠤᠨ ᠳᠠᠷᠤᠭ᠎ᠠ᠃2016.07—2018.01 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ ᠰᠢᠨ᠎ᠡ ᠬᠤᠲᠠ ᠲᠣᠭᠤᠷᠢᠭ ᠤᠨ ᠨᠠᠮ ᠤᠨ ᠬᠤᠷᠢᠶ᠎ᠠ  ᠶᠢᠨ ᠱᠦᠵᠢ᠃2018.01— ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ ᠵᠠᠰᠠᠭ ᠤᠨ ᠣᠷᠳᠣᠨ ᠤ ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ᠂ ᠳᠡᠳ᠋ ᠬᠤᠲᠠ ᠶᠢᠨ ᠳᠠᠷᠤᠭ᠎ᠠ  ᠂ ᠰᠢᠨ᠎ᠡ ᠬᠤᠲᠠ ᠲᠣᠭᠤᠷᠢᠭ ᠤᠨ ᠨᠠᠮ ᠤᠨ ᠬᠤᠷᠢᠶ᠎ᠠ  ᠶᠢᠨ ᠱᠦᠵᠢ᠃
 
ᠢᠷᠡᠯᠲᠡ᠄ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号