ᠭᠡᠤᠭᠡᠳ ᠤᠨ ᠦᠭᠡ ᠬᠡᠯᠡᠨ ᠤ ᠬᠥᠭᠵᠢᠯᠳᠡ ᠶᠢᠨ ᠶᠠᠪᠤᠴᠠ ᠳᠤ ᠡᠴᠢᠭᠡ ᠬᠦᠮᠦᠨ ᠴᠢᠬᠤᠯᠠ ᠦᠢᠯᠡᠳᠤᠯ ᠦᠵᠡᠬᠦᠯᠳᠡᠭ
ᠨᠡᠶᠢᠲᠡᠯᠡᠭᠰᠡᠨ ᠴᠠᠭ᠄
2018-03-26
      ᠬᠡᠤᠭᠡᠳ ᠬᠡᠯᠡ ᠳᠤ ᠤᠷᠤᠬᠤ ᠶᠠᠪᠤᠴᠠ ᠳᠤ᠂ ᠤᠯᠠᠩᠬᠢ ᠳᠠᠭᠠᠨ ᠡᠵᠢ ᠬᠦᠮᠦᠨ ᠭᠡᠤᠭᠡᠳ ᠲᠠᠢ   ᠪᠠᠨ  ᠬᠠᠮᠳᠤ  ᠨᠤᠮ‌ᠤᠩᠰᠢᠵᠤ᠂ ᠬᠠᠮᠳᠤ ᠲᠤᠭᠯᠠᠲᠠᠭ᠃ ᠡᠭᠡᠴᠤᠤᠯ ᠤᠨ ᠢᠩᠬᠢᠵᠤ ᠬᠢᠬᠦ ᠨᠢ ᠭᠡᠤᠭᠡᠳ   ᠤᠨ  ᠬᠡᠯᠡ   ᠳᠤ  ᠤᠷᠤᠬᠤ   ᠳᠤ  ᠲᠤᠰᠠ‌‍ᠪᠤᠯᠤᠨ᠎ᠠ ᠭᠡᠳᠡᠭ ᠢ ᠮᠠᠰᠢ ᠤᠯᠠᠨ ᠰᠤᠳᠤᠯᠭᠠᠨ ᠳᠤ ᠢᠯᠡᠷᠡᠬᠦᠯᠵᠠᠢ᠃ ᠡᠴᠢᠭᠡ ᠬᠦᠮᠦᠨ ᠬᠡᠤᠭᠡᠳ ᠲᠠᠢ ᠪᠠᠨ ᠬᠠᠮᠳᠤ ᠪᠠᠶᠢᠬᠤ  ᠨᠢ‌‍ᠬᠡᠦᠭᠡᠳ ᠤᠨ ᠦᠭᠡ ᠬᠡᠯᠡᠨ ᠤ ᠬᠥᠭᠵᠢᠯᠳᠡ ᠳᠤ ᠠᠳᠠᠯᠢᠬᠠᠨ ᠴᠢᠬᠤᠯᠠ ᠪᠠᠶᠢᠳᠠᠭ ᠭᠡᠰᠡᠨ ᠢ ᠠᠦ᠋ᠰᠲᠷᠠᠯᠢᠶ᠎ᠠ ᠶᠢᠨ ᠰᠤᠳᠤᠯᠭᠠᠨ ‍ᠤ‌ᠠᠵᠢᠯᠳᠠᠨ ᠦᠢᠷ᠎ᠠ ᠳᠤ ᠤᠯᠵᠤ ᠮᠡᠳᠡᠵᠠᠢ᠃              ᠠᠦ᠋ᠰᠲᠷᠠᠯᠢᠶ᠎ᠠ ᠶᠢᠨ ᠮᠤᠲ᠋ᠧᠺ ᠭᠡᠤᠭᠡᠳ ᠤᠨ ᠰᠤᠳᠤᠯᠭᠠᠨ ᠤ ᠭᠠᠵᠠᠷ 1  ᠰᠠᠷ᠎ᠠ   ᠶᠢᠨ  17   ᠤ  ᠡᠳᠤᠷ  ᠰᠤᠨᠢᠨ‌ᠮᠡᠳᠡᠭᠡᠨ ᠤ ᠠᠯᠪᠠᠨ ᠵᠠᠷ ᠨᠡᠶᠢᠳᠡᠯᠡᠵᠤ ᠬᠡᠯᠡᠬᠦ ᠳᠡᠭᠡᠨ᠂ ᠡᠴᠢᠭᠡ ᠬᠦᠮᠦᠨ ᠦᠷᠬᠦᠯᠵᠢ ᠭᠡᠷ ᠲᠡᠭᠡᠨ ᠭᠡᠤᠭᠡᠳ   ᠲᠠᠢ   ᠪᠠᠨ  ᠬᠠᠮᠳᠤ‌ᠨᠤᠮ ᠤᠩᠰᠢᠪᠠᠯ ᠭᠡᠤᠭᠡᠳ ᠤᠨ ᠦᠭᠡ ᠬᠡᠯᠡᠨ ᠤ ᠬᠥᠭᠵᠢᠯᠳᠡ ᠶᠢ ᠠᠬᠢᠭᠤᠯᠵᠤ  ᠲᠡᠶᠢᠯᠦᠨ᠎ᠡ  ᠭᠡᠳᠡᠭ   ᠢ  ᠲᠤᠰ  ᠭᠠᠵᠠᠷ  ‍ᠤᠨ‌‍ᠰᠤᠳᠤᠯᠭᠠᠨ ᠤ ᠠᠵᠢᠯᠳᠠᠨ ᠤᠯᠵᠤ ᠮᠡᠳᠡᠭᠰᠡᠨ ᠪᠠᠶᠢᠨ᠎ᠠ ᠭᠡᠵᠠᠢ᠃              ᠰᠤᠳᠤᠯᠭᠠᠨ ᠤ ᠠᠵᠢᠯᠳᠠᠨ ᠠᠦ᠋ᠰᠲᠷᠠᠯᠢᠶ᠎ᠠ ᠶᠢᠨ 405 ᠭᠡᠷ ᠪᠦᠯᠢ ᠶᠢ ᠮᠦᠷᠳᠡᠨ  ᠰᠤᠳᠤᠯᠵᠠᠢ᠂  ᠲᠡᠳᠡ  ᠭᠡᠤᠭᠡᠳ‌‍ᠤᠨ 2 ᠨᠠᠰᠤᠳᠠᠢ ᠪᠠᠶᠢᠬᠤ ᠳᠤᠨᠢ ᠡᠴᠢᠭᠡ ᠡᠭᠡ ᠶᠢᠨ ᠬᠢᠨᠢ ᠲᠡᠳᠡᠨ   ᠲᠠᠢ  ᠬᠠᠮᠳᠤ  ᠨᠤᠮ  ᠤᠩᠰᠢᠵᠤ  ᠪᠠᠶᠢᠭ᠎ᠠ  ᠪᠠᠶᠢᠳᠠᠯ  ᠢ‌‍ᠪᠠᠶᠢᠴᠠᠭᠠᠭᠰᠠᠨ ᠪᠦᠭᠡᠳ 4 ᠨᠠᠰᠤ ᠪᠤᠯᠬᠤ ᠦᠶ᠎ᠠ ᠳᠤ ᠲᠡᠳᠡᠨ ᠤ ᠦᠭᠡ ᠬᠡᠯᠡᠨ ᠤ ᠴᠢᠳᠠᠪᠤᠷᠢ  ᠶᠢ ᠰᠢᠯᠭᠠᠵᠠᠢ᠃  ᠰᠤᠳᠤᠯᠭᠠᠨ‌‍ᠤ ᠠᠵᠢᠯᠳᠠᠨ ᠪᠠᠰᠠ ᠤᠯᠠᠨ ᠡᠰᠢᠳᠤ ᠱᠤᠭᠤᠮᠯᠢᠭ ᠪᠤᠴᠠᠭᠠᠯᠳᠠ ᠶᠢᠨ ᠵᠠᠬᠪᠤᠷ ᠢ  ᠬᠡᠷᠡᠭᠯᠡᠨ  ᠭᠡᠤᠭᠡᠳ   ᠤᠨ  ᠦᠭᠡ  ᠬᠡᠯᠡᠨ  ‍ᠤ‌‍ᠬᠥ᠋ᠭᠵᠢᠯᠳᠡ ᠳᠤ ᠦᠵᠡᠬᠦᠯᠬᠦ ᠡᠴᠢᠭᠡ ᠬᠦᠮᠦᠨ ᠤ ᠨᠦᠯᠤᠭᠡ ᠶᠢ ᠵᠠᠳᠠᠯᠤᠭᠰᠠᠨ ᠪᠠᠶᠢᠨ᠎ᠠ᠃ ᠡᠴᠢᠭᠡ ᠡᠭᠡ ᠶᠢᠨ ᠬᠢᠨᠢ ᠤᠷᠤᠯᠭ᠎ᠠ᠂ᠠᠵᠢᠯ᠂ ᠰᠤᠷᠭᠠᠨ ᠬᠥᠮᠤᠵᠢᠯ ᠬᠥᠷᠳᠡᠭᠰᠡᠨ ᠬᠢᠷᠢ ᠭᠡᠮᠵᠢᠶ᠎ᠠ ᠪᠤᠯᠤᠨ ᠡᠵᠢ ᠬᠦᠮᠦᠨ ᠤ ᠨᠤᠮ ᠤᠩᠰᠢᠬᠤ ᠦᠢᠯᠡ ᠠᠵᠢᠯᠯᠠᠭ᠎ᠠ ᠵᠢᠨ‌ᠨᠦ᠋ᠯᠤᠭᠡ ᠶᠢ ᠶᠡᠷᠤᠩᠭᠡᠶᠢᠯᠡᠨ ᠪᠤᠳᠤᠯᠬᠢᠯᠠᠭᠰᠠᠨ ᠤ ᠲᠠᠷᠠᠭ᠎ᠠ᠂ 2 ᠨᠠᠰᠤᠳᠠᠢ ᠳᠠᠭᠠᠨ ᠡᠴᠢᠭᠡ ᠶᠢᠨ   ᠢᠶᠠᠨ  ᠨᠤᠮ  ᠤᠩᠰᠢᠬᠤ  ᠵᠢ‌ᠦᠷᠬᠦᠯᠵᠢ ᠰᠤᠨᠤᠰᠲᠠᠭ ᠭᠡᠤᠭᠡᠳ 4 ᠨᠠᠰᠤ ᠬᠥᠷᠦᠭᠰᠡᠨ ᠤ ᠲᠠᠷᠠᠭ᠎ᠠ ᠦᠭᠡ ᠬᠡᠯᠡ ᠦᠢᠯᠠᠭᠠᠬᠤ ᠪᠠ ᠢᠯᠡᠳᠭᠡᠬᠦ ᠴᠢᠳᠠᠪᠤᠷᠢ  ᠨᠢ‌‍ᠴᠦ᠋ᠮ ᠨᠡᠩ ᠴᠢᠩᠭ᠎ᠠ ᠪᠤᠯᠳᠠᠭ ᠢ ᠰᠤᠳᠤᠯᠭᠠᠨ ᠢᠶᠠᠷ ᠤᠯᠵᠤ ᠮᠡᠳᠡᠵᠠᠢ᠃              ᠰᠤᠳᠤᠯᠭᠠᠨ ᠤ ᠦᠷ᠎ᠡ ᠪᠦᠳᠤᠭᠡᠯ ᠢ ᠠᠮᠧᠷᠢᠺᠠ   ᠶᠢᠨ《ᠬᠡᠤᠭᠡᠳ   ᠤᠨ  ᠡᠮᠨᠡᠯᠭᠡ   ᠶᠢᠨ  ᠡᠷᠳᠡᠮ  ᠰᠢᠨᠵᠢᠯᠡᠭᠡᠨ  ‍ᠤ‌‍ᠰᠡᠳᠬᠦᠯ》 ᠳᠤ ᠨᠡᠶᠢᠳᠡᠯᠡᠪᠡ᠃ ᠦᠬᠦᠯᠡᠯ ᠤᠨ ᠨᠢᠭᠡᠳᠤᠭᠡᠷ ᠵᠤᠬᠢᠶᠠᠭᠴᠢ ᠡᠸ᠋ᠨ· ᠬᠥᠸᠧ ᠳ᠋ᠤᠺᠲ᠋ᠤᠷ  ᠢᠯᠡᠷᠭᠡᠶᠢᠯᠡᠬᠦ   ᠳᠡᠭᠡᠨ᠂ᠡᠬᠦᠨ ᠠᠴᠠ ᠡᠮᠤᠨᠡᠬᠢ ᠰᠤᠳᠤᠯᠭᠠᠨ ᠳᠤ ᠭᠡᠷ ᠪᠦᠯᠢ ᠶᠢᠨ ᠤᠷᠴᠢᠨ ᠨᠦᠬᠦᠴᠡᠯ ᠪᠠ ᠡᠭᠡᠴᠤᠤᠯ  ᠤᠨ ᠦᠢᠯᠡ  ᠠᠵᠢᠯᠯᠠᠭ᠎ᠠ  ᠵᠢᠨ‌‍ᠴᠢᠬᠤᠯᠠ ᠴᠢᠨᠠᠷ ᠢ ᠨᠢᠭᠡᠨᠳᠡ ᠬᠡᠷᠡᠴᠢᠯᠡᠭᠰᠡᠨ ᠪᠤᠯᠪᠠᠴᠤ ᠭᠡᠤᠭᠡᠳ ᠤᠨ ᠦᠭᠡ ᠬᠡᠯᠡᠨ  ᠤ ᠬᠥᠭᠵᠢᠯᠳᠡ ᠳᠤ  ᠦᠵᠡᠬᠦᠯᠬᠦ  ᠡᠴᠢᠭᠡ‌‍ᠬᠦ᠋ᠮᠦᠨ ᠤ ᠨᠦᠯᠤᠭᠡ ᠶᠢᠨ ᠲᠤᠬᠠᠢ ᠦᠢᠯᠠᠭᠠᠯᠳᠠ ᠲᠦᠢᠯ ᠤᠨ ᠬᠢᠵᠠᠭᠠᠷᠳᠠᠢ ᠪᠠᠶᠢᠬᠰᠠᠨ ᠪᠤᠯᠬᠤᠷ ᠲᠤᠰ ᠰᠤᠳᠤᠯᠭᠠᠨ   ᠨᠢ  ᠡᠨᠡ‌‍ᠲ᠋ᠤᠬᠠᠢ ᠠᠰᠢᠭᠳᠠᠢ ᠨᠦᠬᠦᠪᠤᠷᠢᠯᠡᠯ ᠬᠠᠩᠭᠠᠭᠰᠠᠨ ᠪᠠᠶᠢᠨ᠎ᠠ ᠭᠡᠵᠠᠢ᠃              ᠰᠤᠳᠤᠯᠭᠠᠨ ᠳᠤ ᠪᠠᠰᠠ ᠭᠡᠤᠭᠡᠳ ᠤᠨ ᠪᠠᠭ᠎ᠠ ᠶᠢᠨ ᠦᠶ᠎ᠠ ᠶᠢᠨ ᠤᠩᠰᠢᠯᠭ᠎ᠠ ᠶᠢᠨ ᠴᠢᠬᠤᠯᠠ ᠴᠢᠨᠠᠷ ᠢ  ᠤᠯᠠᠮ  ᠨᠢᠭᠡ‌ᠠᠯᠬᠤᠮ ᠰᠢᠯᠭᠠᠨ ᠪᠠᠳᠤᠯᠠᠵᠠᠢ᠂ ᠡᠶᠢᠮᠤ ᠠᠴᠠ ᠡᠴᠢᠭᠡ ᠡᠭᠡ ᠪᠤᠯᠤᠭᠰᠠᠳ  ᠭᠡᠤᠭᠡᠳ   ᠲᠠᠢ   ᠪᠠᠨ  ᠬᠠᠮᠳᠤ  ᠢᠯᠡᠬᠦᠭᠡᠨ  ᠨᠤᠮ‌ᠤᠩᠰᠢᠬᠤ ᠶᠢ ᠰᠤᠳᠤᠯᠭᠠᠨ ᠤ ᠠᠵᠢᠯᠳᠠᠨ ᠰᠠᠨᠠᠭᠤᠯᠵᠤ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号