ᠪᠡᠭᠡᠵᠢᠩ ᠶᠡᠭᠡ ᠰᠤᠷᠭᠠᠭᠤᠯᠢ ᠴᠢᠩᠬᠤᠸᠠ ᠶᠡᠭᠡ ᠰᠤᠷᠭᠠᠭᠤᠯᠢ ᠵᠡᠷᠭᠡ ᠲᠡᠭᠡᠳᠤ ᠰᠤᠷᠭᠠᠭᠤᠯᠢ ᠨᠤᠭᠤᠳ  ᠡᠵᠡᠨ ᠮᠡᠳᠡᠵᠦ  ᠰᠤᠷᠤᠭᠴᠢ ᠡᠯᠰᠡᠬᠦ ᠠᠵᠢᠯ ᠢᠶᠠᠨ ᠡᠬᠢᠯᠡᠬᠦᠯᠪᠡ
ᠨᠡᠶᠢᠲᠡᠯᠡᠭᠰᠡᠨ ᠴᠠᠭ᠄
2018-03-26
      ᠰᠢᠨᠬᠤᠸᠠ ᠬᠤᠷᠢᠶᠠᠨ ᠤ ᠪᠡᠭᠡᠵᠢᠩ ᠤᠨ 3 ᠰᠠᠷ᠎ᠠ ᠶᠢᠨ 22 ᠤᠨ ᠡᠳᠤᠷ ᠤᠨ ᠮᠡᠳᠡᠭᠡ ︵ᠸᠧᠢ ᠮᠧᠩ  ᠵᠢᠶᠠ᠂  ᠹᠠᠨ‌‍ᠫᠠᠨ︶ ᠪᠡᠭᠡᠵᠢᠩ ᠶᠡᠭᠡ ᠰᠤᠷᠭᠠᠭᠤᠯᠢ᠂  ᠴᠢᠩᠬᠤᠸᠠ  ᠶᠡᠭᠡ  ᠰᠤᠷᠭᠠᠭᠤᠯᠢ᠂  ᠲᠤᠮᠳᠠᠳᠤ  ᠤᠯᠤᠰ   ᠤᠨ  ᠠᠷᠠᠳ   ᠤᠨ  ᠶᠡᠭᠡ‌‍ᠰᠤᠷᠭᠠᠭᠤᠯᠢ᠂ ᠪᠡᠭᠡᠵᠢᠩ ᠤᠨ ᠪᠠᠭᠰᠢ ᠶᠢᠨ ᠶᠡᠭᠡ ᠰᠤᠷᠭᠠᠭᠤᠯᠢ ᠵᠡᠷᠭᠡ ᠪᠡᠭᠡᠵᠢᠩ ᠤᠨ ᠤᠯᠠᠨ  ᠲᠡᠭᠡᠳᠤ  ᠰᠤᠷᠭᠠᠭᠤᠯᠢ  ᠤᠶᠢᠷ᠎ᠠ‌ᠵᠢᠨ ᠡᠳᠤᠷ ᠲᠤᠰ ᠲᠤᠰ ᠤᠨ 2018 ᠤᠨ ᠤ ᠡᠵᠡᠨ ᠮᠡᠳᠡᠵᠦ ᠰᠤᠷᠤᠭᠴᠢ ᠡᠯᠰᠡᠬᠦ ᠠᠵᠢᠯ ᠤᠨ ᠲᠤᠪᠴᠢ ᠪᠠᠨ ᠨᠡᠶᠢᠲᠡᠯᠡᠵᠤ᠂ᠡᠵᠡᠨ ᠮᠡᠳᠡᠵᠦ ᠰᠤᠷᠤᠭᠴᠢ ᠡᠯᠰᠡᠬᠦ ᠨᠡᠷ᠎ᠡ ᠮᠡᠳᠡᠬᠦᠯᠬᠦ ᠠᠵᠢᠯ ᠢᠶᠠᠨ ᠡᠬᠢᠯᠡᠬᠦᠯᠦᠨ᠂ ᠦᠨᠳᠤᠷ ᠲᠤᠮᠳᠠᠳᠤ ᠲᠡᠬᠦᠰᠦᠭᠰᠡᠨ ᠰᠢᠯᠢᠳᠡᠭ‌‍ᠰᠤᠷᠤᠭᠴᠢ ᠡᠯᠰᠡᠬᠦ ᠪᠠᠷ ᠪᠡᠯᠡᠳᠭᠡᠵᠤ ᠪᠠᠶᠢᠨ᠎ᠠ᠃ ᠤᠨᠴᠠ ᠰᠢᠯᠢᠳᠡᠭ ᠰᠢᠯᠭᠠᠭᠤᠯᠤᠭᠴᠢ ᠶᠢ ᠪᠤᠯ ᠵᠠᠷᠢᠮ  ᠲᠡᠭᠡᠳᠤ  ᠰᠤᠷᠭᠠᠭᠤᠯᠢ‌ᠨᠤᠭᠤᠳ ᠨᠢᠭᠡᠳᠦᠭᠡᠷ ᠪᠦᠯᠦᠭ ᠤᠨ ᠦᠨᠳᠦᠰᠦᠨ ᠠᠩᠬᠢ ᠶᠢᠨ ᠬᠤᠪᠢ ᠶᠢᠨ ᠱᠤᠭᠤᠮ ᠢ  ᠪᠠᠭᠤᠷᠠᠭᠤᠯᠵᠤ  ᠪᠠᠶᠢᠭᠠᠳ  ᠡᠯᠰᠡᠵᠤ‌‍ᠪᠤᠯᠤᠨ᠎ᠠ᠃              ᠤᠶᠢᠯᠠᠭᠠᠭᠰᠠᠨ ᠢᠶᠠᠷ᠂ ᠪᠡᠭᠡᠵᠢᠩ ᠶᠡᠭᠡ ᠰᠤᠷᠭᠠᠭᠤᠯᠢ ᠶᠢᠨ ᠡᠨᠡ ᠵᠢᠯ ᠤᠨ ᠡᠵᠡᠨ ᠮᠡᠳᠡᠵᠦ ᠰᠤᠷᠤᠭᠴᠢ ᠡᠯᠰᠡᠬᠦ ᠲᠦᠷᠦ‌ᠵᠢᠨ ᠪᠤᠳᠤᠯᠭ᠎ᠠ ᠨᠢ ᠨᠢᠳᠤᠨᠤᠨ ᠤ ᠬᠢ ᠪᠤᠳᠤᠪᠠᠯ ᠦᠨᠳᠦᠰᠦᠨ ᠳᠡᠭᠡᠨ ᠲᠤᠭᠲᠠᠪᠤᠷᠢᠲᠠᠢ ᠪᠠᠶᠢᠵᠤ᠂ ᠰᠤᠷᠤᠭᠴᠢ  ᠡᠯᠰᠡᠬᠦ  ᠠᠵᠢᠯ‌ᠨᠢ ᠡᠩ ᠤᠨ ᠲᠦᠷᠦᠯ ᠤᠨ 16 ᠲᠡᠭᠡᠳᠤ ᠰᠤᠷᠭᠠᠭᠤᠯᠢ ᠰᠠᠯᠪᠤᠷᠢ ᠶᠢᠨ 20 ᠲᠤᠰᠬᠠᠢ ᠮᠡᠷᠭᠡᠵᠢᠯ ᠪᠤᠯᠤᠨ ᠠᠨᠠᠭᠠᠬᠤ  ᠤᠬᠠᠭᠠᠨ‌‍ᠣ ᠬᠡᠰᠡᠭ ᠤᠨ 5 ᠲᠤᠰᠬᠠᠢ ᠮᠡᠷᠭᠡᠵᠢᠯ ᠳᠤ ᠬᠤᠯᠪᠤᠭᠳᠠᠨ᠎ᠠ᠃ ᠰᠢᠯᠭᠠᠬᠤ ᠠᠷᠭ᠎ᠠ ᠬᠡᠯᠪᠡᠷᠢ ᠨᠢ ᠪᠢᠷ   ᠤᠨ  ᠰᠢᠯᠭᠠᠯᠲᠠ᠂  ᠠᠮᠠᠨ‌‍ᠰᠢᠯᠭᠠᠯᠲᠠ ᠠᠴᠠ ᠭᠠᠳᠠᠨ᠎ᠠ᠂ ᠵᠠᠷᠢᠮ ᠰᠤᠷᠤᠭᠴᠢ ᠳᠤ ᠪᠠᠰᠠ ᠲᠤᠷᠰᠢᠯᠲᠠ ᠬᠢᠬᠦ᠂ ᠨᠤᠮ ᠬᠠᠶᠠᠯᠴᠠᠬᠤ᠂ ᠲᠤᠬᠠᠢ   ᠶᠢᠨ  ᠲᠠᠯᠠᠪᠤᠷ‌‍ᠲ᠋ᠣ ᠵᠤᠬᠢᠶᠠᠨ ᠪᠦᠲᠦᠭᠡᠬᠦ ᠵᠡᠷᠭᠡ ᠰᠢᠯᠭᠠᠯᠲᠠ ᠬᠢᠵᠤ᠂ ᠰᠤᠷᠤᠭᠴᠢ  ᠶᠢᠨ ᠬᠠᠮᠢᠶ᠎ᠠ ᠪᠦᠬᠦᠢ ᠰᠢᠨᠵᠢᠯᠡᠭᠡᠨ ᠤ ᠰᠠᠯᠠᠭ᠎ᠠ   ᠶᠢᠨ  ᠲᠠᠯ᠎ᠠ‌‍ᠪᠡᠷ ᠬᠢ ᠮᠡᠳᠡᠯᠭᠡ ᠶᠢᠨ ᠬᠤᠷᠠᠮᠳᠤᠭᠤᠯᠤᠯ᠂ ᠰᠤᠷᠤᠯᠴᠠᠬᠤ ᠴᠢᠳᠠᠪᠤᠷᠢ ᠪᠠ ᠰᠢᠨ᠎ᠡ ᠶᠢ ᠡᠬᠦᠳᠬᠦ ᠲᠠᠯᠳᠠ ᠴᠢᠳᠠᠪᠤᠷᠢ ᠶᠢ ᠰᠢᠯᠭᠠᠬᠤ‌‍ᠪᠤᠯᠤᠨ᠎ᠠ᠃ ᠴᠢᠩᠬᠤᠸᠠ ᠶᠡᠭᠡ ᠰᠤᠷᠭᠠᠭᠤᠯᠢ ᠨᠢ 2017 ᠤᠨ ᠠᠴᠠ ᠡᠬᠢᠯᠡᠨ  ᠶᠡᠭᠡ  ᠲᠦᠷᠦᠯ   ᠢᠶᠠᠷ  ᠰᠤᠷᠤᠭᠴᠢ  ᠡᠯᠰᠡᠬᠦ‌‍ᠲ᠋ᠦ᠋ᠷᠦ ᠶᠢᠨ ᠪᠤᠳᠤᠯᠭ᠎ᠠ ᠶᠢ ᠪᠦᠬᠦ ᠲᠠᠯ᠎ᠠ ᠪᠠᠷ ᠬᠡᠷᠡᠭᠵᠢᠬᠦᠯᠵᠤ᠂ ᠡᠨᠡ ᠵᠢᠯ ᠨᠡᠶᠢᠭᠡᠮ ᠤᠨ ᠰᠢᠨᠵᠢᠯᠡᠬᠦ  ᠤᠬᠠᠭᠠᠨ  ᠪᠠ  ᠪᠠᠶᠢᠭᠠᠯᠢ‌ᠵᠢᠨ ᠰᠢᠨᠵᠢᠯᠡᠬᠦ ᠤᠬᠠᠭᠠᠨ ᠤ ᠡᠵᠡᠨ ᠮᠡᠳᠡᠵᠦ ᠰᠤᠷᠤᠭᠴᠢ ᠡᠯᠰᠡᠬᠦ ᠳᠤ ᠨᠡᠶᠢᠲᠡ 15 ᠲᠤᠰᠬᠠᠢ ᠮᠡᠷᠭᠡᠵᠢᠯ ᠤᠨ ᠲᠦᠷᠦᠯ ᠢᠯᠭᠠᠯ‌‍ᠲ᠋ᠤᠬᠢᠷᠠᠭᠤᠯᠵᠤ᠂ ᠵᠦᠪᠰᠢᠶᠡᠷᠡᠯ ᠤᠯᠤᠭᠰᠠᠨ ᠬᠤᠪᠢ ᠪᠠᠭᠤᠷᠠᠭᠤᠯᠬᠤ ᠬᠠᠷᠠᠭᠠᠯᠵᠠᠯ ᠨᠢ 10 ᠬᠤᠪᠢ ᠠᠴᠠ 60  ᠬᠤᠪᠢ  ᠵᠢᠨ‌ᠬᠤᠭᠤᠷᠤᠨᠳᠤ ᠠᠳᠠᠯᠢ ᠪᠤᠰᠤ ᠪᠠᠶᠢᠨ᠎ᠠ᠃ ᠤᠳᠤᠬᠠᠨ ᠳᠤ ᠡᠵᠡᠨ ᠮᠡᠳᠡᠵᠦ ᠰᠤᠷᠤᠭᠴᠢ ᠡᠯᠰᠡᠬᠦ ᠬᠢᠷᠢ ᠬᠡᠮ  ᠪᠦᠬᠦᠢ  ᠲᠤᠷᠰᠢᠯᠲᠠ‌ᠵᠢᠨ ᠲᠡᠭᠡᠳᠤ ᠰᠤᠷᠭᠠᠭᠤᠯᠢ ᠪᠦᠬᠦ ᠤᠯᠤᠰ ᠲᠤ 90 ᠪᠠᠶᠢᠨ᠎ᠠ᠃ ᠡᠨᠡ ᠵᠢᠯ ᠡᠯ᠎ᠡ ᠰᠤᠷᠭᠠᠭᠤᠯᠢ ᠶᠢᠨ ᠡᠵᠡᠨ ᠮᠡᠳᠡᠵᠦ ᠰᠤᠷᠤᠭᠴᠢ‌ᠡᠯᠰᠡᠬᠦ ᠰᠢᠯᠭᠠᠯᠲᠠ ᠨᠢ ᠮᠦᠨ 6 ᠰᠠᠷ᠎ᠠ ᠳᠤ ᠲᠦᠪᠯᠡᠷᠡᠵᠤ᠂ ᠲᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ  ᠰᠢᠯᠭᠠᠯᠲᠠ  ᠵᠢᠨ‌ᠬᠤᠪᠢ ᠭᠠᠷᠬᠤ ᠠᠴᠠ ᠡᠮᠦᠨ᠎ᠡ ᠬᠢᠷᠢ ᠬᠡᠮ ᠤᠨ ᠨᠡᠷᠡᠰ ᠢ ᠲᠤᠭᠲᠠᠭᠠᠵᠤ ᠨᠡᠶᠢᠲᠡᠯᠡᠨ᠎ᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号