︽ᠡᠷᠡᠬᠦᠯ ᠮᠡᠨᠳᠦ ᠪᠠᠷ ᠶᠠᠳᠠᠭᠤ ᠶᠢ ᠲᠡᠳᠬᠦᠬᠦ ᠨᠢ ᠦᠨᠡᠬᠡᠷ ᠰᠠᠶᠢᠨ︕︾
ᠨᠡᠶᠢᠲᠡᠯᠡᠭᠰᠡᠨ ᠴᠠᠭ᠄
2018-03-26
     ᠲᠥᠷᠥᠬᠦᠬᠡᠨ᠂ ᠱᠠᠩᠳᠦ ᠰᠢᠶᠠᠨ ᠤ ᠪᠤᠷᠤ ᠬᠤᠵᠢᠷ ᠰᠢᠶᠠᠩ ᠤᠨ ᠶᠤᠸᠡᠨ ᠱᠠᠨ ᠽᠢ ᠲᠤᠰᠬᠤᠨ ᠤ ᠭᠦᠸᠧ  ᠸᠠᠨ ᠵᠢᠨ‌‍ᠰᠢᠶᠠᠠ ᠤ ᠡᠮᠨᠡᠯᠭᠡ ᠶᠢᠨ ᠬᠤᠷᠢᠶ᠎ᠠ ᠳᠤ ᠰᠠᠭᠤᠵᠥ ᠨᠢᠭᠡ ᠭᠠᠷᠠᠭ ᠡᠮᠴᠢᠯᠡᠬᠦᠯᠦᠬᠡᠳ  ᠡᠮᠨᠡᠯᠬᠡ ᠠᠴᠠ  ᠭᠠᠷᠬᠤ ᠳᠤ  ᠦᠪᠡᠷ ᠲᠡᠭᠡᠨ400 ᠲᠦᠬᠦᠷᠢᠭ  ᠯᠡ  ᠵᠠᠷᠤᠴᠠᠭᠤᠯᠪᠠ᠃  ᠭᠦᠸᠧ  ᠸᠠᠨ ᠶᠢᠨ  ᠡᠪᠡᠳᠴᠢᠠ ᠢᠶᠠᠨ  ᠦᠵᠡᠬᠦᠯᠬᠦ  ᠵᠤᠭᠤᠰ  ᠦᠬᠡᠢ  ᠬᠡᠵᠥ‌ᠵᠤᠪᠠᠭ᠋ᠤ ᠪᠠᠨ ᠪᠤᠯᠢᠵᠥ ᠰᠠᠨᠠᠭ᠎ᠠ ᠰᠡᠳᠬᠢᠯ ᠨᠢ ᠰᠠᠶᠢᠵᠢᠷᠠᠬᠰᠠᠠ ᠢᠶᠠᠷ ᠪᠡᠶ᠎ᠡ ᠨᠢ ᠴᠤ ᠲᠦᠷᠭᠡᠨ ᠡᠷᠡᠬᠦᠯᠵᠢᠵᠥ ᠪᠠᠶᠢᠨ᠎ᠠ᠃  ᠲᠡᠷᠡ᠄︽ᠡᠷᠡᠬᠦᠯ ᠮᠡᠨᠳᠦ ᠪᠠᠷ ᠶᠠᠳᠠᠭᠤ ᠶᠢ ᠲᠡᠳᠬᠦᠬᠦ ᠨᠢ ᠦᠨᠡᠬᠡᠷ ᠰᠠᠶᠢᠨ᠂ ᠶᠠᠳᠠᠭᠤ ᠬᠦᠴᠢᠷᠳᠡᠯᠳᠡᠢ  ᠡᠷᠦᠬᠡ  ᠵᠢᠪ  ᠵᠢᠩᠬᠢᠨᠢ  ᠠᠰᠢᠭ‌‍ᠬᠦ᠋ᠷᠳᠡᠨ᠎ᠠ︾ ᠭᠡᠵᠦ ᠰᠡᠳᠬᠢᠯ ᠬᠥᠭᠰᠡᠨ ᠶᠡᠷᠢᠨ᠎ᠠ᠃              ᠱᠠᠩᠳᠦ ᠰᠢᠶᠠᠨ ᠳᠤ ᠭᠦᠸᠧ ᠸᠠᠨ ᠶᠢᠨ ᠰᠢᠭ᠋ ᠨᠠᠮ ᠤᠨ ᠲᠦᠷᠦ ᠶᠢᠨ ᠪᠤᠳᠤᠯᠭ᠎ᠠ ᠶᠢᠨ ᠠᠴᠢ  ᠲᠤᠰᠠ ᠶᠢ  ᠬᠦᠷᠳᠡᠵᠦ‌‍ᠪᠠᠶᠢᠭ᠎ᠠ ᠲᠠᠩᠰᠠ ᠪᠠᠶᠢᠭᠤᠯᠵᠦ ᠺᠠᠷᠲ᠋ᠠᠯᠠᠬᠰᠠᠨ ᠶᠠᠳᠠᠭᠤ ᠬᠦᠴᠢᠷᠳᠡᠯᠳᠡᠢ ᠡᠷᠦᠬᠡ ᠴᠥᠭᠡᠨ ᠪᠤᠰᠤ ᠪᠠᠶᠢᠳᠠᠬ᠃ ᠡᠨᠡᠬᠦ  ᠪᠠᠶᠢᠳᠠᠯ ᠳ᠋ᠤ᠋‌‍ᠴᠢᠭᠯᠡᠬᠦᠯᠥᠡ᠂ ᠲᠤᠰ ᠰᠢᠶᠠᠨ ︽ᠡᠪᠡᠳᠴᠢᠨ ᠢᠶᠠᠨ ᠦᠵᠡᠬᠦᠯᠬᠦ᠂ ᠡᠪᠡᠳᠴᠢᠨ ᠢᠶᠠᠨ  ᠲᠤᠤᠱᠳᠠᠢ  ᠡᠮᠴᠢᠯᠡᠬᠦᠯᠬᠦ᠂  ᠡᠪᠡᠳᠴᠢᠨ ᠢ‌ᠤᠷᠢᠳᠴᠢᠯᠠᠠ  ᠰᠠᠷᠬᠡᠶᠢᠯᠡᠬᠦ︾   ᠰᠠᠳᠬᠢᠴᠠ ᠪᠠᠷ   ᠡᠷᠡᠬᠦᠯ   ᠮᠡᠨᠳᠦ ᠪᠠᠷ   ᠶᠠᠳᠠᠭᠤ ᠶᠢ   ᠲᠡᠳᠬᠦᠬᠦ ᠶᠢᠨ   ᠵᠤᠷᠢᠯᠭ᠎ᠠ ᠪᠠᠷ᠂ᠲᠤᠳᠠᠭᠤᠳᠠᠯ ᠢᠶᠠᠨ ᠨᠦᠬᠦᠪᠦᠷᠢᠯᠡᠵᠦ᠂ ᠲᠤᠤᠱᠳᠠᠢ ᠨᠠᠶᠢᠳᠠᠪᠤᠷᠢᠵᠢᠭᠤᠯᠤᠨ᠂ ᠪᠤᠳᠠᠳᠤ ᠦᠷ᠎ᠠ ᠪᠦᠳᠦᠮᠵᠢ ᠶᠢ  ᠬᠥᠬᠡᠬᠡᠴᠡᠯᠳᠤᠵᠥ᠂︽ᠶᠠᠳᠠᠭᠤ ᠠᠴᠠ ᠠᠩᠬᠢᠵᠢᠷᠠᠭᠤᠯᠬᠤ ᠠᠶᠠᠠ ᠳᠤ ᠨᠢᠬᠡ ᠶᠠᠳᠠᠭᠤ ᠬᠦᠴᠢᠷᠳᠡᠯᠳᠡᠢ ᠡᠷᠦᠬᠡ ᠶᠢ  ᠴᠤ  ᠤᠷᠬᠢᠭᠳᠠᠭᠤᠯᠬᠤ  ᠦᠬᠡᠢ︾ᠵᠠᠷᠴᠢᠮ ᠢ ᠪᠤᠳᠠᠳᠠᠶᠢᠵᠢᠭᠤᠯᠤᠠ ᠦᠢᠯᠡᠳᠦᠯᠭᠡᠵᠢᠬᠦᠯᠬᠦ ᠪᠠᠷ ᠴᠢᠷᠮᠠᠶᠢᠵᠥ ᠪᠤᠢ᠃              ᠲᠤᠰ ᠰᠢᠶᠠᠨ ᠤ  ᠡᠷᠡᠬᠦᠯ  ᠬᠠᠮᠠᠭᠠᠯᠠᠯ  ᠲᠦᠯᠦᠪᠯᠡᠭᠡᠳᠦ  ᠦᠷᠡᠵᠢᠯ ᠤᠨ  ᠲᠤᠪᠴᠢᠶ᠎ᠠ᠂  ᠠᠷᠠᠳ ᠤᠨ  ᠶᠠᠪᠤᠳᠠᠯ ‍ᠤᠨ‌‍ᠲ᠋ᠤᠪᠴᠢᠶ᠎ᠠ  ᠵᠡᠷᠬᠡ  ᠬᠤᠯᠪᠤᠭᠳᠠᠯ  ᠪᠦᠬᠦᠢ  ᠰᠠᠯᠠᠭ᠎ᠠ  ᠮᠦᠴᠢᠷ  ᠬᠦᠴᠦ ᠪᠠᠨ  ᠬᠠᠮᠳᠤᠳᠬᠠᠵᠥ  ︽ᠡᠪᠡᠳᠴᠢᠨ ᠠᠴᠠ  ᠪᠤᠯᠵᠦ‌‍ᠶᠠᠳᠠᠭᠤᠷᠠᠬᠤ᠂ ᠡᠪᠡᠳᠴᠢᠨ ᠠᠴᠠ  ᠪᠤᠯᠵᠤ  ᠲᠠᠬᠢᠨ  ᠶᠠᠳᠠᠭᠤᠷᠠᠬᠤ︾  ᠠᠰᠠᠭᠤᠳᠠᠯ ᠢ  ᠴᠢᠩᠭ᠎ᠠ  ᠰᠢᠢᠳᠪᠤᠷᠢᠯᠠᠬᠦ ᠪᠠᠷ  ᠡᠷᠡᠬᠦᠯ‌ᠮᠡᠨᠳᠦ ᠪᠠᠷ ᠶᠠᠳᠠᠭᠤ ᠶᠢ ᠲᠡᠳᠬᠦᠬᠦ ᠬᠡᠪ ᠵᠠᠭᠪᠤᠷ ᠢ ᠲᠡᠬᠢᠠ ᠲᠡᠪᠳᠠᠠ ᠰᠢᠨᠡᠳᠬᠡᠵᠥ᠂ ᠡᠷᠡᠬᠦᠯ ᠮᠡᠨᠳᠦ ᠪᠠᠷ  ᠶᠠᠳᠠᠭᠤ ᠶᠢ  ᠲᠡᠳᠭᠦᠭᠦ‌ᠠᠷᠭ᠎ᠠ ᠵᠠᠮ ᠢ ᠦᠷᠭᠡᠳᠭᠡᠬᠦ᠂ ᠲᠠᠩᠰᠠ ᠪᠠᠶᠢᠭᠤᠯᠵᠥ ᠺᠠᠷᠲᠯᠠᠭᠰᠠᠠ ᠶᠠᠳᠠᠭᠤ ᠬᠦᠴᠢᠷᠳᠡᠯᠳᠡᠢ ᠬᠦᠮᠦᠰ ᠤᠨ ᠡᠪᠡᠳᠴᠢᠠ ᠡᠮᠬᠡᠭ ᠲᠠᠢ‌‍ᠪᠠᠶᠢᠬᠤ ᠪᠡ ᠬᠦᠨᠳᠦ ᠡᠪᠡᠳᠴᠢᠳᠠᠨ ᠢ ᠠᠪᠤᠷᠠᠨ  ᠲᠤᠰᠠᠯᠠᠬᠤ  ᠲᠠᠯ  ᠎ᠠ ᠪᠠᠷ ᠬᠢ  ᠲᠤᠳᠠᠭᠤᠳᠠᠯ  ᠪᠠ  ᠬᠦᠴᠢᠷ  ᠠᠰᠠᠭᠤᠳᠠᠯ ᠢ‌‍ᠪᠦ᠋ᠳᠦᠮᠵᠢᠳᠡᠢ ᠰᠢᠢᠳᠪᠤᠷᠢᠯᠡᠵᠠᠢ᠃ ᠲᠡᠳᠠ ᠤᠷᠢᠳ ᠬᠤᠵᠢᠳ ᠰᠢᠶᠠᠨ ᠤ  ᠡᠮᠨᠡᠯᠬᠡ ᠶᠢᠨ  ᠬᠤᠷᠢᠶ᠎ᠠ ᠶᠢᠨ  ᠡᠮᠴᠢᠯᠡᠬᠡᠨ ᠤ  ᠪᠠᠭ᠎ᠠ‌ᠠᠩᠬᠢ ᠶᠢ ᠵᠤᠬᠢᠶᠠᠨ ᠪᠠᠶᠢᠭᠤᠯᠤᠨ᠂ ᠪᠦᠬᠦ ᠰᠢᠶᠠᠨ ᠤ 6  ᠪᠠᠯᠭᠠᠰᠦ᠂  4  ᠰᠢᠶᠠᠩ ᠤᠨ  1.7  ᠲᠦᠮᠡ  ᠭᠠᠷᠤᠢ  ᠶᠠᠳᠠᠭᠤ‌‍ᠬᠦ᠋ᠴᠢᠷᠳᠡᠯᠳᠡᠢ ᠬᠦᠮᠦᠰ ᠲᠤ ᠰᠦᠢᠳᠭᠡᠯ ᠬᠤᠷᠢᠶᠠᠬᠤ ᠦᠭᠡᠢ ᠪᠠᠷ ᠪᠡᠶ᠎ᠡ ᠶᠢᠨ ᠪᠠᠶᠢᠴᠠᠭᠠᠯᠳᠠ ᠬᠢᠵᠦ ᠦᠭᠬᠦ ᠶᠢᠨ ᠬᠠᠮᠳᠤ ᠠᠯᠪᠠᠨ‌ᠵᠢᠷᠤᠮ ᠤᠨ ᠡᠮᠴᠢᠯᠡᠭᠡ ᠬᠢᠵᠦ᠂ ᠤᠨᠤᠰᠢᠯᠠᠭᠰᠠᠨ ᠡᠪᠡᠳᠴᠢᠳᠡᠨ ᠤ ᠡᠪᠡᠳᠴᠢᠨ ᠤ ᠪᠠᠶᠢᠳᠠᠯ ᠳᠤ ᠲᠦᠷᠦᠯ  ᠬᠤᠪᠢᠶᠠᠨ  ᠲᠤᠬᠢᠳᠠᠢ‌‍ᠰᠢᠢᠳᠪᠤᠷᠢᠯᠡᠵᠡᠢ︔ ᠡᠮᠨᠡᠯᠭᠡ ᠳᠤ ᠰᠠᠭᠤᠵᠥ ᠡᠮᠴᠢᠯᠡᠬᠦᠯᠬᠦ ᠴᠢᠬᠤᠯᠠᠳᠠᠢ ᠡᠪᠡᠳᠴᠢᠳᠡᠨ ᠢ  ᠡᠮᠨᠡᠯᠬᠡ ᠳᠤ  ᠰᠠᠭᠤᠯᠭᠠᠨ  ᠡᠮᠨᠡᠬᠦᠯᠵᠦ‌‍ᠪᠤᠢ᠃ ᠡᠬᠦᠨ ᠤ ᠬᠠᠮᠳᠦ᠂ ᠰᠢᠶᠠᠨ ᠤ ᠡᠮᠨᠡᠯᠬᠡ ᠶᠢᠨ ᠬᠤᠷᠢᠶ᠎ᠠ ᠵᠡᠷᠭᠡ  ᠲᠤᠭᠲᠠᠭᠠᠭᠰᠠᠨ  ᠡᠮᠴᠢᠯᠡᠬᠡᠨ ᠤ  ᠨᠢᠭᠡᠴᠡ ᠳᠤ  ᠬᠦᠷᠴᠤ‌ᠡᠪᠡᠳᠴᠢᠨ ᠦᠵᠡᠬᠦᠯᠬᠦ ᠳᠤ ︽ᠤᠷᠢᠳᠠᠪᠠᠷ ᠡᠮᠴᠢᠯᠡᠬᠦᠯᠵᠦ᠂ ᠲᠠᠷᠠᠭ᠎ᠠ ᠨᠢ ᠰᠦᠢᠳᠬᠡᠯ ᠲᠤᠰᠢᠶᠠᠬᠤ᠂ ᠨᠢᠬᠡ  ᠯᠡ  ᠦᠷᠳᠡᠭᠡ ᠵᠢᠨ‌‍ᠬᠡᠯᠪᠡᠷᠢ ᠶᠢᠨ ᠲᠠᠩᠰᠠᠠ ᠠᠴᠠ ᠲᠠᠶᠢᠯᠬᠤ︾ ᠦᠢᠯᠡᠴᠢᠯᠡᠭᠡ ᠶᠢᠨ  ᠰᠢᠨ᠎ᠡ  ᠬᠡᠯᠪᠡᠷᠢ ᠶᠢ  ᠬᠡᠷᠡᠭᠵᠢᠬᠦᠯᠵᠦ᠂  ᠲᠠᠩᠰᠠ  ᠪᠠᠶᠢᠭᠤᠯᠤᠨ‌‍ᠺᠠᠷᠲᠯᠠᠭᠤᠯᠤᠭᠰᠠᠠ ᠶᠠᠳᠠᠭᠤ ᠬᠦᠴᠢᠷᠳᠡᠯᠳᠡᠢ ᠡᠷᠦᠬᠡ ᠡᠮᠨᠡᠯᠬᠡ ᠠᠴᠠ ᠭᠠᠷᠬᠤ ᠦᠶ᠎ᠡ ᠳᠤ ᠵᠦᠪᠬᠡᠨ  10% ᠤᠨ  ᠡᠮᠴᠢᠯᠡᠬᠡᠨ ‍ᠤ‌‍ᠰᠦ᠋ᠢᠳᠬᠡᠯ  ᠲᠤᠰᠢᠶᠠᠵᠦ᠂  90% ᠤᠨ  ᠡᠮᠴᠢᠯᠡᠬᠡᠨ ᠤ  ᠵᠠᠷᠤᠳᠠᠯ ᠢ  ᠪᠦᠷ  ᠬᠦᠳᠡᠭᠡ  ᠲᠤᠰᠬᠤᠠ ᠤ  ᠰᠢᠨ᠎ᠠ  ᠮᠠᠶ᠋ᠢᠭ ‍ᠤᠨ‌ᠬᠤᠷᠰᠢᠭᠰᠠᠨ ᠡᠮ ᠡᠮᠨᠡᠯᠬᠡ ᠶᠢᠨ ᠲᠡᠭᠠᠳᠬᠠᠯ᠂ ᠠᠷᠠᠳ ᠤᠨ ᠶᠠᠪᠤᠳᠠᠯ ᠤᠨ ᠲᠤᠪᠴᠢᠶ᠎ᠠ ᠶᠢᠨ ᠬᠦᠨᠳᠦ  ᠡᠪᠡᠳᠴᠢᠳᠡᠨ ᠢ  ᠠᠪᠤᠷᠠᠨ‌‍ᠲ᠋ᠤᠰᠠᠯᠠᠬᠤ ᠲᠦᠷᠦᠯ ᠵᠦᠢᠯ ᠪᠠ ᠬᠤᠳᠠᠯᠳᠤᠭᠠᠨ ᠤ  ᠲᠠᠭᠠᠳᠬᠠᠯ  ᠪᠠ  ᠬᠠᠶᠢᠷ᠎ᠠ  ᠬᠠᠯᠠᠮᠵᠢ  ᠬᠦᠷᠬᠡᠬᠦ  ᠰᠠᠭᠤᠷᠢ  ᠮᠦᠡᠭᠬᠦ ᠵᠢᠨ‌ᠨᠠᠶᠢᠬᠡᠮᠯᠢᠭ ᠵᠡᠷᠬᠡ ᠰᠠᠯᠠᠭ᠎ᠠ ᠮᠥᠴᠢᠷ ᠠᠴᠠ ᠬᠠᠪᠰᠤᠷᠤᠠ ᠲᠡᠩᠰᠠ ᠴᠠᠶᠢᠷᠠᠭᠤᠯᠤᠨ  ᠦᠭᠴᠦ  ᠪᠤᠢ᠃  ᠲᠤᠰ  ᠰᠢᠶᠠᠨ  ᠲᠠᠩᠰᠠ‌‍ᠪᠠᠶᠢᠭᠤᠯᠤᠨ ᠺᠡᠷᠲᠯᠠᠭᠰᠠᠠ ᠶᠠᠳᠠᠭᠤ ᠬᠦᠴᠢᠷᠳᠡᠯᠳᠡᠢ  ᠡᠷᠦᠬᠡ ᠳᠤ  ᠡᠩ ᠤᠨ  ᠡᠪᠡᠳᠴᠢᠨ  ᠪᠠ  ᠬᠦᠨᠳᠦ  ᠶᠡᠭᠡ  ᠡᠪᠡᠳᠴᠢᠨ ᠢ‌ᠦᠵᠡᠬᠦᠯᠬᠦ ᠶᠢ ᠲᠡᠮᠵᠢᠠ ᠲᠤᠰᠠᠯᠠᠬᠤ ᠶᠢ ᠤᠶᠠᠯᠳᠤᠭᠤᠯᠬᠤ᠂ ᠡᠮᠨᠡᠯᠬᠡ ᠳᠤ ᠰᠠᠭᠤᠬᠤ ᠪᠠ ᠡᠬᠦᠳᠡᠨ  ᠡᠮᠨᠡᠯᠬᠡ ᠳᠤ  ᠦᠵᠡᠬᠦᠯᠬᠦ ᠵᠢ‌‍ᠲ᠋ᠡᠮᠵᠢᠠ ᠲᠤᠰᠠᠯᠠᠬᠤ ᠶᠢ ᠤᠶᠠᠯᠳᠤᠭᠤᠯᠬᠤ᠂ ᠡᠮᠴᠢᠯᠡᠬᠡᠨ ᠤ ᠲᠠᠷᠠᠭᠠᠬᠢ ᠪᠠ  ᠡᠮᠴᠢᠯᠡᠬᠡᠨ ᠤ  ᠡᠮᠦᠨᠡᠬᠢ  ᠲᠡᠮᠵᠢᠠ  ᠲᠤᠰᠠᠯᠠᠬᠤ ᠵᠢ‌ᠤᠶᠠᠯᠳᠤᠭᠤᠯᠬᠤ ᠵᠡᠷᠬᠡ ︽ᠲᠠᠪᠤ ᠶᠢ ᠨᠢᠬᠡ ᠴᠤᠭᠴᠠᠵᠢᠭᠤᠯᠬᠤ︾ ᠲᠡᠮᠵᠢᠠ ᠲᠤᠰᠠᠯᠠᠬᠤ ᠰᠢᠨ᠎ᠡ ᠠᠷᠭ᠎ᠠ ᠶᠢ ᠬᠡᠷᠡᠭᠵᠢᠬᠦᠯᠵᠥ ᠪᠤᠢ᠃  
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号