ᠥᠨᠦ ᠵᠢᠯ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠯ᠎ᠠ ᠨᠣᠲᠤᠭ ᠤᠨ ᠬᠤᠯᠣᠭᠠᠨ᠎ᠠ ᠬᠤᠷᠣᠬᠠᠢ ᠶᠢᠨ  ᠬᠤᠣᠷ ᠬᠥᠨᠦᠭᠡᠯ ᠳᠣᠮᠳᠠ ᠵᠡᠷᠭᠡ ᠠᠴᠠ  ᠬᠦᠨᠲᠦᠷᠡᠬᠦ ᠬᠠᠨᠳᠤᠰᠢ ᠲᠠᠢ ᠪᠠᠶᠢᠨ᠎ᠠ
ᠨᠡᠶᠢᠲᠡᠯᠡᠭᠰᠡᠨ ᠴᠠᠭ᠄
2018-03-29
      ᠰᠣᠷᠪᠣᠯᠵᠢᠯᠠᠭᠴᠢ ᠲᠦᠷᠦᠭᠦᠭᠡᠨ ᠬᠦᠬᠡᠬᠤᠲᠠ ᠳᠤ ᠡᠷᠬᠢᠯᠡᠭᠰᠡᠨ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ‌‍ᠣ ᠲᠠᠯ᠎ᠠ ᠨᠣᠲᠤᠭ ᠤᠨ ᠬᠤᠯᠣᠭᠠᠨ᠎ᠠ  ᠬᠤᠷᠣᠬᠠᠢ   ᠶᠢᠨ  ᠭᠠᠮᠰᠢᠭ   ᠤᠨ  ᠵᠠᠳᠠᠯᠣᠯᠲᠠ   ᠶᠢᠨ  ᠰᠠᠭᠤᠳᠠᠯ   ᠤᠨ  ᠬᠤᠷᠠᠯ  ᠡᠴᠠ‌ᠣᠶᠢᠯᠭᠠᠭᠰᠠᠨ ᠢᠶᠠᠷ᠂ ᠥᠨᠦ ᠵᠢᠯ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠯ᠎ᠠ ᠨᠣᠲᠤᠭ   ᠤᠨ  ᠬᠤᠯᠣᠭᠠᠨ᠎ᠠ‌ᠬᠤᠷᠣᠬᠠᠢ ᠶᠢᠨ ᠬᠤᠣᠷ ᠬᠥᠨᠦᠭᠡᠯ ᠮᠦᠨ ᠳᠣᠮᠳᠠ ᠵᠡᠷᠭᠡ ᠠᠴᠠ ᠬᠦᠨᠲᠦᠷᠡᠬᠦ ᠬᠠᠨᠳᠣᠰᠢ ᠲᠠᠢ᠂  ᠳᠣᠮᠳᠠ  ᠪᠠᠷᠠᠭᠤᠨ  ᠣᠷᠣᠨ  ‍ᠣ‌‍ᠪᠷᠦ᠋ᠼᠧᠯ ᠬᠡᠷᠡᠯᠵᠡᠭᠡᠨ᠎ᠡ᠂ ᠵᠠᠭᠦᠨ ᠬᠡᠰᠡᠭ ᠭᠠᠵᠠᠷ ᠣᠷᠣᠨ ᠤ ᠰᠣᠬᠤᠷ ᠨᠣᠮᠣᠨ ᠤ ᠬᠤᠣᠷ ᠬᠦᠨᠦᠭᠡᠯ ᠬᠦᠨᠲᠦᠷᠡᠬᠦ᠂ ᠬᠡᠰᠡᠭ ᠭᠠᠵᠠᠷ‌ᠣᠷᠣᠨ ᠤ ᠴᠠᠷᠴᠠᠬᠠᠢ ᠶᠢᠨ ᠬᠤᠣᠷ ᠬᠦᠨᠦᠭᠡᠯ ᠬᠦᠨᠲᠦᠷᠡᠬᠦ ᠬᠠᠨᠳᠤᠰᠢ ᠲᠠᠢ᠂ ᠲᠠᠯ᠎ᠠ ᠨᠣᠲᠤᠭ ᠤᠨ ᠬᠤᠯᠣᠭᠠᠨ᠎ᠠ  ᠬᠤᠷᠣᠬᠠᠢ  ᠵᠢᠨ‌ᠬᠤᠣᠷ ᠬᠥᠨᠦᠭᠡᠯ ᠶᠡᠷᠥᠩᠬᠡᠢ ᠳᠤ ᠪᠠᠨ ᠮᠦᠨ ᠡᠵᠡᠮᠳᠡᠵᠦ ᠳᠡᠶᠢᠯᠬᠦ ᠪᠠᠶᠢᠳᠠᠯ ᠳᠤ ᠪᠠᠶᠢᠨ᠎ᠠ᠃              ᠡᠯ᠎ᠡ ᠠᠶᠢᠮᠠᠭ ᠬᠤᠲᠠ ᠶᠢᠨ ᠬᠤᠯᠪᠣᠭᠳᠠᠯ ᠪᠦᠬᠦᠢ ᠲᠣᠰᠬᠠᠢ ᠮᠡᠷᠭᠡᠵᠢᠯᠲᠡᠨ ᠪᠠ ᠰᠢᠨᠵᠢᠯᠡᠭᠡ  ᠮᠡᠷᠭᠡᠵᠢᠯ   ᠤᠨ  ᠬᠥᠮᠦᠰ‌ᠡᠯ᠎ᠡ ᠠᠶᠢᠮᠠᠭ ᠬᠤᠲᠠ ᠶᠢᠨ ᠲᠠᠯ᠎ᠠ ᠨᠣᠲᠤᠭ ᠤᠨ ᠬᠤᠯᠣᠭᠠᠨ᠎ᠠ ᠬᠤᠷᠣᠬᠠᠢ ᠶᠢᠨ ᠬᠤᠣᠷ ᠬᠥᠨᠦᠭᠡᠯ ᠤᠨ  ᠰᠢᠯᠭᠠᠨ  ᠪᠠᠶᠢᠴᠠᠭᠠᠯᠲᠠ‌‍ᠶᠢᠨ ᠪᠠᠶᠢᠳᠠᠯ᠂2017 ᠣᠨ ᠤ ᠨᠠᠮᠣᠷ ᠤᠨ ᠣᠯᠠᠷᠢᠯ ᠤᠨ ᠪᠠᠶᠢᠴᠠᠭᠠᠯᠲᠠ ᠶᠢᠨ ᠲᠤᠭ᠎ᠠ ᠪᠠᠷᠢᠮᠲᠠ᠂  ᠨᠢᠳᠣᠨᠣᠨ  ᠡᠪᠦᠯ  ᠥᠨᠥ‌ᠬᠠᠪᠣᠷ ᠤᠨ ᠴᠠᠭ ᠠᠭᠤᠷ ᠤᠨ ᠨᠥᠬᠦᠴᠡᠯ ᠵᠢᠴᠢ ᠥᠩᠭᠡᠷᠡᠭᠰᠡᠨ ᠵᠢᠯ   ᠤᠳ   ᠤᠨ  ᠡᠭᠦᠰᠦᠭᠰᠡᠨ  ᠪᠠ  ᠰᠡᠷᠭᠡᠶᠢᠯᠡᠨ  ᠵᠠᠰᠠᠭᠰᠠᠨ‌‍ᠪᠠᠶᠢᠳᠠᠯ ᠵᠡᠷᠭᠡ ᠡᠯᠮᠧᠨ᠋ᠲ ᠶᠢ ᠦᠨᠳᠦᠰᠦᠯᠡᠵᠦ᠂ ᠬᠤᠯᠣᠭᠠᠨ᠎ᠠ ᠬᠤᠷᠣᠬᠠᠢ ᠶᠢᠨ ᠭᠠᠮᠰᠢᠭ ᠡᠭᠦᠰᠦᠭᠰᠡᠨ ᠥᠪᠡᠷᠮᠢᠴᠡ ᠣᠨᠴᠠᠯᠢᠭ ᠵᠢ‌ᠣᠶᠠᠯᠳᠣᠭᠤᠯᠵᠣ᠂ ᠶᠡᠷᠥᠩᠬᠡᠶᠢᠯᠡᠭᠰᠡᠨ ᠵᠠᠳᠠᠯᠣᠯᠲᠠ  ᠳᠤ 2018 ᠣᠨ ᠳᠤ  ᠥᠪᠦᠷ  ᠮᠣᠩᠭᠤᠯ   ᠤᠨ  ᠥᠪᠡᠷᠲᠡᠭᠡᠨ  ᠵᠠᠰᠠᠬᠤ‌ᠣᠷᠣᠨ ᠤ ᠲᠠᠯ᠎ᠠ ᠨᠣᠲᠤᠭ ᠤᠨ ᠬᠤᠯᠣᠭᠠᠨ᠎ᠠ ᠬᠤᠷᠣᠬᠠᠢ ᠶᠢᠨ ᠬᠤᠣᠷ ᠬᠥᠨᠦᠭᠡᠯ ᠤᠨ ᠲᠠᠯᠠᠪᠠᠢ ᠪᠠᠷᠤᠭ5900  ᠲᠥᠮᠡᠨ  ᠮᠦ᠂ᠲᠠᠯ᠎ᠠ ᠨᠣᠳᠤᠭ ᠤᠨ ᠬᠤᠷᠣᠬᠠᠢ ᠵᠢᠨ‌ᠬᠤᠣᠷ ᠬᠥᠨᠦᠭᠡᠯ ᠤᠨ ᠲᠠᠯᠠᠪᠠᠢ ᠪᠠᠷᠤᠭ7400 ᠲᠥᠮᠡᠨ ᠮᠦ ᠬᠦᠷᠦᠨ᠎ᠡ᠂ ᠬᠤᠣᠷ  ᠬᠥᠨᠦᠭᠡᠯ‌‍ᠤᠨ ᠲᠠᠯᠠᠪᠠᠢ ᠨᠢᠳᠣᠨᠣᠨ ᠲᠠᠢ ᠪᠠᠨ ᠦᠨᠳᠦᠰᠦᠨ ᠳᠤ ᠪᠠᠨ ᠲᠡᠩᠴᠡᠭᠦᠦ ᠭᠡᠵᠦ᠃  ᠣᠳᠣᠬᠠᠨ   ᠳᠤ᠂  ᠥᠪᠦᠷ  ᠮᠣᠩᠭᠤᠯ  ‍ᠤᠨ‌ᠥᠪᠡᠷᠲᠡᠭᠡᠨ ᠵᠠᠰᠠᠬᠤ ᠣᠷᠣᠨ ᠤ ᠲᠠᠯ᠎ᠠ ᠨᠣᠲᠤᠭ ᠤᠨ ᠲᠣᠬᠠᠶᠢᠯᠠᠭᠰᠠᠨ ᠠᠵᠢᠯ ᠤᠨ  ᠰᠠᠯᠠᠭ᠎ᠠ  ᠮᠦᠴᠢᠷ  ᠰᠡᠷᠭᠡᠶᠢᠯᠡᠨ  ᠵᠠᠰᠠᠬᠤ ᠪᠡᠯᠡᠳᠭᠡᠯ ᠠᠵᠢᠯ ᠢᠶᠠᠨ ᠨᠢᠭᠡᠨᠲᠡ ᠰᠠᠶᠢᠲᠣᠷ ᠬᠢᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号