ᠦᠭᠡᠷᠡᠴᠢᠯᠠᠯᠳᠠ ᠪᠠ ᠬᠥᠭᠵᠢᠬᠦᠯᠤᠯᠳᠡ ᠶᠢᠨ ᠵᠦᠪᠯᠡᠯ᠄ 2020 ᠤᠨ ᠪᠤᠯᠬᠤ ᠳᠤ ᠬᠥᠳᠡᠭᠡ ᠲᠤᠰᠬᠤᠨ  ᠤ ᠤᠷᠤᠰᠢᠨ ᠠᠮᠢᠳᠤᠷᠠᠬᠤ ᠤᠷᠴᠢᠨ ᠨᠦᠬᠦᠴᠡᠯ ᠢ ᠴᠡᠭᠴᠡᠯᠡᠨ ᠵᠠᠰᠠᠬᠤ ᠡᠬᠦᠷᠭᠡ ᠶᠢ ᠦᠨᠳᠤᠰᠤᠨ ᠳᠡᠭᠡᠨ ᠪᠡᠶᠡᠯᠡᠬᠦᠯᠤᠨ᠎ᠠ
ᠨᠡᠶᠢᠲᠡᠯᠡᠭᠰᠡᠨ ᠴᠠᠭ᠄
2018-03-20
        ᠠᠷᠠᠳ ᠤᠨ ᠰᠦᠯᠵᠢᠶ᠎ᠠ ᠶᠢᠨ ᠪᠡᠭᠡᠵᠢᠩ ᠤᠨ 3 ᠰᠠᠷ᠎ᠠ ᠶᠢᠨ 16 ᠤ ᠡᠳᠤᠷ ᠤᠨ ᠮᠡᠳᠡᠭᠡ ︵ᠴᠧᠨ  ᠮᠧᠩ︶  ᠤᠯᠤᠰ‌‍ᠤᠨ ᠬᠥᠭᠵᠢᠬᠦᠯᠤᠯᠳᠡ ᠪᠠ ᠦᠭᠡᠷᠡᠴᠢᠯᠠᠯᠳᠠ ᠶᠢᠨ ᠵᠦᠪᠯᠡᠯ ᠤᠨ ᠰᠦᠯᠵᠢᠶ᠎ᠠ ᠦᠨᠤᠳᠤᠷ《ᠬᠥᠳᠡᠭᠡ  ᠲᠤᠰᠬᠤᠨ   ᠤ  ᠤᠷᠤᠰᠢᠨ‌ᠠᠮᠢᠳᠤᠷᠠᠬᠤ ᠤᠷᠴᠢᠨ ᠨᠦᠬᠦᠴᠡᠯ ᠢ ᠴᠡᠭᠴᠡᠯᠡᠨ ᠵᠠᠰᠠᠬᠤ ᠠᠵᠢᠯᠯᠠᠭ᠎ᠠ ᠶᠢ ᠯᠠᠪᠳᠠᠭᠤᠨ ᠢᠶᠠᠷ ᠠᠬᠢᠭᠤᠯᠬᠤ  ᠲᠤᠬᠠᠢ  ᠮᠡᠳᠡᠭᠳᠡᠯ》︵ᠲᠤᠷᠤᠬᠰᠢ《ᠮᠡᠳᠡᠭᠳᠡᠯ》 ᠭᠡᠵᠤ ᠲᠤᠪᠴᠢᠯᠠᠨ᠎ᠠ︶  ᠨᠡᠶᠢᠳᠡᠯᠡᠵᠤ᠂  ᠡᠯ᠎ᠠ  ᠭᠠᠵᠠᠷ《ᠬᠥᠳᠡᠭᠡ  ᠲᠤᠰᠬᠤᠨ   ᠤ  ᠤᠷᠤᠰᠢᠨ‌ᠠᠮᠢᠳᠤᠷᠠᠬᠤ  ᠤᠷᠴᠢᠨ  ᠨᠦᠬᠦᠴᠡᠯ   ᠢ  ᠴᠡᠭᠴᠡᠯᠡᠨ  ᠵᠠᠰᠠᠬᠤ  ᠭᠤᠷᠪᠠᠨ  ᠵᠢᠯ   ᠤᠨ   ᠠᠵᠢᠯᠯᠠᠭ᠎ᠠ   ᠶᠢᠨ   ᠲᠦᠰᠤᠯ》︵ᠲᠤᠷᠤᠬᠰᠢ《ᠲᠦᠰᠤᠯ》 ᠭᠡᠵᠤ ᠲᠤᠪᠴᠢᠯᠠᠨ᠎ᠠ︶  ᠤᠨ  ᠪᠠᠶᠢᠷᠢᠯᠠᠭᠤᠯᠤᠯᠳᠡ  ᠶᠤᠰᠤᠭᠠᠷ᠂  ᠴᠡᠭᠴᠡᠯᠡᠨ  ᠵᠠᠰᠠᠬᠤ  ᠠᠵᠢᠯ  ᠢ‌‍ᠬᠡᠷᠡᠭᠵᠢᠬᠦᠯᠬᠦ ᠠᠯᠬᠤᠮ ᠲᠠᠷᠠᠭ᠎ᠠ ᠶᠢ ᠤᠯᠠᠮ ᠨᠢᠭᠡ ᠠᠯᠬᠤᠮ  ᠲᠤᠳᠤᠷᠬᠠᠶᠢᠯᠠᠵᠤ᠂  ᠴᠡᠭᠴᠡᠯᠡᠨ  ᠵᠠᠰᠠᠬᠤ  ᠠᠵᠢᠯ   ᠢ  ᠰᠢᠨᠵᠢᠯᠡᠬᠦ‌ᠤᠬᠠᠭᠠᠨᠴᠢ ᠪᠠᠷ ᠡᠮᠬᠢ ᠵᠢᠷᠤᠮ  ᠲᠠᠢ ᠠᠬᠢᠭᠤᠯᠬᠤ ᠶᠢ ᠦᠨᠡᠨ ᠬᠦ ᠪᠠᠳᠤᠯᠠᠬᠤ ᠬᠡᠷᠡᠭᠳᠠᠢ᠃ ᠮᠤᠵᠢ   ᠶᠢᠨ  ᠱᠠᠳᠤᠨ   ᠤ  ᠬᠥᠳᠡᠭᠡ‌‍ᠲ᠋ᠤᠰᠬᠤᠨ ᠤ ᠤᠷᠤᠰᠢᠨ ᠠᠮᠢᠳᠤᠷᠠᠬᠤ ᠤᠷᠴᠢᠨ ᠨᠦᠬᠦᠴᠡᠯ ᠢ ᠴᠡᠭᠴᠡᠯᠡᠨ  ᠵᠠᠰᠠᠬᠤ  ᠠᠵᠢᠯ   ᠤᠨ  ᠬᠡᠷᠡᠭᠵᠢᠬᠦᠯᠬᠦ  ᠲᠦᠰᠤᠯ  ᠢ‌‍ᠱᠠᠯᠠᠪᠳᠠᠨ ᠨᠠᠶᠢᠷᠠᠭᠤᠯᠬᠤ ᠪᠤᠶᠤ ᠵᠠᠰᠠᠨ  ᠲᠤᠬᠳᠠᠭᠠᠵᠤ᠂  2020  ᠤᠨ  ᠪᠤᠯᠬᠤ   ᠳᠤ  ᠴᠡᠭᠴᠡᠯᠡᠨ  ᠵᠠᠰᠠᠬᠤ  ᠡᠬᠦᠷᠭᠡ  ᠵᠢ‌ᠦᠨᠳᠤᠰᠤᠨ ᠳᠡᠭᠡᠨ ᠪᠡᠶᠡᠯᠡᠬᠦᠯᠤᠨ᠎ᠠ ᠭᠡᠵᠤ ᠵᠢᠭᠠᠵᠤ ᠭᠠᠷᠭᠠᠪᠠ᠃                《ᠮᠡᠳᠡᠭᠳᠡᠯ》 ᠳᠤ ᠵᠢᠭᠠᠵᠤ ᠭᠠᠷᠭᠠᠭᠰᠠᠨ ᠨᠢ᠂ ᠲᠦᠷᠤᠬᠦᠭᠡᠨ᠂ ᠲᠤᠮᠳᠠᠳᠤ ᠤᠯᠤᠰ ᠤᠨ ᠡᠪ ᠬᠠᠮᠳᠤ  ᠨᠠᠮ  ‍ᠤᠨ‌‍ᠲ᠋ᠦ᠋ᠪ ᠬᠤᠷᠢᠶᠠᠨ ᠤ ᠠᠯᠪᠠᠨ ᠲᠢᠩᠬᠢᠮ᠂ ᠲᠦᠷᠤ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ《ᠲᠦᠰᠤᠯ》 ᠢ ᠠᠯᠪᠠᠨ‌‍ᠶᠤᠰᠤ ᠪᠠᠷ ᠲᠠᠷᠤᠮᠠᠯᠯᠠᠨ ᠲᠠᠷᠬᠠᠭᠠᠵᠤ᠂ 2018—2020 ᠤᠨ   ᠤ  ᠬᠥᠳᠡᠭᠡ  ᠲᠤᠰᠬᠤᠨ   ᠤ  ᠤᠷᠤᠰᠢᠨ  ᠠᠮᠢᠳᠤᠷᠠᠬᠤ‌ᠤᠷᠴᠢᠨ   ᠨᠦᠬᠦᠴᠡᠯ   ᠢ    ᠴᠡᠭᠴᠡᠯᠡᠨ    ᠵᠠᠰᠠᠬᠤ    ᠠᠵᠢᠯᠯᠠᠭ᠎ᠠ     ᠶᠢ    ᠦᠷᠨᠢᠬᠦᠯᠬᠦ    ᠲᠤᠬᠠᠢ    ᠲᠤᠰᠬᠠᠶᠢᠯᠠᠨ‌‍ᠪᠠᠶᠢᠷᠢᠯᠠᠭᠤᠯᠪᠠ᠃《ᠲᠦᠰᠤᠯ》 ᠳᠤ᠂ ᠦᠵᠡᠰᠬᠦᠯᠡᠩᠳᠤ ᠰᠠᠶᠢᠬᠠᠨ ᠪᠦᠭᠡᠳ ᠤᠷᠤᠰᠢᠨ  ᠰᠠᠭᠤᠬᠤ   ᠳᠤ  ᠠᠶᠠᠳᠠᠢ  ᠠᠶᠢᠯ‌‍ᠲ᠋ᠤᠰᠬᠤᠨ ᠢ ᠪᠦᠳᠤᠭᠡᠨ ᠪᠠᠶᠢᠭᠤᠯᠬᠤ ᠪᠠᠷ ᠤᠳᠤᠷᠢᠳᠤᠮᠵᠢ ᠪᠤᠯᠭᠠᠵᠤ᠂ ᠬᠥᠳᠡᠭᠡ ᠲᠤᠰᠬᠤᠨ ᠤ ᠬᠤᠭ ᠨᠤᠪᠰᠢ᠂ ᠪᠤᠵᠠᠷ ᠤᠰᠤ ᠵᠢ‌ᠵᠠᠰᠠᠬᠤ ᠪᠠ ᠠᠶᠢᠯ ᠲᠤᠰᠬᠤᠨ  ᠤ ᠲᠦᠷᠰᠤ ᠪᠠᠶᠢᠳᠠᠯ ᠢ ᠰᠠᠶᠢᠵᠢᠷᠠᠭᠤᠯᠬᠤ ᠪᠠᠷ ᠭᠤᠤᠯ ᠴᠢᠷᠮᠠᠶᠢᠬᠤ ᠴᠢᠭᠯᠡᠯ ᠪᠤᠯᠭᠠᠵᠤ᠂ ᠡᠯ᠎ᠠ ᠲᠠᠯ᠎ᠠ‌ᠵᠢᠨ ᠬᠥᠴᠤᠨ ᠢ ᠲᠠᠶᠢᠴᠢᠯᠠᠨ᠂ ᠡᠯ᠎ᠠ ᠵᠦᠢᠯ ᠤᠨ ᠡᠬᠢ ᠪᠠᠶᠠᠯᠢᠭ ᠢ ᠡᠮᠬᠢᠯᠡᠨ ᠨᠡᠶᠢᠯᠡᠬᠦᠯᠵᠤ᠂ ᠡᠯ᠎ᠠ ᠵᠦᠢᠯ ᠤᠨ  ᠠᠷᠭ᠎ᠠ  ᠭᠡᠮᠵᠢᠶ᠎ᠠ‌ᠵᠢ ᠴᠢᠩᠭᠠᠳᠬᠠᠨ᠂ ᠬᠥᠳᠡᠭᠡ ᠲᠤᠰᠬᠤᠨ ᠤ ᠤᠷᠤᠰᠢᠨ ᠠᠮᠢᠳᠤᠷᠠᠬᠤ ᠤᠷᠴᠢᠨ  ᠨᠦᠬᠦᠴᠡᠯ   ᠤᠨ  ᠲᠤᠪᠤᠶᠢᠮ᠎ᠠ  ᠲᠤᠳᠠᠭᠤᠳᠠᠯ  ᠢ‌‍ᠲ᠋ᠦ᠋ᠷᠭᠡᠨ ᠢᠶᠠᠷ ᠨᠦᠬᠦᠪᠤᠷᠢᠯᠡᠬᠦ ᠬᠡᠷᠡᠭᠳᠠᠢ᠃ ᠡᠯ᠎ᠠ ᠭᠠᠵᠠᠷ《ᠲᠦᠰᠤᠯ》   ᠳᠤ  ᠲᠤᠳᠤᠷᠬᠠᠢ  ᠲᠤᠬᠳᠠᠭᠠᠭᠰᠠᠨ  ᠴᠢᠭᠯᠡᠯ  ᠲᠠᠢ‌ᠤᠶᠠᠯᠳᠤᠭᠤᠯᠤᠨ᠂ ᠲᠠᠷᠢᠶᠠᠴᠢᠳ ᠤᠨ ᠬᠥᠰᠡᠯ ᠰᠠᠨᠠᠭ᠎ᠠ ᠶᠢ ᠬᠥᠢᠴᠡᠳ ᠬᠥᠨᠳᠤᠳᠭᠡᠵᠤ᠂ ᠲᠤᠰ ᠭᠠᠵᠠᠷ ᠤᠷᠤᠨ   ᠤ  ᠴᠡᠭᠴᠡᠯᠡᠨ‌ᠵᠠᠰᠠᠬᠤ ᠭᠤᠤᠯᠳᠠᠯᠭ᠎ᠠ ᠵᠢᠴᠢ ᠤᠷᠢᠳ   ᠢᠶᠠᠷ  ᠪᠦᠳᠤᠭᠡᠨ  ᠪᠠᠶᠢᠭᠤᠯᠬᠤ  ᠲᠡᠰ  ᠲᠠᠷᠠᠭᠠᠯᠠᠯ   ᠢ  ᠰᠢᠨᠵᠢᠯᠡᠬᠦ  ᠤᠬᠠᠭᠠᠨᠴᠢ  ᠪᠡᠷ‌‍ᠲ᠋ᠤᠬᠳᠠᠭᠠᠬᠤ ᠬᠡᠷᠡᠭᠳᠠᠢ᠂ ᠬᠥᠳᠡᠭᠡ ᠲᠤᠰᠬᠤᠨ ᠤ ᠪᠤᠳᠠᠳᠤ ᠪᠠᠶᠢᠳᠠᠯ ᠠᠴᠠ ᠰᠠᠯᠤᠭᠰᠠᠨ ᠲᠤᠮᠤ  ᠴᠡᠴᠡᠷᠯᠢᠭ᠂  ᠲᠤᠮᠤ  ᠲᠠᠯᠠᠪᠠᠢ᠂ᠲᠤᠮᠤ ᠬᠥᠰᠢᠶ᠎ᠡ ᠵᠢᠴᠢ ᠪᠤᠳᠠᠳᠠᠢ ᠠᠭᠤᠯᠭ᠎ᠠ ᠦᠭᠡᠢ ᠲᠤᠰᠬᠤᠨ ᠤ ᠲᠡᠤᠭᠡ ᠶᠢᠨ ᠤᠷᠳᠤᠨ ᠵᠡᠷᠭᠡ ᠲᠦᠷᠢ ᠲᠦᠷᠬᠦ ᠶᠢᠨ  ᠪᠠᠷᠢᠯᠭ᠎ᠠ‌‍ᠪᠠᠶᠢᠭᠤᠯᠬᠤ ᠶᠢ ᠴᠢᠩᠭ᠎ᠠ ᠴᠠᠭᠠᠵᠠᠯᠠᠬᠤ ᠬᠡᠷᠡᠭᠳᠠᠢ ᠭᠡᠵᠤ ᠱᠠᠭᠠᠷᠳᠠᠪᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号