ᠤᠶᠢᠷ᠎ᠠ ᠳᠤ᠂ ᠰᠤᠷᠪᠤᠯᠵᠢᠯᠠᠭᠴᠢ ᠦᠪᠦᠷ ᠮᠣᠩᠭᠤᠯ ᠤᠨ ᠦᠪᠡᠷᠳᠡᠬᠡᠨ ᠵᠠᠰᠠᠬᠤ ᠤᠷᠤᠨ ᠤ ᠬᠦᠮᠦᠨ ᠤ | ᠨᠦᠬᠡᠴᠡ ᠪᠤᠯᠤᠨ ᠨᠡᠶᠢᠬᠡᠮ ᠤᠨ ᠪᠠᠳᠤᠯᠠᠭ᠎ᠠ ᠶᠢᠨ ᠲᠢᠩᠬᠢᠮ ᠠᠴᠠ ᠤᠶᠢᠯᠠᠭᠠᠭᠰᠠᠨ ᠢᠶᠠᠷ᠂ ᠦᠨᠦ ᠵᠢᠯ ᠦᠪᠦᠷ | ᠮᠣᠩᠭᠤᠯ ᠤᠨ ᠦᠪᠡᠷᠳᠡᠬᠡᠨ ᠵᠠᠰᠠᠬᠤ ᠤᠷᠤᠨ ᠤᠨᠳᠤᠤ ᠭᠠᠵᠠᠷ ᠡᠮᠴᠢᠯᠡᠬᠦᠯᠬᠦ ᠶᠢ ᠲᠠᠩᠰᠠᠯᠠᠬᠤ ᠭᠠᠷᠳᠠᠮ ᠢ | ᠤᠯᠠᠮ ᠢᠶᠠᠷ ᠲᠤᠪᠴᠢᠯᠠᠵᠤ᠂ ᠤᠨᠳᠤᠤ ᠭᠠᠵᠠᠷ ᠡᠮᠴᠢᠯᠡᠬᠦᠯᠦᠨ ᠰᠢᠭᠤᠳ ᠲᠠᠩᠰᠠ ᠴᠠᠶᠢᠷᠠᠭᠤᠯᠬᠤ ᠠᠵᠢᠯ ᠢ | ᠲᠡᠬᠦᠯᠳᠡᠷᠵᠢᠬᠦᠯᠵᠤ᠂ ᠦᠪᠦᠷ ᠮᠣᠩᠭᠤᠯ ᠤᠨ ᠬᠤᠶᠠᠳᠤᠭᠠᠷ ᠲᠡᠰ ᠠᠴᠠ ᠲᠡᠭᠡᠭᠰᠢᠬᠢ ᠶᠡᠷᠦᠩᠬᠡᠶᠢᠯᠡᠭᠰᠡᠨ ᠡᠮᠨᠡᠯᠬᠡ | ᠤᠨᠳᠤᠤ ᠭᠠᠵᠠᠷ ᠡᠮᠴᠢᠯᠡᠬᠦᠯᠦᠨ ᠲᠠᠩᠰᠠ ᠴᠠᠶᠢᠷᠠᠭᠤᠯᠬᠤ ᠶᠢ ᠪᠦᠬᠦᠨ ᠢᠶᠠᠷ ᠢᠶᠠᠨ ᠪᠡᠶᠡᠯᠡᠬᠦᠯᠬᠦ ᠪᠠᠷ ᠪᠤᠢ᠃ | ᠤᠶᠢᠯᠠᠭᠠᠭᠰᠠᠨ ᠢᠶᠠᠷ ᠨᠢᠳᠤᠨᠤᠨ ᠤ 8 ᠰᠠᠷ᠎ᠠ ᠳᠤ ᠦᠪᠦᠷ ᠮᠣᠩᠭᠤᠯ ᠨᠢᠬᠡᠳᠤᠯᠲᠡᠢ ᠲᠦᠯᠦᠪᠵᠢᠬᠦᠯᠦᠭᠰᠡᠨ | ᠭᠠᠵᠠᠷ ᠤᠷᠤᠨ ᠤ ᠡᠮᠨᠡᠯᠬᠡ ᠶᠢᠨ ᠲᠠᠭᠠᠳᠬᠠᠯ ᠪᠦᠬᠦᠨ ᠢ ᠤᠯᠤᠰ ᠤᠨ ᠤᠨᠳᠤᠤ ᠭᠠᠵᠠᠷ ᠡᠮᠴᠢᠯᠡᠬᠦᠯᠦᠨ ᠲᠠᠩᠰᠠ | ᠴᠠᠶᠢᠷᠠᠭᠤᠯᠬᠤ ᠲᠠᠪᠴᠠᠩ ᠳᠤ ᠤᠷᠤᠭᠤᠯᠵᠤ᠂ ᠮᠤᠵᠢ ᠠᠯᠤᠰᠯᠠᠨ ᠤᠨᠳᠤᠤ ᠭᠠᠵᠠᠷ ᠡᠮᠴᠢᠯᠡᠬᠦᠯᠦᠨ ᠡᠮᠨᠡᠯᠬᠡ ᠳᠤ | ᠰᠠᠭᠤᠬᠤ ᠵᠠᠷᠤᠳᠠᠯ ᠢ ᠰᠢᠭᠤᠳ ᠲᠠᠩᠰᠠ ᠴᠠᠶᠢᠷᠠᠭᠤᠯᠬᠤ ᠶᠢ ᠪᠡᠶᠡᠯᠡᠬᠦᠯᠵᠤ᠂ ᠲᠠᠭᠠᠳᠬᠠᠯ ᠳᠤ ᠤᠷᠤᠭᠰᠠᠨ | ᠢᠷᠭᠡᠳ ᠤᠨ ᠤᠨᠳᠤᠤ ᠭᠠᠵᠠᠷ ᠡᠮᠴᠢᠯᠡᠬᠦᠯᠬᠦ ᠳᠤ ᠪᠠᠨ ᠤᠷᠢᠳᠠᠪᠡᠷ ᠲᠦᠯᠦᠬᠦ ᠠᠰᠠᠭᠤᠳᠠᠯ ᠢ ᠰᠢᠶ᠋ᠳᠪᠦᠷᠢᠯᠡᠵᠤ᠂ | ᠲᠠᠭᠠᠳᠬᠠᠯ ᠳᠤ ᠤᠷᠤᠭᠰᠠᠨ ᠡᠪᠡᠳᠴᠢᠳᠡᠨ ᠤ ᠴᠠᠭ ᠬᠦᠴᠦ ᠮᠦᠩᠬᠦ ᠶᠢ ᠨᠢ ᠠᠷᠪᠢᠯᠠᠬᠤ ᠶᠢᠨ ᠬᠠᠮᠳᠤ ᠲᠦᠬᠦᠮ | ᠦᠵᠡᠭᠦᠯᠦᠭᠰᠡᠨ ᠪᠠᠶᠢᠨ᠎ᠠ᠃ |