ᠦᠪᠦᠷ ᠮᠤᠩᠭᠤᠯ ᠤᠨ ᠦᠪᠡᠷᠳᠡᠬᠡᠨ ᠵᠠᠰᠬᠠᠤ ᠤᠷᠤᠨ ᠤ ᠠᠩᠬᠠᠳᠠᠭᠴᠢ ᠤᠶᠤᠨᠴᠢ ᠮᠠᠰᠢᠨ ᠬᠦᠮᠦᠨ ᠢᠶᠠᠷ ᠪᠠᠶᠢᠷᠢ ᠤᠨᠤᠰᠢᠯᠠᠬᠤ ᠮᠡᠰᠡ ᠵᠠᠰᠠᠯ ᠠᠮᠵᠢᠯᠳᠠ ᠤᠯᠪᠠ
ᠨᠡᠶᠢᠲᠡᠯᠡᠭᠰᠡᠨ ᠴᠠᠭ᠄
2018-03-26
      3 ᠰᠠᠷ᠎ᠠ ᠶᠢᠨ 13 ᠤ ᠡᠳᠦᠷ᠂ ᠦᠪᠦᠷ ᠮᠤᠩᠭᠤᠯ ᠤᠨ ᠦᠪᠡᠷᠳᠡᠬᠡᠨ ᠵᠠᠰᠬᠠᠤ ᠤᠷᠤᠨ ᠤ ᠬᠤᠤᠷᠠᠳᠤ  ᠬᠠᠪᠤᠳᠠᠷ ‍ᠤᠨ‌ᠡᠮᠨᠡᠯᠬᠡ ᠶᠢᠨ ᠬᠤᠷᠢᠶ᠎ᠠ ᠶᠢᠨ ᠪᠢᠴᠢᠯ ᠰᠤᠷᠪᠢᠵᠢᠬᠤ ᠮᠡᠰᠡ ᠵᠠᠰᠠᠯ ᠤᠨ ᠰᠠᠯᠠᠭ᠎ᠠ ᠶᠢᠨ ᠡᠷᠬᠢᠯᠡᠭᠴᠢ ᠫᠧᠩ ᠲᠢᠶᠧ ᠬᠤᠩ᠂ ᠲᠦᠷᠰᠦ‌ᠤᠨᠤᠰᠢᠯᠠᠬᠤ ᠰᠠᠯᠠᠭ᠎ᠠ ᠶᠢᠨ ᠬᠡᠳᠦᠨ ᠡᠮᠴᠢ ᠶᠢᠨ ᠬᠠᠮᠳᠤ ᠶᠢᠨ ᠴᠢᠷᠮᠠᠶᠢᠯᠭ᠎ᠠ ᠪᠠᠷ ᠦᠪᠦᠷ ᠮᠤᠩᠭᠤᠯ ᠤᠨ ᠠᠩᠬᠠᠳᠠᠭᠴᠢ ᠤᠶᠤᠨᠴᠢ‌ᠮᠠᠰᠢᠨ  ᠬᠦᠮᠦᠨ ᠤ  ᠪᠠᠶᠢᠷᠢ  ᠤᠨᠤᠰᠢᠯᠠᠬᠤ  ᠰᠢᠰᠲ᠋ᠧᠮ ᠤᠨ  ᠵᠢᠯᠤᠭᠤᠳᠤᠯᠭ᠎ᠠ  ᠳᠤᠤᠷᠡᠬᠢ  ᠮᠡᠰᠡ  ᠵᠠᠰᠠᠯ   ᠠᠮᠵᠢᠯᠳᠠ ᠲᠠᠢ‌‍ᠶᠠᠪᠤᠭᠳᠠᠪᠠ᠃ ᠡᠶᠢᠨᠬᠦ ᠦᠪᠦᠷ ᠮᠤᠩᠭᠤᠯ ᠤᠨ  ᠦᠪᠡᠷᠳᠡᠬᠡᠨ  ᠵᠠᠰᠬᠠᠤ  ᠤᠷᠤᠨ ᠤ  ᠬᠤᠤᠷᠠᠳᠤ  ᠬᠠᠪᠤᠳᠠᠷ ᠤᠨ  ᠡᠮᠨᠡᠯᠬᠡ ᠵᠢᠨ‌ᠬᠤᠷᠢᠶ᠎ᠠ ᠨᠢ ᠦᠪᠡᠷᠳᠡᠬᠡᠨ ᠵᠠᠰᠬᠠᠤ ᠤᠷᠤᠨ ᠤ ᠠᠩᠬᠠᠳᠠᠭᠴᠢ ᠤᠶᠤᠨᠴᠢ ᠮᠠᠰᠢᠨ  ᠬᠦᠮᠦᠨ ᠢᠶᠠᠷ  ᠪᠠᠶᠢᠷᠢ  ᠤᠨᠤᠰᠢᠯᠠᠬᠤ  ᠮᠡᠰᠡ‌ᠵᠠᠰᠠᠯ ᠬᠢᠬᠦ ᠡᠮᠨᠡᠯᠬᠡ ᠶᠢᠨ ᠬᠤᠷᠢᠶ᠎ᠠ ᠪᠤᠯᠪᠠ᠃             ︽ᠤᠨᠤᠪᠴᠢᠳᠠᠢ ᠴᠤᠭᠤᠯᠠᠬᠤ ᠪᠤᠯ ᠮᠡᠰᠡ ᠵᠠᠰᠠᠯ ᠤᠨ ᠠᠮᠵᠢᠯᠳᠠ ᠤᠯᠬᠤ ᠶᠢᠨ ᠵᠠᠩᠬᠢᠯᠠᠭ᠎ᠠ  ᠪᠤᠯᠤᠨ᠎ᠠ︕  ᠤᠶᠤᠨᠴᠢ‌ᠮᠠᠰᠢᠨ ᠬᠦᠮᠦᠨ ᠤ ᠤᠷᠤᠨ ᠪᠠᠶᠢᠷᠢ ᠤᠨᠤᠰᠢᠯᠠᠬᠤ ᠰᠢᠰᠲ᠋ᠧᠮ ᠨᠢ ᠬᠤᠶᠠᠷ ᠬᠡᠮᠵᠢᠯᠳᠤ ᠬᠠᠷᠠᠴᠠ ᠶᠢᠨ ᠲᠠᠩ ᠨᠢᠳᠤᠨ ᠤ  ᠬᠠᠷᠠᠭᠠᠨ‌‍ᠰᠡᠷᠡᠯ ᠤᠨ ᠵᠢᠷᠤᠭ ᠤᠨ ᠨᠠᠷᠢᠨ ᠳᠤᠳᠤᠷᠬᠠᠢ ᠤᠯᠵᠤ ᠬᠠᠷᠠᠬᠤ ᠦᠬᠡᠢ ᠳᠤᠳᠠᠭᠳᠠᠯ ᠢ ᠨᠦᠬᠦᠪᠦᠷᠢᠯᠡᠵᠦ᠂ ᠡᠮᠴᠢ ᠶᠢᠨ ᠮᠡᠰᠡ ᠵᠠᠰᠠᠯ‌‍ᠬᠢᠵᠦ ᠪᠠᠶᠢᠭ᠎ᠠ ᠶᠠᠪᠤᠴᠠ ᠳᠠᠭᠠᠨ ᠤᠷᠤᠨ ᠪᠠᠶᠢᠷᠢ ᠶᠢ ᠨᠡᠩ ᠨᠠᠷᠢᠨ ᠤᠨᠤᠪᠴᠢᠳᠠᠢ ᠲᠠᠢ ᠳᠤᠭᠳᠠᠭᠠᠬᠤ᠂  ᠨᠡᠩ  ᠠᠮᠢᠳᠤᠯᠢᠭ ᠵᠶ᠋ᠠᠷ‌‍ᠬᠢᠵᠦ ᠴᠢᠳᠠᠬᠤ ᠪᠤᠯᠭᠠᠵᠤ᠂ ᠪᠢᠴᠢᠯ ᠰᠢᠷᠬ᠎ᠠ ᠪᠠᠷ ᠡᠮᠨᠡᠨ ᠵᠠᠰᠠᠬᠤ ᠶᠠᠪᠤᠴᠠ ᠳᠠᠬᠢ ᠦᠨᠳᠦᠷ  ᠦᠷ᠎ᠠ  ᠪᠦᠳᠦᠮᠵᠢ ᠲᠠᠢ᠂  ᠠᠮᠤᠷ‌‍ᠲ᠋ᠦ᠋ᠪᠰᠢᠨ ᠲᠦᠢᠯᠪᠤᠷᠢᠳᠡᠢ ᠪᠠᠶᠢᠵᠤ᠂ ᠮᠡᠰᠡ ᠵᠠᠰᠠᠯ ᠤᠨ ᠳᠠᠷᠠᠭ᠎ᠠ ᠳᠠᠪᠬᠤᠴᠠᠭᠰᠠᠨ  ᠡᠪᠡᠳᠴᠢᠨ  ᠡᠬᠦᠰᠬᠦ  ᠨᠤᠷᠮ᠎ᠠ ᠶᠢ  ᠶᠡᠬᠡᠪᠡᠷ‌‍ᠪᠠᠭᠤᠷᠠᠭᠤᠯᠵᠤ᠂ ᠤᠯᠠᠨ ᠳᠠᠯ᠎ᠠ ᠪᠠᠷ ᠰᠢᠯᠢᠳᠡᠭᠵᠢᠬᠦᠯᠬᠦ ᠶᠢ ᠪᠡᠶᠡᠯᠡᠬᠦᠯᠵᠦ ᠴᠢᠳᠠᠭᠰᠠᠨ ᠪᠠᠶᠢᠨ᠎ᠠ︾ ᠬᠡᠵᠦ  ᠫᠧᠩ  ᠲᠢᠶᠧ  ᠬᠤᠩ‌‍ᠲ᠋ᠠᠨᠢᠯᠴᠠᠭᠤᠯᠤᠨ᠎ᠠ᠃ ᠤᠳᠤ ᠶᠢᠨ ᠬᠡᠷᠡᠭᠯᠡᠵᠦ ᠪᠠᠶᠢᠭ᠎ᠠ ᠬᠤᠤᠷᠠᠳᠤ ᠬᠠᠪᠤᠳᠠᠷ ᠤᠨ ᠶᠡᠷᠦᠩᠬᠡᠶᠢᠯᠡᠨ ᠡᠮᠨᠡᠨ  ᠵᠠᠰᠬᠠᠤ  ᠮᠡᠷᠬᠡᠵᠢᠯ ‍ᠤᠨ‌‍ᠲ᠋ᠠᠪᠴᠠᠩ ᠳᠤ ᠤᠶᠤᠨᠴᠢ ᠮᠠᠰᠢᠨ ᠬᠦᠮᠦᠨ ᠢᠶᠠᠷ ᠤᠷᠤᠨ ᠪᠠᠶᠢᠷᠢ ᠳᠤᠭᠳᠠᠭᠠᠬᠤ ᠰᠢᠰᠲ᠋ᠧᠮ ᠢ ᠨᠡᠶᠢᠳᠬᠡᠵᠦ ᠬᠡᠷᠡᠭᠯᠡᠭᠰᠡᠨ ᠨᠢ ᠮᠡᠰᠡ‌ᠵᠠᠰᠠᠯ ᠤᠨ ᠰᠢᠷᠬ᠎ᠠ ᠨᠢ ᠪᠠᠭ᠎ᠠ᠂ ᠴᠢᠰᠤ ᠭᠠᠷᠬᠤ ᠬᠡᠮᠵᠢᠶ᠎ᠠ ᠨᠢ  ᠪᠠᠭ᠎ᠠ᠂  ᠡᠷᠡᠬᠦᠯᠵᠢᠬᠦ ᠳᠤ  ᠲᠦᠷᠬᠡᠨ  ᠵᠡᠷᠬᠡ  ᠳᠠᠪᠠᠭᠤᠯᠢᠭ ᠲᠠᠢ‌‍ᠪᠠᠶᠢᠵᠤ᠂ ᠡᠪᠡᠳᠴᠢᠳᠡᠨ ᠤ ᠠᠵᠤ ᠠᠬᠤᠢ ᠶᠢᠨ ᠳᠠᠷᠤᠭᠠᠰᠤ ᠶᠢ ᠬᠦᠩᠬᠡᠯᠡᠵᠦ  ᠴᠢᠳᠠᠨ᠎ᠠ᠃  ᠵᠤᠬᠢᠶᠠᠮᠠᠯ  ᠤᠶᠤᠨ  ᠴᠢᠳᠠᠪᠤᠷᠢ ᠵᠢ‌ᠡᠮᠨᠡᠯᠬᠡ ᠶᠢᠨ ᠬᠤᠷᠢᠶᠠᠨ ᠳᠤ ᠬᠡᠷᠡᠭᠯᠡᠬᠦ ᠶᠢ ᠳᠠᠭᠠᠯᠳᠤᠨ᠂ ᠡᠮᠴᠢᠯᠡᠬᠡᠨ ᠤ  ᠳᠠᠯ᠎ᠠ ᠶᠢᠨ  ᠴᠢᠬᠤᠯᠠ  ᠰᠢᠪᠳᠤᠯᠤᠯᠳᠠ ᠶᠢ  ᠤᠯᠵᠤ᠂ᠤᠶᠤᠨᠴᠢ ᠮᠠᠰᠢᠨ ᠬᠦᠮᠦᠨ ᠵᠢᠴᠢ ᠳᠤᠭᠠᠴᠢᠯᠠᠭᠰᠠᠨ ᠠᠨᠠᠭᠠᠬᠤ  ᠤᠬᠠᠭᠠᠨ ᠤ  ᠬᠦᠭᠵᠢᠯᠳᠡ ᠶᠢ  ᠳᠠᠭᠠᠯᠳᠤᠨ  ᠡᠮᠴᠢ ᠨᠢ  ᠡᠮᠨᠡᠨ‌ᠵᠠᠰᠬᠠᠤ ᠶᠠᠪᠤᠴᠠ ᠳᠠᠬᠢ ᠤᠨᠤᠪᠴᠢ ᠶᠢᠨ ᠬᠡᠮᠵᠢᠶ᠎ᠠ ᠳᠠᠰᠤᠷᠠᠯᠳᠠ ᠦᠬᠡᠢ ᠳᠡᠬᠡᠭᠰᠢᠯᠡᠵᠦ ᠪᠠᠶᠢᠭ᠎ᠠ ᠶᠤᠮ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号