︽ᠵᠠᠩᠭᠠᠷ︾ ᠤᠷᠠᠯᠢᠭ ᠤᠨ ᠪᠦᠯᠬᠦᠮ ᠳᠤᠮᠳᠠᠲᠤ ᠡᠨᠡᠳᠬᠡᠭ ᠤᠨ ︽ᠳᠤᠷᠭᠠᠨ ᠤ ᠵᠠᠮ︾ ᠳᠠᠭᠤᠤ ᠬᠦᠭᠵᠢᠮ ᠤᠨ ᠨᠠᠶᠢᠷ ᠲᠤ ᠠᠮᠵᠢᠯᠳᠠᠳᠠᠢ ᠤᠷᠤᠯᠴᠠᠭᠠᠳ ᠪᠤᠴᠠᠵᠤ ᠢᠷᠡᠯ᠎ᠡ
ᠨᠡᠶᠢᠲᠡᠯᠡᠭᠰᠡᠨ ᠴᠠᠭ᠄
2018-03-21
      ᠭᠤᠷᠪᠠᠳᠤᠭᠠᠷ ᠬᠤᠭᠤᠴᠠᠭᠠᠨ ᠤ  ︽ᠳᠤᠷᠭᠠᠨ ᠤ ᠵᠠᠮ  ︾ ᠳᠤᠮᠳᠠᠲᠤ ᠡᠨᠡᠳᠬᠡᠭ ᠤᠨ ᠳᠠᠭᠤᠤ ᠬᠦᠭᠵᠢᠮ ᠤᠨ ᠨᠠᠶᠢᠷ ᠨᠢ 3 ᠳ᠋ᠤᠭᠠᠷ ᠰᠠᠷ᠎ᠠ ᠶᠢᠨ 11 ᠤ ᠤᠷᠤᠢ ᠡᠨᠡᠳᠬᠡᠭ ᠤᠨ ᠪᠤᠮᠪᠧᠢ ᠬᠤᠲᠡ ᠳᠤ ᠡᠬᠢᠯᠡᠵᠤ 3 ᠳ᠋ᠤᠭᠠᠷ ᠰᠠᠷ᠎ᠠ ᠶᠢᠨ 15 ᠪᠤᠯᠲᠠᠯ᠎ᠠ ᠡᠨᠡᠳᠬᠡᠭ ᠤᠨ ᠪᠤᠮᠪᠧᠢ᠂ ᠨᠠᠭᠫᠦ᠋ᠷ᠂ ᠰᠢᠨ᠎ᠡ ᠳ᠋ᠧᠯᠢ ᠬᠤᠲᠠ ᠳᠤ ᠳᠤᠰ ᠪᠦᠷᠢ ᠶᠠᠪᠤᠭᠳᠠᠭᠰᠠᠨ ᠪᠠᠶᠢᠨ᠎ᠠ᠃      ᠳᠤᠰ ᠳᠠᠭᠤᠤ ᠭᠦᠭᠵᠢᠮ ᠤᠨ ᠨᠠᠶᠢᠷ ᠢ ᠳᠤᠮᠳᠠᠲᠤ ᠤᠯᠤᠰ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ᠂ ᠳᠤᠮᠳᠠᠲᠤ ᠤᠯᠤᠰ ᠠᠴᠠ ᠡᠨᠡᠳᠬᠡᠭ ᠲᠤ ᠰᠠᠭᠤᠭ᠎ᠠ ᠶᠡᠷᠤᠩᠬᠡᠢ ᠺᠤᠨᠰᠤᠯ᠂ ᠳᠤᠮᠳᠠᠲᠤ ᠤᠯᠤᠰ ᠤᠨ ᠳᠠᠭᠤᠴᠢᠳ ᠤᠨ ᠨᠡᠶᠢᠭᠡᠮᠯᠢᠭ ᠪᠤᠯᠤᠨ ᠡᠨᠡᠳᠬᠡᠭ ᠤᠨ ᠳᠠᠭᠤᠴᠢᠳ ᠤᠨ ᠨᠡᠶᠢᠭᠡᠮᠯᠢᠭ ᠬᠠᠮᠳᠤᠷᠠᠨ ᠵᠤᠬᠢᠶᠠᠨ ᠪᠠᠶᠢᠭᠤᠯᠵᠤ ᠪᠠᠶᠢᠭ᠎ᠠ ᠶᠤᠮ᠃     ᠠᠯᠳᠠᠷᠲᠤ ᠳᠠᠭᠤᠴᠢᠨ ᠵᠠᠭᠳᠠᠰᠦ᠋ᠷᠤᠩ᠂ ᠬᠦᠤᠳᠡᠭᠦᠤᠲᠤ᠂ ᠠᠯᠳᠠᠷᠲᠤ ᠮᠤᠷᠢᠨ ᠬᠤᠭᠤᠷᠴᠢᠨ ᠮᠢᠩᠭᠠᠳ ᠪᠠᠶᠠᠷ᠂ ᠰᠡᠴᠡᠨᠲᠤ᠂ ᠱᠤᠳᠤᠷᠭᠤ ᠬᠦᠭᠵᠢᠮᠴᠢᠨ ᠯᠢᠩ ᠴᠦᠨ᠂ ᠳᠦᠷᠪᠡᠨ ᠤᠲᠠᠰᠤᠲᠤ ᠬᠤᠭᠤᠷᠴᠢᠨ ᠵᠤᠤ ᠴᠠᠩ ᠹᠦ᠋᠂ ᠬᠦᠭᠡᠮᠡᠶᠢᠴᠢᠨ ᠪᠤᠯᠤᠳ ᠵᠡᠷᠭᠡ ᠨᠡᠷᠡᠲᠤ ᠳᠤᠭᠯᠠᠭᠴᠢᠳ ᠪᠤᠯᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢᠳ ᠢᠶᠠᠷ ᠪᠦᠷᠢᠯᠳᠤᠭ᠍ᠰᠡᠨ ︽ᠵᠠᠩᠭᠠᠷ  ︾ ᠤᠷᠠᠯᠢᠭ ᠤᠨ ᠪᠦᠯᠬᠦᠮ ᠤᠨ ᠬᠢᠨ ᠳᠤᠮᠳᠠᠲᠤ ᠤᠯᠤᠰ ᠢ ᠲᠦᠯᠤᠭᠡᠯᠡᠨ ᠡᠨᠡᠬᠦ ᠲᠣᠭᠯᠠᠯᠲᠠ ᠳᠤ ᠤᠷᠤᠯᠴᠠᠵᠠᠢ᠃      ︽ᠵᠠᠩᠭᠠᠷ  ︾ ᠤᠷᠠᠯᠢᠭ ᠤᠨ ᠪᠦᠯᠬᠦᠮ ᠨᠢ ᠮᠤᠷᠢᠨ ᠬᠤᠭᠤᠷ ᠤᠨ ᠠᠶ᠎ᠠ ︽ᠲᠦᠮᠡᠨ ᠠᠭᠲᠠ ᠶᠢᠨ ᠲᠦᠪᠡᠷᠭᠡᠨ︾᠂ ︽ᠬᠡᠷᠤᠯᠤᠨ ᠤ ᠪᠠᠷ᠎ᠠ  ︾᠂  ︽ᠳᠡᠭᠦᠯᠢᠯᠲᠡ  ︾ ᠤᠷᠲᠤ ᠶᠢᠨ ᠳᠠᠭᠤᠤ ︽ᠳᠦᠷᠪᠡᠨ ᠨᠠᠰᠤᠲᠠᠢ ᠬᠠᠯᠢᠭᠤᠨ︾᠂ ︽ᠡᠵᠡᠨ ᠪᠤᠭᠳᠠ ᠴᠢᠩᠬᠢᠰ  ︾᠂ ᠮᠤᠩᠭᠤᠯ ᠦᠨᠳᠤᠰᠤᠲᠡᠨ ᠤ ᠠᠯᠳᠠᠷᠲᠤ ᠪᠠᠭᠠᠲᠤᠷᠯᠢᠭ ᠲᠤᠤᠯᠢ ︽ᠵᠠᠩᠭᠠᠷ ᠤᠨ ᠮᠠᠭᠲᠠᠭᠠᠯ︾ ᠵᠡᠷᠭᠡ ᠦᠨᠳᠤᠰᠤᠲᠡᠨ ᠤ ᠤᠨᠴᠠᠯᠢᠭ ᠲᠠᠢ ᠲᠣᠭᠯᠠᠯᠲᠡ ᠨᠤᠭᠤᠳ ᠢᠶᠠᠷ ᠡᠨᠡᠳᠬᠡᠭ ᠤᠨ ᠦᠵᠡᠭᠴᠢᠳ ᠲᠠᠢ ᠵᠤᠯᠭᠠᠭᠰᠠᠨ ᠪᠠᠶᠢᠨ᠎ᠠ᠃
 
ᠢᠷᠡᠯᠲᠡ᠄ ᠲᠥᠪ ᠲᠧᠯᠸᠢᠰ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号