ᠨᠢᠬᠡ ᠬᠤᠨᠢ ᠶᠢᠨ ︽ᠬᠤᠪᠢᠯᠪᠤᠷᠢ︾
ᠨᠡᠶᠢᠲᠡᠯᠡᠭᠰᠡᠨ ᠴᠠᠭ᠄
2018-03-20
      — ᠠᠵᠣ ᠠᠬᠤᠢ ᠶᠢᠨ ᠴᠢᠨᠠᠷ ᠰᠠᠶᠢᠳᠠᠢ ᠬᠦᠭᠵᠢᠯᠳᠡ ᠶᠢ ᠯᠠᠪᠳᠠᠭᠤᠨ ᠪᠠᠳᠣᠳᠠᠢ  ᠠᠬᠢᠭᠤᠯᠬᠤ ᠪᠦᠯᠦᠭ        ᠨᠢᠬᠡ ᠬᠤᠨᠢ ᠴᠤᠬᠤᠮ ᠬᠡᠳᠦᠢ ᠵᠤᠭᠤᠰ ᠬᠦᠷᠳᠡᠭ ᠪᠤᠯ︖                ᠰᠢᠭᠤᠳ  ᠪᠤᠷᠤᠯᠠᠭᠤᠯᠪᠠᠯ  ᠬᠡᠲᠦᠷᠡᠬᠦ ᠳᠡᠭᠡᠨ  ᠬᠡᠳᠦᠨ  ᠵᠠᠭᠤᠨ  ᠲᠦᠬᠦᠷᠢᠭ᠂  ᠬᠡᠳᠡᠯ᠎ᠠ  ᠨᠠᠷᠢᠯᠢᠭ   ᠡᠳ᠋ᠰᠢᠬᠦᠯᠵᠦ‌‍ᠪᠤᠯᠪᠠᠰᠤᠷᠠᠭᠤᠯᠪᠠᠯ ᠤᠤᠯ ᠦᠨ᠎ᠠ ᠠᠴᠠ ᠪᠠᠨ ᠬᠡᠳᠦᠨ ᠲᠠᠬᠢᠨ ᠢᠶᠠᠷ ᠨᠡᠮᠡᠭᠳᠡᠨ᠎ᠠ︕ 10  ᠬᠤᠨᠢ ᠪᠠᠷ  1  ᠦᠬᠡᠷ  ᠰᠤᠯᠢᠪᠠᠯ‌ᠦᠷ᠎ᠠ ᠠᠰᠢᠬ ᠨᠢ ᠬᠡᠳᠦᠨ ᠲᠠᠬᠢᠨ ᠢᠶᠠᠷ ᠨᠡᠮᠡᠭᠳᠡᠨ᠎ᠠ᠃ ᠤᠤᠯ ᠳᠠᠭᠠᠨ᠂ ᠨᠢᠬᠡ ᠬᠤᠨᠢ ᠵᠢᠯ ᠳᠡᠭᠡᠨ ᠨᠢᠬᠡ ᠯᠡ ᠲᠦᠯᠯᠡᠨ᠎ᠠ᠂ ᠵᠠᠷᠢᠮ‌ᠵᠢᠯ ᠳᠡᠭᠡᠨ ᠪᠠᠰᠠ ᠰᠤᠪᠠᠶᠢᠷᠠᠬᠤ ᠶᠠᠪᠤᠳᠠᠯ ᠴᠤ ᠭᠠᠷᠳᠠᠬ᠃ ᠬᠠᠷᠢᠨ ᠤᠳᠤ ᠪᠤᠯ  ᠨᠢᠬᠡ  ᠤᠳᠠᠭ᠎ᠠ ᠳᠤ  ᠭᠤᠷᠪᠠ ᠪᠠᠷ  ᠲᠦᠯᠯᠡᠬᠦ‌‍ᠪᠤᠯᠵᠠᠢ᠃  ᠬᠤᠨᠢᠨ  ᠮᠢᠬ᠎ᠠ ᠶᠢ  ᠰᠦᠯᠵᠢᠶ᠎ᠠ ᠪᠠᠷ   ᠪᠤᠷᠤᠯᠠᠭᠤᠯᠵᠦ᠂   ᠤᠤᠯ ᠤᠨ   ᠪᠤᠷᠤᠯᠠᠭᠤᠯᠭ᠎ᠠ ᠶᠢᠨ   ᠭᠤᠬᠴᠤᠭ᠎ᠠ ᠵᠢ‌‍ᠪᠠᠭᠠᠰᠬᠠᠬᠤ ᠶᠢᠨ ᠤᠯᠠᠮ ᠢᠶᠠᠷ ᠮᠠᠯᠴᠢᠳ ᠤᠨ ᠤᠷᠤᠯᠭ᠎ᠠ ᠶᠢ ᠨᠡᠮᠡᠭᠳᠡᠬᠦᠯᠦᠯ᠎ᠠ᠁                ᠬᠦᠳᠦᠯᠦᠭᠴᠢ᠄  ᠮᠠᠯ  ᠠᠵᠦ  ᠠᠬᠤᠢ ᠶᠢᠨ  ᠴᠢᠨᠠᠷ  ᠰᠠᠶᠢᠳᠠᠢ  ᠬᠦᠭᠵᠢᠯᠳᠡ ᠶᠢ   ᠠᠬᠢᠭᠤᠯᠬᠤ ᠶᠢᠨ   ᠲᠦᠯᠦᠭᠡ᠂ᠤᠢᠢᠷ᠎ᠠ ᠶᠢᠨ ᠵᠢᠯ ᠠᠴᠠ ᠮᠠᠨ ᠤ ᠤᠷᠤᠨ ᠮᠠᠯ ᠠᠵᠦ  ᠠᠬᠤᠢ ᠶᠢᠨ  ᠦᠢᠯᠡᠳᠪᠦᠷᠢᠯᠡᠯ  ᠡᠵᠡᠩᠨᠡᠯᠳᠡ ᠶᠢᠨ  ᠠᠷᠭ᠎ᠠ  ᠬᠡᠯᠪᠡᠷᠢ ᠵᠢ‌ᠬᠤᠪᠢᠷᠠᠭᠤᠯᠬᠤ ᠳᠠᠯ᠎ᠠ ᠪᠠᠷ ᠢᠳᠡᠪᠬᠢᠳᠡᠢ ᠬᠠᠶᠢᠨ  ᠰᠦᠪᠡᠭᠴᠢᠯᠡᠯᠳᠡ  ᠬᠢᠵᠦ᠂  ᠮᠠᠯ  ᠠᠵᠦ  ᠠᠬᠤᠢ᠂  ᠮᠠᠯᠵᠢᠬᠤ  ᠤᠷᠤᠨ ‍ᠤ‌‍ᠬᠦ᠋ᠭᠵᠢᠯᠳᠡ ᠳᠤ ᠰᠢᠨ᠎ᠠ ᠬᠤᠪᠢᠰᠤᠯᠳᠠ ᠶᠢ ᠲᠠᠰᠤᠷᠠᠯᠳᠠ ᠦᠬᠡᠢ ᠭᠠᠷᠭᠠᠵᠣ ᠪᠣᠢ᠃                ᠠᠷᠣ  ᠦᠵᠡᠭᠳᠡᠯ᠄  3  ᠰᠠᠷ᠎ᠠ ᠶᠢᠨ  5 ᠤ  ᠦᠳᠡ ᠶᠢᠨ  ᠬᠤᠶᠢᠨ᠎ᠠ᠂  ᠶᠡᠷᠦᠩᠭᠡᠢ  ᠱᠦᠵᠢ   ᠰᠢ ᠶᠢᠨ  ᠫᠢᠩ‌ᠦᠪᠡᠷ ᠤᠨ ᠢᠶᠠᠨ ᠪᠠᠶᠢᠭ᠎ᠠ ᠦᠪᠦᠷ ᠮᠤᠩᠭᠤᠯ ᠤᠨ ᠲᠦᠯᠦᠭᠡᠯᠡᠭᠴᠢᠳ ᠤᠨ ᠪᠦᠯᠬᠦᠮ ᠤᠨ ᠵᠠᠰᠠᠭ ᠤᠨ  ᠤᠷᠳᠤᠨ ᠤ  ᠢᠯᠡᠳᠬᠡᠯ ᠢ‌‍ᠬᠢᠨᠡᠨ ᠵᠦᠪᠯᠡᠬᠦ ᠳᠤ ᠤᠷᠤᠯᠴᠠᠬᠤ ᠳᠠᠭᠠᠨ᠂ ᠠᠵᠤ ᠠᠬᠤᠢ ᠶᠢᠨ ᠴᠢᠨᠠᠷ ᠰᠠᠶᠢᠳᠠᠢ ᠬᠦᠭᠵᠢᠯᠳᠡ ᠶᠢ ᠠᠬᠢᠭᠤᠯᠬᠤ ᠲᠤᠬᠠᠢ  ︽ᠠᠵᠤ‌ᠠᠬᠤᠢ ᠶᠢᠨ ᠴᠢᠨᠠᠷ ᠰᠠᠶᠢᠳᠠᠢ  ᠬᠦᠭᠵᠢᠯᠳᠡ ᠶᠢ  ᠠᠬᠢᠭᠤᠯᠬᠤ ᠳᠤ  ᠭᠤᠤᠯᠳᠠᠯᠭ᠎ᠠ ᠪᠠᠨ  ᠠᠵᠦ  ᠦᠢᠯᠡᠰ ᠤᠨ  ᠪᠦᠲᠦᠴᠡ ᠵᠢᠨ‌‍ᠬᠡᠯᠪᠡᠷᠢ ᠪᠠᠨ ᠬᠤᠪᠢᠷᠠᠭᠤᠯᠵᠦ ᠲᠡᠰ ᠲᠡᠪᠰᠢᠬᠦᠯᠬᠦ ᠶᠢ ᠠᠬᠢᠭᠤᠯᠬᠤ ᠲᠡᠭᠡᠷ᠎ᠠ ᠲᠠᠯᠪᠢᠵᠦ᠂ ᠪᠤᠳᠠᠳᠤ ᠴᠤᠬᠴᠠ ᠶᠢᠨ ᠠᠵᠦ ᠠᠬᠤᠢ ᠵᠢ‌‍ᠪᠤᠳᠠᠳᠠᠶᠢᠵᠢᠭᠤᠯᠤᠨ ᠬᠦᠴᠦᠷᠭᠡᠭᠵᠢᠬᠦᠯᠵᠦ ᠰᠢᠯᠢᠳᠡᠭᠵᠢᠬᠦᠯᠬᠦ  ᠬᠡᠷᠡᠭᠳᠡᠢ︔  ᠤᠳᠤ  ᠦᠶ᠎ᠠ ᠶᠢᠨ  ᠠᠵᠦ  ᠦᠢᠯᠡᠰ ᠤᠨ  ᠰᠢᠨ᠎ᠠ‌‍ᠰᠢᠰᠲ᠋ᠧᠮ ᠢ ᠪᠠᠶᠢᠭᠤᠯᠵᠦ᠂ ᠲᠠᠪᠠᠭᠤᠯᠢᠬ ᠨᠢ ᠲᠤᠪᠤᠶᠢᠮ᠎ᠠ᠂ ᠪᠦᠲᠦᠴᠡ ᠨᠢ ᠵᠤᠬᠢᠰᠳᠠᠢ᠂ ᠰᠢᠨ᠎ᠠ ᠶᠢ  ᠡᠬᠦᠳᠬᠦ ᠪᠠᠷ  ᠬᠦᠳᠡᠯᠬᠡᠬᠦᠷ‌‍ᠪᠤᠯᠭᠠᠬᠰᠠᠨ᠂  ᠤᠷᠤᠨ  ᠪᠦᠰᠡ  ᠵᠤᠬᠢᠴᠠᠩᠭᠤᠢ᠂  ᠬᠤᠳᠠ  ᠬᠦᠳᠡᠭᠡ ᠶᠢ  ᠨᠢᠬᠡ  ᠴᠤᠬᠴᠠᠵᠢᠭᠤᠯᠤᠬᠰᠠᠨ   ᠬᠦᠭᠵᠢᠯᠳᠡ ᠵᠢᠨ‌‍ᠪᠠᠶᠢᠷᠢᠰᠢᠯ ᠢ ᠪᠦᠷᠢᠯᠳᠦᠬᠦᠯᠬᠦ ᠬᠡᠷᠡᠭᠳᠡᠢ︔ ᠤᠳᠤ ᠦᠶ᠎ᠠ ᠶᠢᠨ  ᠡᠨᠧᠷᠬᠢ ᠶᠢᠨ  ᠠᠵᠦ  ᠠᠬᠤᠢ ᠶᠢ  ᠰᠠᠶᠢᠳᠤᠷ  ᠬᠦᠭᠵᠢᠬᠦᠯᠵᠦ᠂ᠲᠡᠯᠡᠬᠡᠢ ᠶᠢᠨ ᠡᠨᠧᠷᠬᠢ ᠶᠢᠨ ᠮᠡᠷᠬᠡᠵᠢᠯ ᠤᠨ ᠬᠤᠪᠢᠰᠬᠠᠯ ᠤᠨ ᠰᠢᠨ᠎ᠠ ᠬᠠᠨᠳᠤᠰᠢ ᠶᠢ ᠲᠠᠭᠠᠵᠦ᠂ ᠠᠵᠦ ᠦᠢᠯᠡᠰ ᠤᠨ ᠬᠡᠯᠬᠢᠶᠡᠵᠢᠯ ᠢ‌ᠤᠷᠳᠤᠳᠬᠠᠨ ᠡᠨᠧᠷᠬᠢ ᠶᠢᠨ ᠡᠬᠢ ᠪᠠᠶᠠᠯᠢᠬ ᠢ ᠶᠡᠷᠦᠩᠬᠡᠶᠢᠯᠡᠨ ᠠᠰᠢᠬᠯᠠᠬᠤ ᠦᠷ᠎ᠠ ᠪᠦᠲᠦᠮᠵᠢ ᠶᠢ  ᠲᠡᠭᠡᠭᠰᠢᠯᠡᠬᠦᠯᠬᠦ  ᠬᠡᠷᠡᠭᠳᠡᠢ︔ᠰᠢᠨ᠎ᠠ ᠠᠵᠦ ᠦᠢᠯᠡᠰ᠂ ᠰᠢᠨ᠎ᠠ ᠬᠦᠳᠡᠯᠬᠡᠬᠦ ᠡᠨᠧᠷᠬᠢ᠂  ᠰᠢᠨ᠎ᠠ  ᠨᠡᠮᠡᠭᠳᠡᠯ ᠤᠨ  ᠲᠦᠢᠯ ᠢ  ᠶᠡᠬᠡᠪᠡᠷ  ᠪᠤᠶᠢᠵᠢᠭᠤᠯᠤᠨ  ᠤᠳᠤ‌ᠦᠶ᠎ᠠ ᠶᠢᠨ ᠲᠤᠨᠤᠬᠯᠠᠯ ᠦᠢᠯᠡᠳᠬᠦ ᠦᠢᠯᠡᠰ ᠢ ᠬᠦᠭᠵᠢᠬᠦᠯᠬᠦ ᠬᠡᠷᠡᠭᠳᠡᠢ︾ ᠭᠡᠬᠦ ᠵᠡᠷᠬᠡ ᠵᠢᠷᠭᠤᠭᠠᠨ ︽ᠵᠤᠷ︾ ᠭᠠᠷᠭᠠᠨ ᠦᠭᠴᠦ᠂ᠦᠪᠦᠷ ᠮᠤᠩᠭᠤᠯ ᠤᠨ ᠰᠢᠨ᠎ᠡ  ᠴᠠᠭ  ᠦᠶ᠎ᠡ ᠳᠠᠬᠢ  ᠠᠵᠦ  ᠠᠬᠤᠢ ᠶᠢᠨ  ᠬᠦᠭᠵᠢᠯᠳᠡ ᠶᠢᠨ  ᠴᠢᠭᠯᠡᠯ ᠢ  ᠵᠢᠭᠠᠨ  ᠦᠭᠴᠦ᠂ᠭᠦᠴᠦᠷᠭᠡᠭ ᠶᠡᠭᠡ ᠬᠦᠳᠡᠯᠭᠡᠬᠦ ᠬᠦᠴᠦᠨ ᠬᠠᠩᠭᠠᠬᠰᠠᠨ ᠪᠢᠯᠡ᠃                ᠬᠦᠳᠦᠯᠦᠭᠴᠢ᠄ ᠲᠡᠭᠡᠪᠡᠯ᠂ ᠮᠠᠨ ᠤ ᠤᠷᠤᠨ ᠶᠡᠷᠦᠩᠬᠡᠢ  ᠱᠦᠵᠢ  ᠰᠢ ᠶᠢᠨ  ᠫᠢᠩ ᠤᠨ  ᠠᠵᠦ  ᠠᠬᠤᠢ ᠶᠢᠨ  ᠴᠢᠨᠠᠷ‌‍ᠰᠠᠶᠢᠳᠠᠢ  ᠬᠦᠭᠵᠢᠯᠳᠡ ᠶᠢ  ᠯᠠᠪᠳᠠᠭᠤᠨ  ᠪᠠᠳᠤᠳᠠᠢ  ᠠᠬᠢᠭᠤᠯᠬᠤ  ᠲᠤᠬᠠᠢ  ᠭᠠᠷᠭᠠᠨ  ᠦᠭᠭᠦᠭᠰᠡᠨ  ︽ᠵᠤᠷ︾ ᠢ   ᠶᠠᠭᠠᠬᠢᠵᠦ‌‍ᠪᠤᠳᠠᠳᠠᠢ ᠳᠤ ᠨᠠᠶᠢᠳᠠᠪᠤᠷᠢᠵᠢᠭᠤᠯᠬᠤ ᠪᠤᠢ︖                3  ᠰᠠᠷ᠎ᠠ ᠶᠢᠨ  12 ᠤᠨ  ᠡᠳᠦᠷ᠂  ᠰᠣᠷᠪᠣᠯᠵᠢᠯᠠᠭᠴᠢ  ᠰᠢᠯᠤᠭᠤᠨ  ᠬᠦᠬᠡ  ᠬᠤᠰᠢᠭᠤᠨ ᠤ   ᠰᠠᠶᠢᠨᠬᠤᠳᠳᠤᠬ‌ᠭᠠᠴᠠᠭ᠎ᠠ ᠶᠢᠨ ᠮᠠᠯᠴᠢᠨ ᠰᠡᠴᠡᠨᠪᠠᠭᠠᠳᠣᠷ ᠤᠨ ᠬᠢᠨ ᠳᠤ ᠬᠦᠷᠴᠦ ᠰᠣᠷᠪᠣᠯᠵᠢᠯᠠᠭ᠎ᠠ ᠠᠪᠣᠭᠰᠠᠨ ᠶᠣᠮ᠃ ᠰᠡᠴᠡᠨᠪᠠᠭᠠᠳᠤᠷ 1200ᠮᠦ ᠨᠤᠲᠤᠬ ᠲᠡᠬᠡᠷ᠎ᠠ ᠪᠠᠨ ᠤᠤᠯ ᠳᠠᠭᠠᠨ ᠬᠤᠨᠢ ᠮᠠᠯᠵᠢᠵᠦ᠂ ᠬᠠᠮᠤᠬ ᠤᠨ ᠤᠯᠠᠨ ᠳᠠᠭᠠᠨ  300  ᠭᠠᠷᠤᠢ  ᠬᠤᠨᠢ  ᠮᠠᠯᠵᠢᠵᠦ‌‍ᠪᠠᠶᠢᠵᠠᠢ᠃ ᠬᠡᠳᠦᠨ ᠵᠢᠯ ᠤᠨ ᠡᠮᠦᠨ᠎ᠠ ᠠᠴᠠ ᠡᠳᠡᠨᠡᠶᠢᠬᠢᠨ 200 ᠭᠠᠷᠤᠢ ᠬᠤᠨᠢ ᠪᠠᠨ ᠬᠤᠳᠠᠯᠳᠤᠨ᠂  40  ᠰᠢᠬᠠᠮ  ᠦᠬᠡᠷ‌ᠮᠠᠯᠵᠢᠵᠦ᠂ ᠤᠳᠤ ᠪᠤᠯᠬᠤ ᠳᠤ ᠦᠬᠡᠷ ᠢᠶᠠᠨ 70 ᠪᠤᠯᠭᠠᠨ ᠨᠡᠮᠡᠭᠳᠡᠭᠦᠯᠵᠦ᠂ ᠨᠢᠳᠤᠨᠤᠨ ᠨᠠᠮᠤᠷ 40 ᠲᠤᠭᠤᠯ  ᠬᠤᠳᠠᠯᠳᠤᠵᠦ᠂ᠬᠠᠮᠤᠬ ᠤᠨ ᠦᠨᠳᠦᠷ ᠲᠡᠭᠡᠨ ᠨᠢᠬᠡ ᠲᠤᠭᠤᠯ ᠨᠢ 13000 ᠲᠦᠬᠦᠷᠢᠭ ᠲᠤ ᠬᠦᠷᠦᠭᠰᠡᠨ ᠪᠠᠶᠢᠪᠠ᠃                ᠮᠠᠯᠴᠢᠨ ᠰᠡᠴᠡᠨᠪᠠᠭᠠᠳᠤᠷ᠄  ᠬᠤᠨᠢ  ᠢᠮᠠᠭ᠎ᠠ  ᠲᠡᠵᠢᠬᠡᠬᠦ ᠨᠢ  ᠪᠠᠯᠴᠢᠬᠡᠷ ᠲᠤ  ᠬᠠᠯᠠ ᠲᠠᠢ᠂  ᠦᠬᠡᠷ  ᠲᠡᠵᠢᠬᠡᠬᠦ ᠨᠢ‌ᠤᠷᠤᠯᠭ᠎ᠠ  ᠦᠨᠳᠦᠷ  ᠮᠦᠷᠳᠡᠬᠡᠨ  ᠪᠡᠯᠴᠢᠬᠡᠷ ᠲᠤ  ᠴᠤ   ᠭᠠᠮᠳᠠᠢ᠃   ᠮᠠᠨᠠᠶᠢᠬᠢᠨ   ᠬᠤᠨᠢ ᠪᠠᠨ   ᠴᠦᠬᠡᠳᠬᠡᠵᠦ   ᠦᠬᠡᠷ‌ᠦᠰᠬᠡᠭᠰᠡᠨ ᠠᠴᠠ ᠨᠤᠲᠤᠭ ᠪᠡᠯᠴᠢᠬᠡᠷ ᠤᠨ ᠠᠮᠢ ᠠᠬᠤᠢ ᠢᠯᠡᠷᠬᠡᠢ ᠰᠠᠶᠢᠵᠢᠷᠠᠵᠦ᠂  ᠬᠠᠳᠤᠯᠠᠩ  ᠡᠪᠡᠰᠦ  ᠴᠤ  ᠬᠦᠷᠦᠯᠴᠡᠬᠡᠲᠠᠢ‌‍ᠪᠤᠯᠤᠬᠰᠠᠨ᠃                ᠦᠪᠡᠷᠳᠡᠭᠡᠨ ᠵᠠᠰᠠᠬᠤ ᠣᠷᠣᠨ ᠤ ᠲᠡᠷᠢᠭᠦᠯᠡᠭᠴᠢ ᠪᠦ᠋ ᠰᠢᠶᠣᠣ ᠯᠢᠨ ᠤ ᠬᠢᠭᠰᠡᠨ ︽ᠵᠠᠰᠠᠭ ᠤᠨ ᠣᠷᠳᠣᠨ ᠤ  ᠠᠵᠢᠯ ‍ᠤᠨ‌ᠢᠯᠡᠳᠭᠡᠯ︾ ᠳᠠᠬᠢ ᠳᠣᠷᠠᠳᠣᠯᠭ᠎ᠠ᠄                ︽ᠪᠢᠳᠡ  ᠰᠢᠨ᠎ᠠ  ᠬᠦᠭᠵᠢᠯᠳᠡ ᠶᠢᠨ  ᠤᠢᠢᠯᠠᠭᠠᠬᠳᠠᠬᠤᠨ ᠢ  ᠪᠠᠷᠢᠮᠳᠠᠯᠠᠨ᠂  ᠴᠢᠨᠠᠷ   ᠰᠠᠶᠢᠳᠠᠢ   ᠬᠦᠭᠵᠢᠯᠳᠡ ᠵᠢᠨ‌‍ᠱᠠᠭᠠᠷᠳᠠᠯᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠣ᠂ ᠨᠡᠶᠢᠬᠡᠮ ᠤᠨ ᠭᠤᠤᠯ  ᠵᠦᠷᠢᠴᠡᠯ ᠢ  ᠴᠢᠩᠭ᠎ᠠ  ᠠᠳᠬᠤᠨ᠂  ᠶᠠᠰᠤ‌‍ᠴᠢᠨᠠᠷ ᠢ ᠨᠢᠬᠡᠳᠦᠬᠡᠷ ᠲᠤ  ᠲᠠᠯᠪᠢᠬᠤ᠂  ᠦᠷ᠎ᠠ  ᠠᠰᠢᠬ ᠢ  ᠲᠡᠷᠢᠬᠦᠨ ᠳᠤ  ᠲᠠᠯᠪᠢᠬᠤ ᠶᠢ  ᠪᠠᠷᠢᠮᠳᠠᠯᠠᠨ᠂  ᠠᠵᠦ  ᠠᠬᠤᠢ ᠵᠢᠨ‌‍ᠬᠦ᠋ᠭᠵᠢᠯᠳᠡ ᠶᠢᠨ ᠠᠷᠭ᠎ᠠ ᠬᠡᠯᠪᠡᠷᠢ ᠶᠢ  ᠬᠤᠪᠢᠷᠠᠭᠤᠯᠤᠨ᠂  ᠠᠵᠦ  ᠠᠬᠤᠢ ᠶᠢᠨ  ᠪᠦᠲᠦᠴᠡ ᠶᠢ  ᠰᠢᠯᠢᠳᠡᠭᠵᠢᠬᠦᠯᠵᠦ᠂  ᠮᠠᠨ ‍ᠤ‌ᠤᠷᠤᠨ ᠤ ᠠᠵᠦ ᠠᠬᠤᠢ ᠶᠢᠨ ᠴᠢᠨᠠᠷ ᠰᠠᠶᠢᠳᠠᠢ ᠬᠦᠭᠵᠢᠯᠳᠡ ᠶᠢ ᠪᠡᠶᠡᠯᠡᠬᠦᠯᠬᠦ ᠶᠢ ᠠᠬᠢᠭᠤᠯᠤᠨ᠎ᠠ᠃︾                ᠲᠦᠯᠦᠭᠡᠯᠡᠭᠴᠢ ᠶᠢᠨ ᠶᠠᠷᠢᠯᠴᠠᠭ᠎ᠠ᠄                ᠴᠤᠯᠮᠤᠨ ᠲᠦᠯᠦᠭᠡᠯᠡᠭᠴᠢ  ︵ᠲᠦᠷᠪᠡᠳ  ᠬᠤᠰᠢᠭᠤᠨ ᠤ  ᠴᠠᠭᠠᠨᠪᠤᠯᠠᠬ  ᠰᠤᠮᠤᠨ ᠤ  ᠬᠡᠷᠡᠯᠳᠤᠶᠠᠭ᠎ᠠ  ᠭᠠᠴᠠᠭ᠎ᠠ ᠵᠢᠨ‌ᠨᠠᠮ ᠤᠨ ᠡᠬᠦᠷ ᠤᠨ ᠱᠦᠵᠢ︶᠄ ᠦᠩᠬᠡᠷᠡᠭᠰᠡᠨ ᠳᠤ ᠮᠠᠨ ᠤ ᠮᠠᠯᠴᠢᠳ ᠤᠷᠤᠯᠭ᠎ᠠ ᠪᠠᠨ  ᠨᠡᠮᠡᠭᠳᠡᠬᠦᠯᠬᠦ ᠳᠤ  ᠮᠠᠯ ᠤᠨ  ᠲᠤᠭ᠎ᠠ ᠵᠢ‌‍ᠬᠦ᠋ᠬᠡᠬᠡᠴᠡᠯᠳᠦᠵᠦ ᠪᠠᠶᠢᠬᠰᠠᠨ ᠪᠤᠯ᠂ ᠤᠳᠤ ᠮᠠᠯ ᠤᠨ ᠲᠤᠭ᠎ᠠ ᠶᠢ ᠴᠦᠬᠡᠴᠢᠯᠡᠵᠦ ᠴᠢᠨᠠᠷ ᠢ ᠳᠡᠭᠡᠭᠰᠢᠯᠡᠭᠦᠯᠬᠦ ᠶᠢ ᠡᠷᠬᠢᠮᠯᠡᠬᠦ  ᠪᠤᠯᠵᠦ‌ᠬᠤᠪᠢᠷᠠᠵᠦ ᠪᠠᠶᠢᠨ᠎ᠠ᠃ ᠮᠠᠯ ᠤᠨ ᠡᠬᠦᠯᠳᠡᠷ ᠢ  ᠰᠠᠶᠢᠵᠢᠷᠠᠭᠤᠯᠬᠤ  ᠲᠠᠯ᠎ᠠ ᠪᠠᠷ  ᠶᠡᠭᠡ  ᠬᠦᠴᠦ  ᠣᠷᠣᠭᠤᠯᠬᠤ ᠠᠴᠠ  ᠭᠠᠳᠠᠨ᠎ᠠ᠂ᠤᠢᠢᠷ᠎ᠠ ᠶᠢᠨ ᠵᠢᠯ ᠠᠴᠠ ᠬᠤᠨᠢᠨ ᠤ ᠪᠤᠳᠠᠭᠠᠯᠢ ᠦᠷ᠎ᠠ ᠠᠰᠢᠬ ᠢ ᠨᠡᠮᠡᠭᠳᠡᠬᠦᠯᠬᠦ᠂ ᠰᠦᠯᠵᠢᠶ᠎ᠠ ᠶᠢ ᠠᠰᠢᠬᠯᠠᠨ ᠬᠤᠨᠢᠨ  ᠮᠢᠬ᠎ᠠ ᠪᠠᠨ‌‍ᠪᠤᠷᠤᠯᠠᠭᠤᠯᠬᠤ᠂ ᠬᠤᠨᠢ ᠪᠠᠨ ᠴᠦᠬᠡᠳᠬᠡᠨ ᠦᠬᠡᠷ ᠢ ᠦᠰᠬᠡᠬᠦ ᠵᠡᠷᠬᠡ ᠮᠠᠯ  ᠠᠵᠦ  ᠠᠬᠤᠢ ᠶᠢᠨ  ᠰᠢᠨ᠎ᠠ  ᠠᠷᠭ᠎ᠠ  ᠬᠡᠯᠪᠡᠷᠢ ᠵᠢ‌ᠢᠳᠡᠪᠬᠢᠳᠡᠢ ᠰᠦᠪᠡᠭᠴᠢᠯᠡᠵᠦ ᠢᠯᠡᠷᠬᠡᠢ  ᠦᠷ᠎ᠠ  ᠪᠦᠲᠦᠮᠵᠢ  ᠤᠯᠵᠠᠢ᠃  ᠦ᠋  ᠶᠦᠨ  ᠪᠦᠸᠧ  ᠲᠦᠯᠦᠭᠡᠯᠡᠭᠴᠢ᠄  ︵ᠵᠠᠷᠤᠳ‌ᠬᠤᠰᠢᠭᠤᠨ ᠤ  ᠪᠠᠶᠠᠨᠳᠠᠯ᠎ᠠ  ᠰᠤᠮᠤᠨ ᠤ  ᠵᠡᠬᠦᠨ  ᠰᠠᠯᠠᠭ᠎ᠠ  ᠭᠠᠴᠠᠭ᠎ᠠ ᠶᠢᠨ  ᠨᠠᠮ ᠤᠨ  ᠡᠬᠦᠷ ᠤᠨ  ᠱᠦᠵᠢ᠂  ᠭᠠᠴᠠᠭ᠎ᠠ ᠵᠢᠨ‌‍ᠲ᠋ᠠᠷᠤᠭ᠎ᠠ︶᠄ ᠨᠢᠬᠡ ᠦᠬᠡᠷ ᠢ 40 ᠭᠠᠷᠤᠢ ᠵᠦᠢᠯ ᠤᠨ ᠦᠢᠯᠡᠳᠬᠦᠨ ᠡᠳ᠋ᠰᠢᠬᠦᠯᠵᠦ ᠪᠤᠯᠳᠠᠬ ᠪᠤᠯᠬᠤᠷ  ᠦᠬᠡᠷ ᠢ  ᠡᠳ᠋ᠰᠢᠬᠦᠯᠵᠦ‌‍ᠪᠤᠷᠤᠯᠠᠭᠤᠯᠬᠤ ᠨᠢ ᠰᠢᠭᠤᠳ ᠪᠤᠷᠤᠯᠠᠭᠤᠯᠤᠬᠰᠠᠨ ᠠᠴᠠ ᠦᠷ᠎ᠠ ᠠᠰᠢᠬ ᠨᠢ ᠬᠤᠯᠠ ᠦᠨᠳᠦᠷ᠃ ᠮᠠᠨ ᠤ ᠬᠤᠷᠰᠢᠶ᠎ᠠ ᠦᠪᠡᠷ ᠵᠶ᠋ᠠᠨ‌ᠡᠪᠡᠰᠤ ᠲᠠᠷᠢᠵᠦ᠂ ᠦᠪᠡᠷ ᠢᠶᠠᠨ ᠦᠬᠡᠷ ᠢᠶᠠᠨ ᠲᠡᠵᠢᠬᠡᠵᠦ ᠪᠤᠷᠳᠤᠵᠦ᠂ ᠦᠪᠡᠷ ᠢᠶᠠᠨ ᠨᠢᠳᠤᠯᠵᠦ ᠡᠳ᠋ᠰᠢᠬᠦᠯᠦᠨ  ᠪᠤᠭᠤᠳᠠᠯᠯᠠᠵᠦ᠂ᠭᠠᠳᠠᠬᠰᠢ ᠪᠤᠷᠤᠯᠠᠭᠤᠯᠬᠤ ᠶᠢᠨ ᠤᠯᠠᠮ ᠢᠶᠠᠷ ᠦᠬᠡᠷ ᠤᠨ ᠪᠤᠳᠠᠭᠠᠯᠢ  ᠪᠡᠶ᠎ᠠ ᠶᠢᠨ  ᠠᠰᠢᠬ ᠢ  ᠬᠠᠮᠤᠬ ᠤᠨ  ᠶᠡᠭᠡ  ᠬᠡᠮᠵᠢᠶ᠎ᠠ ᠳ᠋ᠤ᠋‌‍ᠬᠦ᠋ᠷᠬᠡᠬᠦ ᠶᠢᠨ ᠬᠠᠮᠳᠤ  ᠬᠤᠷᠰᠢᠶ᠎ᠠ ᠳᠤ  ᠤᠷᠤᠬᠰᠠᠨ  ᠮᠠᠯᠴᠢᠳ ᠤᠨ ᠢᠶᠠᠨ  ᠤᠷᠤᠯᠭ᠎ᠠ ᠶᠢ  ᠨᠡᠮᠡᠭᠳᠡᠬᠦᠯᠵᠦ  ᠪᠠᠶᠢᠨ᠎ᠠ᠃  ᠪᠢᠳᠡ‌ᠮᠠᠯᠴᠢᠳ ᠢᠶᠠᠨ ᠵᠤᠬᠢᠶᠠᠨ ᠪᠠᠶᠢᠭᠤᠯᠵᠦ ᠬᠤᠷᠰᠢᠵᠦ᠂ ᠤᠯᠠᠨ ᠤ ᠬᠦᠴᠦᠨ ᠢ ᠨᠡᠶᠢᠳᠬᠡᠵᠦ᠂ ᠵᠠᠬ᠎ᠠ ᠲᠡᠯᠬᠡᠬᠦᠷ ᠤᠨ  ᠦᠷᠢᠰᠦᠯᠳᠦᠬᠦ‌‍ᠬᠦ᠋ᠴᠦᠨ ᠢᠶᠠᠨ ᠴᠢᠩᠭᠠᠷᠠᠭᠤᠯᠤᠬᠰᠠᠨ᠃                ᠶᠡᠷᠦᠩᠬᠡᠢ ᠱᠦᠵᠢ ᠶᠢᠨ ᠴᠢᠬᠤᠯᠠ ᠶᠠᠷᠢᠶ᠎ᠠ᠄ ︽ᠬᠡᠷᠪᠡ ᠰᠡᠳᠬᠢᠬᠦᠢ ᠶᠢᠨ ᠠᠷᠭ᠎ᠠ  ᠬᠡᠯᠪᠡᠷᠢ  ᠮᠦᠨᠬᠦ  ᠦᠩᠬᠡᠷᠡᠭᠰᠡᠨ ‍ᠤ‌ᠬᠠᠭᠤᠴᠢᠨ ᠬᠡᠪᠰᠢᠯ ᠳᠡᠭᠡᠨ ᠪᠠᠶᠢᠭᠠᠳ ᠪᠠᠶᠢᠪᠠᠯ ᠭᠠᠷᠬᠤ ᠵᠠᠮ ᠤᠯᠬᠤ ᠳᠤ ᠬᠦᠴᠢᠷ  ᠮᠦᠷᠳᠡᠬᠡᠨ  ᠬᠠᠷᠠᠵᠦ  ᠪᠠᠶᠢᠭᠠᠳ  ᠰᠠᠶᠢᠨ‌ᠠᠵᠠ ᠵᠠᠪᠰᠢᠶᠠᠨ ᠢ ᠴᠦ ᠠᠯᠳᠠᠵᠦ  ᠮᠡᠳᠡᠨ᠎ᠠ︾  ︽ᠠᠵᠤ  ᠠᠬᠤᠢ ᠶᠢᠨ  ᠴᠢᠨᠠᠷ  ᠰᠠᠶᠢᠳᠠᠢ  ᠬᠦᠭᠵᠢᠯᠳᠡ ᠶᠢ  ᠠᠬᠢᠭᠤᠯᠬᠤ ᠳ᠋ᠤ᠋‌ᠭᠤᠤᠯᠳᠠᠯᠭ᠎ᠠ ᠪᠠᠨ ᠠᠵᠦ ᠦᠢᠯᠡᠰ ᠤᠨ ᠪᠦᠲᠦᠴᠡ ᠶᠢᠨ  ᠬᠡᠯᠪᠡᠷᠢ ᠪᠠᠨ  ᠬᠤᠪᠢᠷᠠᠭᠤᠯᠵᠦ  ᠲᠡᠰ  ᠲᠡᠪᠰᠢᠬᠦᠯᠬᠦ ᠶᠢ  ᠠᠬᠢᠭᠤᠯᠬᠤ‌‍ᠲ᠋ᠡᠭᠡᠷ᠎ᠠ ᠲᠠᠯᠪᠢᠬᠤ ᠬᠡᠷᠡᠭᠳᠡᠢ︾ ︽ᠮᠠᠯ ᠪᠡᠯᠴᠢᠬᠡᠷ ᠤᠨ ᠲᠡᠩᠴᠡᠬᠦᠷᠢ ᠶᠢ ᠪᠠᠲᠤᠯᠠᠬᠤ᠂ ᠪᠡᠯᠴᠢᠬᠡᠷᠯᠡᠬᠦᠯᠬᠦ ᠶᠢ ᠵᠤᠬᠰᠤᠭᠠᠵᠦ ᠰᠡᠯᠬᠦᠨ‌ᠮᠠᠯᠵᠢᠬᠤ ᠵᠡᠷᠬᠡ ᠲᠦᠷᠢᠮ ᠢ ᠰᠠᠶᠢᠳᠤᠷ ᠬᠡᠷᠡᠭᠵᠢᠬᠦᠯᠬᠦ ᠬᠡᠷᠡᠭᠳᠡᠢ᠃︾                ᠲᠤᠰᠬᠠᠢ ᠮᠡᠷᠬᠡᠵᠢᠯᠳᠡᠨ ᠤ ᠲᠠᠶᠢᠯᠤᠮᠵᠢ᠄                ᠲᠤᠶᠠᠭ᠎ᠠ ︵ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ  ᠬᠦᠷᠢᠶᠡᠯᠡᠩ ᠤᠨ  ᠰᠣᠳᠣᠯᠣᠭᠴᠢ︶᠄  ᠮᠠᠯ‌ᠠᠵᠦ   ᠠᠬᠤᠢ ᠶᠢ   ᠬᠦᠭᠵᠢᠬᠦᠯᠬᠦ   ᠳᠠᠯ᠎ᠠ ᠪᠠᠷ᠂   ᠶᠡᠷᠦᠩᠬᠡᠢ   ᠱᠦᠵᠢ ᠶᠢᠨ   ᠴᠢᠬᠤᠯᠠ   ᠵᠢᠭᠠᠪᠣᠷᠢ ᠶᠢ   ᠪᠣᠳᠠᠳᠠᠢ ᠳ᠋ᠤ᠋‌ᠨᠠᠶᠢᠳᠠᠪᠣᠷᠢᠵᠢᠭᠤᠯᠵᠣ᠂ ᠮᠠᠯ ᠠᠵᠦ ᠠᠬᠤᠢ ᠶᠢᠨ ᠪᠠᠶᠢᠷᠢᠰᠢᠯ  ᠬᠢᠭᠡᠳ  ᠮᠠᠯ  ᠰᠦᠷᠦᠭ ᠤᠨ  ᠪᠦᠳᠦᠴᠡ ᠳᠤ  ᠲᠤᠬᠢᠷᠠᠭᠤᠯᠤᠯᠳᠠ‌‍ᠬᠢᠬᠦ᠂ ᠮᠠᠯᠵᠢᠬᠤ ᠦᠢᠯᠡᠳᠪᠦᠷᠢᠯᠡᠯ ᠢᠶᠠᠨ ᠬᠡᠷᠬᠢᠨ ᠬᠤᠶᠠᠳᠤᠭᠠᠷ ᠭᠤᠷᠪᠠᠳᠤᠭᠠᠷ ᠠᠵᠦ ᠦᠢᠯᠡᠰ ᠲᠠᠢ  ᠤᠶᠠᠯᠳᠤᠭᠤᠯᠬᠤ᠂  ᠠᠵᠦ‌ᠦᠢᠯᠡᠰ ᠤᠨ ᠬᠡᠯᠬᠢᠶ᠎ᠡ ᠶᠢ ᠤᠷᠳᠤᠳᠬᠠᠬᠤ ᠵᠡᠷᠭᠡ  ᠲᠠᠯ᠎ᠠ ᠪᠠᠷ  ᠤᠯᠠᠨ  ᠲᠠᠯ᠎ᠠ ᠶᠢᠨ  ᠠᠵᠢᠯ ᠢ  ᠰᠠᠶᠢᠳᠣᠷ  ᠬᠢᠬᠦ  ᠴᠢᠬᠤᠯᠠᠳᠠᠢ‌‍ᠪᠠᠶᠢᠨ᠎ᠠ᠃         ᠬᠦᠳᠦᠯᠦᠭᠴᠢ᠄ ᠡᠨᠡ ᠪᠤᠯ ᠨᠢᠬᠡᠨ ᠠᠭᠤᠤ ᠶᠡᠭᠡ ᠴᠠᠬ ᠦᠶ᠎ᠠ ᠮᠦᠨ᠂ ᠠᠭᠤᠤ ᠶᠡᠭᠡ ᠴᠠᠬ  ᠦᠶ᠎ᠠ ᠨᠢ  ᠨᠡᠩ  ᠶᠡᠭᠡ‌‍ᠴᠢᠷᠮᠠᠶᠢᠯᠭ᠎ᠠ ᠶᠢ ᠱᠠᠭᠠᠷᠳᠠᠨ᠎ᠠ᠃ ᠠᠶᠢᠰᠤᠢ ᠪᠠᠶᠢᠭ᠎ᠠ ᠤᠷᠢᠨ ᠬᠠᠪᠤᠷ ᠤᠨ  ᠠᠶᠢᠵᠠᠮ ᠢ  ᠲᠠᠭᠠᠵᠦ᠂  ᠪᠢᠳᠡ  ᠴᠤᠴᠠᠯᠳᠠ  ᠦᠬᠡᠢ‌‍ᠴᠢᠷᠮᠠᠶᠢᠨ ᠤᠷᠤᠬᠰᠢᠯᠠᠵᠦ᠂ ᠰᠢ ᠶᠢᠨ ᠫᠢᠩ ᠨᠦᠬᠦᠷ ᠢᠶᠠᠷ  ᠭᠤᠤᠯ  ᠪᠤᠯᠭᠠᠬᠰᠠᠨ  ᠨᠠᠮ ᠤᠨ  ᠲᠦᠪ  ᠬᠤᠷᠢᠶ᠎ᠠ ᠶᠢᠨ  ᠲᠤᠳᠤᠨᠤ‌ᠬᠠᠯᠠᠮᠵᠢᠯᠠᠯ ᠲᠤᠤᠷ᠎ᠠ᠂ ᠦᠪᠦᠷ ᠮᠤᠩᠭᠤᠯ ᠮᠠᠯ ᠠᠵᠦ  ᠠᠬᠤᠢ᠂  ᠲᠡᠷᠡᠴᠢᠯᠡᠨ  ᠪᠦᠬᠦ  ᠠᠵᠦ  ᠠᠬᠤᠢ ᠪᠠᠨ  ᠴᠢᠨᠠᠷ  ᠰᠠᠶᠢᠳᠠᠢ‌‍ᠬᠦ᠋ᠭᠵᠢᠬᠦᠯᠬᠦ ᠶᠢᠨ ᠤᠯᠠᠮ ᠢᠶᠠᠷ ᠬᠦᠮᠦᠨ ᠠᠷᠠᠳ ᠲᠠᠭᠠᠨ ᠨᠡᠩ ᠪᠠᠶᠠᠨ ᠴᠢᠨᠡᠬᠡᠯᠢᠭ᠂  ᠵᠤᠯ  ᠵᠢᠷᠭᠠᠯᠳᠤ  ᠠᠮᠢᠳᠤᠷᠠᠯ  ᠡᠳ᠋ᠯᠡᠬᠦᠯᠬᠦ‌‍ᠬᠡᠳᠡᠭ ᠲᠤ ᠦᠪᠦᠷ ᠮᠤᠩᠭᠤᠯᠴᠤᠳ ᠢᠲᠡᠬᠡᠯ ᠲᠦᠬᠦᠷᠡᠩ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号