ᠨᠠᠷᠠᠨᠳᠦᠶᠠᠭ᠎ᠠ ᠲᠦᠯᠦᠭᠡᠯᠡᠭᠴᠢ᠄ ᠦᠨᠳᠦᠰᠦᠲᠡᠨ ᠤ ᠰᠤᠷᠭᠠᠨ ᠬᠦᠮᠦᠵᠢᠯ ᠢ ᠨᠠᠷᠢᠯᠢᠭ ᠰᠠᠶᠢᠨ ᠡᠷᠬᠢᠯᠡᠵᠤ᠂ ᠦᠨᠳᠦᠰᠦᠲᠡᠨ ᠤ ᠰᠤᠷᠭᠠᠨ ᠬᠦᠮᠦᠵᠢᠯ ᠤᠨ ᠴᠢᠨᠠᠷ ᠴᠢᠨᠰᠠᠭ᠎ᠠ ᠬᠢᠷᠢ ᠲᠦᠪᠰᠢᠨ ᠢ ᠲᠡᠭᠡᠭᠰᠢᠯᠡᠬᠦᠯᠬᠦ ᠬᠡᠷᠡᠭᠲᠠᠢ
ᠨᠡᠶᠢᠲᠡᠯᠡᠭᠰᠡᠨ ᠴᠠᠭ᠄
2018-03-20
        ᠠᠷᠠᠳ ᠤᠨ ᠰᠦᠯᠵᠢᠶᠡᠨ ᠤ  ᠪᠡᠭᠡᠵᠢᠩ ᠤᠨ  3  ᠰᠠᠷ᠎ᠠ   ᠶᠢᠨ  16 ᠤ  ᠡᠳᠤᠷ ᠤᠨ  ᠮᠡᠳᠡᠭᠡ  ︵ᠰᠤᠷᠪᠤᠯᠵᠢᠯᠠᠭᠴᠢ‌‍ᠲ᠋ᠤᠷᠤᠨ᠎ᠠ᠂ ᠭᠠᠩᠭᠠᠩᠰᠣᠪᠣᠳ︶ ᠪᠦᠬᠦ ᠤᠯᠤᠰ ᠤᠨ ᠠᠷᠠᠳ ᠤᠨ  ᠲᠦᠯᠦᠭᠡᠯᠡᠭᠴᠢᠳ ᠤᠨ  ᠶᠡᠭᠡ  ᠬᠤᠷᠠᠯ ᠤᠨ  ᠲᠦᠯᠦᠭᠡᠯᠡᠭᠴᠢ‌ᠨᠠᠷᠠᠨᠳᠤᠶᠠᠭ᠎ᠠ ᠰᠤᠷᠪᠤᠯᠵᠢᠯᠠᠭᠴᠢ ᠳᠤ᠄ ︽ᠲᠤᠰ ᠤᠳᠠᠭᠠᠨ ᠤ ᠬᠤᠶᠠᠷ ᠬᠤᠷᠠᠯ ᠳᠤ ᠤᠷᠤᠯᠴᠠᠬᠤ ᠳᠠᠭᠠᠨ  ᠪᠢ  ᠦᠨᠳᠦᠰᠦᠲᠡᠨ ‍ᠤ‌‍ᠰᠤᠷᠭᠠᠨ ᠬᠦᠮᠦᠵᠢᠯ ᠤᠨ ᠴᠢᠨᠠᠷ ᠴᠢᠨᠰᠠᠭ᠎ᠠ ᠬᠢᠷᠢ ᠲᠦᠪᠰᠢᠨ ᠢ ᠲᠡᠭᠡᠭᠰᠢᠯᠡᠬᠦᠯᠬᠦ ᠲᠤᠬᠠᠢ  ᠰᠠᠨᠠᠭᠤᠯᠭ᠎ᠠ  ᠲᠡᠪᠰᠢᠬᠦᠯᠪᠡ︾  ᠭᠡᠰᠡᠨ‌‍ᠪᠠᠶᠢᠨ᠎ᠠ᠃               ᠦᠨᠳᠦᠰᠦᠲᠡᠨ ᠤ ᠰᠤᠷᠭᠠᠨ ᠬᠦᠮᠦᠵᠢᠯ ᠤᠨ ᠴᠢᠨᠠᠷ ᠴᠢᠨᠰᠠᠭ᠎ᠠ ᠬᠢᠷᠢ ᠲᠦᠪᠰᠢᠨ ᠢ  ᠬᠡᠷᠬᠢᠨ  ᠲᠡᠭᠡᠭᠰᠢᠯᠡᠬᠦᠯᠬᠦ  ᠲᠤᠬᠠᠢ‌‍ᠲ᠋ᠦ᠋ᠯᠦᠭᠡᠯᠡᠭᠴᠢ ᠨᠠᠷᠠᠨᠳᠤᠶᠠᠭ᠎ᠠ ᠲᠦᠷᠪᠡᠨ ᠲᠠᠯ᠎ᠠ ᠶᠢᠨ ᠰᠠᠨᠠᠭᠤᠯᠭ᠎ᠠ ᠲᠤᠷᠠᠳᠴᠠᠢ᠄ ᠨᠢᠭᠡ ᠳᠤ ᠦᠨᠳᠦᠰᠦᠲᠡᠨ ᠤ ᠲᠤᠮᠳᠠᠳᠤ  ᠪᠠᠭ᠎ᠠ‌‍ᠰᠤᠷᠭᠠᠭᠤᠯᠢ᠂  ᠬᠡᠦᠭᠡᠳ ᠤᠨ  ᠴᠡᠴᠡᠷᠯᠢᠭ ᠤᠨ  ᠰᠤᠷᠭᠠᠭᠤᠯᠢ  ︵ᠴᠡᠴᠡᠷᠯᠢᠭ︶  ᠡᠷᠬᠢᠯᠡᠬᠦ  ᠬᠠᠮᠢᠶᠠᠷᠤᠯᠲᠠ   ᠶᠢᠨ   ᠲᠦᠪᠰᠢᠨ ᠢ‌‍ᠲ᠋ᠡᠭᠡᠭᠰᠢᠯᠡᠬᠦᠯᠬᠦ ᠢᠨᠵᠧᠨᠧᠷᠢᠩ ᠢ ᠬᠡᠷᠡᠭᠵᠢᠬᠦᠯᠬᠦ ᠬᠡᠷᠡᠭᠲᠠᠢ᠃ ᠪᠡᠭᠡᠵᠢᠩ ᠦᠪᠤᠷ ᠮᠤᠩᠭᠤᠯ ᠤᠨ  ᠠᠵᠢᠯ  ᠲᠦᠷᠦᠯ ᠤᠨ  ᠰᠢᠰᠲ᠋ᠧᠮ‌ᠵᠢᠡᠷ ᠢᠶᠠᠨ ᠲᠤᠰᠠᠯᠠᠯᠴᠠᠬᠤ ᠲᠤᠭᠲᠠᠴᠠ ᠶᠢ ᠠᠰᠢᠭᠯᠠᠨ᠂ ᠦᠨᠳᠦᠰᠦᠲᠡᠨ ᠤ  ᠲᠤᠮᠳᠠᠳᠤ  ᠪᠠᠭ᠎ᠠ  ᠰᠤᠷᠭᠠᠭᠤᠯᠢ   ᠶᠢᠨ  ᠵᠠᠬᠢᠷᠤᠯ᠂ᠲᠤᠮᠳᠠ ᠲᠠᠪᠬᠤᠷᠭ᠎ᠠ ᠶᠢᠨ ᠺᠠᠳ᠋ᠷᠴᠤᠳ ᠢ ᠪᠡᠭᠡᠵᠢᠩ ᠤᠨ ᠰᠤᠷᠭᠠᠭᠤᠯᠢ ᠨᠤᠭᠤᠳ   ᠲᠤ  ᠲᠤᠮᠢᠯᠠᠵᠤ  ᠲᠤᠰᠢᠶᠠᠯ  ᠡᠬᠦᠷᠭᠡᠯᠡᠬᠦᠯᠦᠨ‌‍ᠪᠤᠯᠪᠠᠰᠤᠷᠠᠭᠤᠯᠵᠤ᠂ ᠰᠤᠷᠭᠠᠭᠤᠯᠢ ᠶᠢᠨ ᠬᠠᠮᠢᠶᠠᠷᠤᠯᠲᠠ ᠶᠢᠨ ᠲᠠᠯ᠎ᠠ ᠪᠠᠷ ᠬᠢ  ᠲᠡᠷᠢᠬᠦᠨ ᠤ  ᠲᠤᠷᠰᠢᠯᠭ᠎ᠠ   ᠶᠢ  ᠰᠤᠷᠤᠯᠴᠠᠭᠤᠯᠬᠤ‌‍ᠬᠡᠷᠡᠭᠲᠠᠢ︔ ᠦᠨᠳᠦᠰᠦᠲᠡᠨ ᠤ ᠰᠤᠷᠭᠠᠭᠤᠯᠢ ᠶᠢᠨ  ᠬᠠᠮᠢᠶᠠᠷᠤᠯᠲᠠ   ᠶᠢᠨ  ᠲᠦᠪᠰᠢᠨ ᠢ  ᠲᠡᠭᠡᠭᠰᠢᠯᠡᠬᠦᠯᠬᠦ  ᠬᠡᠷᠡᠭᠲᠠᠢ︔  ᠭᠠᠵᠠᠷ‌ᠤᠷᠤᠨ ᠤ ᠲᠠᠪᠠᠭᠤᠯᠢᠭ ᠢ ᠠᠰᠢᠭᠯᠠᠨ᠂ ᠦᠪᠤᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ  ᠦᠨᠳᠦᠰᠦᠲᠡᠨ ᠤ  ᠲᠤᠮᠳᠠᠳᠤ‌‍ᠪᠠᠭ᠎ᠠ ᠰᠤᠷᠭᠠᠭᠤᠯᠢ᠂ ᠬᠡᠦᠭᠡᠳ ᠤᠨ ᠴᠡᠴᠡᠷᠯᠢᠭ ᠬᠢᠭᠡᠳ ᠤᠯᠤᠰ ᠤᠨ ᠭᠠᠳᠠᠭᠠᠳᠤ   ᠯᠤᠭ᠎ᠠ   ᠶᠢᠨ  ᠨᠦᠬᠦᠷᠰᠡᠭ  ᠬᠠᠷᠢᠯᠴᠠᠭᠠᠨ ‍ᠤ‌ᠠᠵᠢᠯᠯᠠᠭ᠎ᠠ ᠶᠢ ᠦᠷᠨᠢᠬᠦᠯᠬᠦ ᠬᠡᠷᠡᠭᠲᠠᠢ︔ ᠬᠤᠤᠰ ᠬᠡᠯᠡ᠂ ᠭᠤᠷᠪᠠᠨ ᠬᠡᠯᠡᠨ ᠤ ᠨᠤᠮ ᠪᠢᠴᠢᠭ᠂ ᠰᠦᠯᠵᠢᠶᠡᠨ ᠤ ᠡᠬᠢ ᠪᠠᠶᠠᠯᠢᠭ ‍ᠤᠨ‌‍ᠲ᠋ᠠᠯ᠎ᠠ ᠪᠠᠷ ᠦᠨᠳᠦᠰᠦᠲᠡᠨ ᠤ ᠰᠤᠷᠭᠠᠭᠤᠯᠢ ᠶᠢ ᠢᠯᠡᠬᠦᠭᠡᠨ ᠬᠠᠷᠠᠭᠠᠯᠵᠠᠬᠤ ᠬᠡᠷᠡᠭᠲᠠᠢ᠃ ᠬᠤᠶᠠᠷ ᠲᠤ ᠦᠨᠳᠦᠰᠦᠲᠡᠨ ᠤ ᠲᠤᠮᠳᠠᠳᠤ‌‍ᠪᠠᠭ᠎ᠠ  ᠰᠤᠷᠭᠠᠭᠤᠯᠢ᠂  ᠬᠡᠦᠭᠡᠳ ᠤᠨ  ᠴᠡᠴᠡᠷᠯᠢᠭ ᠤᠨ  ᠵᠢᠭᠠᠨ  ᠰᠤᠷᠭᠠᠯᠲᠠ   ᠶᠢᠨ  ᠬᠢᠷᠢ   ᠲᠦᠪᠰᠢᠨ ᠢ   ᠲᠡᠭᠡᠭᠰᠢᠯᠡᠬᠦᠯᠬᠦ‌ᠢᠨᠵᠧᠨᠧᠷᠢᠩ ᠢ ᠬᠡᠷᠡᠭᠵᠢᠬᠦᠯᠬᠦ  ᠬᠡᠷᠡᠭᠲᠠᠢ᠃  ᠴᠦᠭᠡᠨ  ᠲᠤᠭᠠᠳᠤ  ᠦᠨᠳᠦᠰᠦᠲᠡᠨ ᠤ  ᠰᠤᠷᠭᠠᠨ  ᠬᠦᠮᠦᠵᠢᠯ ᠤᠨ  ᠠᠰᠫᠢᠷᠠᠨᠲ‌‍ᠬᠦ᠋ᠮᠦᠵᠢᠬᠦᠯᠬᠦ ᠡᠷᠴᠢᠮ ᠢ ᠴᠢᠩᠭᠠᠷᠠᠭᠤᠯᠬᠤ ᠬᠡᠷᠡᠭᠲᠠᠢ᠂ ᠵᠢᠷᠭᠤᠭᠠᠨ ᠬᠠᠷᠢᠶᠠᠳᠤ  ᠪᠠᠭᠰᠢ   ᠶᠢᠨ  ᠰᠤᠷᠭᠠᠭᠤᠯᠢ   ᠲᠠᠢ  ᠬᠠᠷᠢᠯᠴᠠᠵᠤ‌ᠬᠠᠨᠳᠤᠯᠭᠠᠳᠤ ᠪᠤᠯᠪᠠᠰᠤᠷᠠᠭᠤᠯᠤᠯ  ᠬᠢᠵᠤ  ᠪᠤᠯᠤᠨ᠎ᠠ︔  ᠨᠠᠢᠮᠠᠨ  ᠮᠤᠵᠢ  ᠤᠷᠤᠨ ᠤ  ᠲᠠᠪᠴᠠᠩ ᠤᠨ  ᠪᠠᠶᠢᠭᠤᠯᠤᠯᠲᠠ  ᠬᠢᠭᠡᠳ‌‍ᠰᠤᠯᠢᠯᠴᠠᠭ᠎ᠠ ᠶᠢ ᠴᠢᠩᠭᠠᠳᠬᠠᠵᠤ᠂ ᠦᠨᠳᠦᠰᠦᠲᠡᠨ ᠤ ᠰᠤᠷᠭᠠᠨ ᠬᠦᠮᠦᠵᠢᠯ ᠵᠢᠭᠠᠨ ᠰᠤᠷᠭᠠᠯᠲᠠ ᠶᠢᠨ  ᠲᠤᠷᠰᠢᠯᠭ᠎ᠠ  ᠰᠤᠯᠢᠯᠴᠠᠬᠤ‌‍ᠶᠠᠷᠢᠯᠴᠠᠭᠠᠨ ᠤ ᠲᠠᠪᠴᠠᠩ᠂ ᠬᠤᠷᠠᠯᠳᠤᠭᠠᠨ ᠵᠡᠷᠭᠡ  ᠶᠢ ᠦᠷᠨᠢᠬᠦᠯᠬᠦ ᠬᠡᠷᠡᠭᠲᠠᠢ︔ ︽ᠨᠢᠭᠡ ᠪᠦᠰᠡ ᠨᠢᠭᠡ ᠵᠠᠮ︾ ᠤᠨ  ᠪᠠᠶᠢᠯᠳᠤᠬᠤ‌‍ᠪᠤᠳᠤᠯᠭ᠎ᠠ ᠲᠠᠢ ᠤᠶᠠᠯᠳᠤᠭᠤᠯᠤᠨ᠂ ᠦᠨᠳᠦᠰᠦᠲᠡᠨ ᠤ ᠪᠠᠭᠰᠢ ᠨᠠᠷ ᠢ ᠵᠤᠭᠤᠰ ᠮᠦᠡᠭᠬᠦ   ᠪᠠᠷ  ᠲᠡᠮᠵᠢᠵᠤ  ᠰᠤᠷᠭᠠᠨ  ᠬᠦᠮᠦᠵᠢᠯ‌‍ᠬᠦ᠋ᠭᠵᠢᠭᠰᠡᠨ  ᠤᠯᠤᠰ   ᠲᠤ  ᠤᠴᠢᠭᠤᠯᠤᠨ  ᠲᠡᠷᠢᠬᠦᠨ ᠤ  ᠰᠤᠷᠭᠠᠨ  ᠬᠦᠮᠦᠵᠢᠯ  ᠵᠢᠭᠠᠨ  ᠰᠤᠷᠭᠠᠯᠲᠠ   ᠶᠢᠨ  ᠠᠷᠭ᠎ᠠ   ᠵᠢ‌‍ᠰᠤᠷᠤᠯᠴᠠᠭᠤᠯᠬᠤ ᠬᠡᠷᠡᠭᠲᠠᠢ︔ ᠰᠤᠷᠭᠠᠨ ᠬᠦᠮᠦᠵᠢᠯ ᠤᠨ ᠶᠠᠮᠤᠨ ᠤ ᠦᠨᠳᠦᠰᠦᠲᠡᠨ ᠤ ᠰᠤᠷᠭᠠᠨ  ᠬᠦᠮᠦᠵᠢᠯ ᠤᠨ  ᠵᠤᠷᠭᠠᠨ  ᠵᠢᠡᠷ‌ᠬᠠᠮᠵᠢᠭᠤᠯᠵᠤ ᠪᠠᠶᠢᠭᠠᠳ᠂ ᠦᠪᠤᠷ  ᠮᠤᠩᠭᠤᠯ   ᠳᠤ  ᠦᠨᠳᠦᠰᠦᠲᠡᠨ ᠤ  ᠰᠤᠷᠭᠠᠨ  ᠬᠦᠮᠦᠵᠢᠯ ᠤᠨ  ᠲᠤᠰᠬᠠᠢ  ᠮᠡᠷᠭᠡᠵᠢᠯᠲᠡᠨ‌‍ᠲ᠋ᠤᠮᠢᠯᠠᠭᠤᠯᠵᠤ ︽ᠮᠠᠯᠵᠢᠬᠤ ᠤᠷᠤᠨ ᠳᠤ ᠰᠤᠷᠭᠠᠨ ᠬᠦᠮᠦᠵᠢᠯ ᠬᠦᠷᠭᠡᠬᠦ︾ ᠠᠵᠢᠯᠯᠠᠭ᠎ᠠ  ᠦᠷᠨᠢᠬᠦᠯᠬᠦ  ᠬᠡᠷᠡᠭᠲᠠᠢ︔  ᠤᠯᠤᠰ ‍ᠤᠨ‌‍ᠲ᠋ᠡᠰ ᠤᠨ ︽ᠰᠠᠶᠢᠨ ᠪᠠᠭᠰᠢ︾ ᠶᠢᠨ ᠠᠵᠢᠯᠯᠠᠭ᠎ᠠ ᠶᠢ ᠠᠰᠢᠭᠯᠠᠨ᠂ ᠰᠦᠯᠵᠢᠶ᠎ᠡ  ᠪᠠᠷ ᠰᠤᠷᠭᠠᠨ ᠬᠦᠮᠦᠵᠢᠯ ᠤᠨ ᠵᠢᠯᠤᠭᠤᠳᠤᠯᠭ᠎ᠠ ᠬᠢᠬᠦ‌ᠠᠵᠢᠯᠯᠠᠭ᠎ᠠ ᠦᠷᠨᠢᠬᠦᠯᠬᠦ  ᠬᠡᠷᠡᠭᠲᠠᠢ᠃  ᠭᠤᠷᠪᠠ   ᠳᠤ  ᠦᠨᠳᠦᠰᠦᠲᠡᠨ ᠤ  ᠲᠤᠮᠳᠠᠳᠤ  ᠪᠠᠭ᠎ᠠ  ᠰᠤᠷᠭᠠᠭᠤᠯᠢ᠂  ᠬᠡᠦᠭᠡᠳ ‍ᠤᠨ‌‍ᠴᠡᠴᠡᠷᠯᠢᠭ ᠤᠨ ᠴᠢᠨᠠᠷ ᠴᠢᠨᠰᠠᠭ᠎ᠠ ᠶᠢ  ᠬᠢᠨᠠᠨ  ᠬᠡᠮᠵᠢᠬᠦ  ᠪᠠ  ᠦᠨᠡᠯᠡᠨ  ᠵᠢᠱᠢᠬᠦ  ᠪᠠᠶᠢᠭᠤᠯᠤᠯ  ᠲᠤᠭᠲᠠᠴᠠ   ᠶᠢ  ᠪᠠᠶᠢᠭᠤᠯᠤᠨ‌‍ᠲ᠋ᠡᠬᠦᠯᠳᠡᠷᠵᠢᠬᠦᠯᠬᠦ ᠬᠡᠷᠡᠭᠲᠠᠢ᠃ ᠦᠨᠳᠦᠰᠦᠲᠡᠨ ᠤ ᠰᠤᠷᠭᠠᠭᠤᠯᠢ ᠶᠢ ᠰᠤᠷᠭᠠᠨ ᠬᠦᠮᠦᠵᠢᠯ ᠤᠨ ᠶᠠᠮᠤᠨ ᠠᠴᠠ ᠦᠷᠨᠢᠬᠦᠯᠵᠤ ᠪᠠᠶᠢᠭ᠎ᠠ‌ᠤᠯᠤᠰ ᠤᠨ ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠱᠠᠳᠤᠨ ᠤ  ᠴᠢᠨᠠᠷ  ᠴᠢᠨᠰᠠᠭ᠎ᠠ   ᠶᠢᠨ  ᠬᠢᠨᠠᠯᠲᠠ  ᠬᠡᠮᠵᠢᠯᠲᠡ  ᠵᠢᠨ‌‍ᠬᠡᠪᠴᠢᠶ᠎ᠡ ᠳᠤ ᠤᠷᠤᠭᠤᠯᠬᠤ ᠬᠡᠷᠡᠭᠲᠠᠢ᠃ ᠲᠦᠷᠪᠡ ᠳᠤ ᠵᠤᠭᠤᠰ ᠮᠦᠡᠭᠬᠦ ᠪᠠᠷ ᠲᠡᠮᠵᠢᠬᠦ ᠪᠠᠲᠤᠯᠠᠭ᠎ᠠ   ᠶᠢᠨ  ᠰᠢᠰᠲ᠋ᠧᠮ ᠢ  ᠤᠯᠡᠮ‌ᠨᠢᠭᠡ ᠠᠯᠬᠤᠮ ᠲᠡᠬᠦᠯᠳᠡᠷᠵᠢᠬᠦᠯᠬᠦ ᠬᠡᠷᠡᠭᠲᠠᠢ᠃ ᠦᠨᠳᠦᠰᠦᠲᠡᠨ ᠤ ᠲᠤᠮᠳᠠᠳᠤ ᠪᠠᠭ᠎ᠠ ᠰᠤᠷᠭᠠᠭᠤᠯᠢ᠂ ᠬᠡᠦᠭᠡᠳ ᠤᠨ ᠴᠡᠴᠡᠷᠯᠢᠭ ‍ᠤᠨ‌‍ᠪᠠᠭᠰᠢ ᠶᠢ ᠵᠤᠭᠤᠰ ᠮᠦᠡᠭᠬᠦ ᠪᠠᠷ ᠲᠡᠮᠵᠢᠵᠤ ᠭᠠᠳᠠᠭᠠᠳᠤ ᠤᠯᠤᠰ ᠲᠤ ᠤᠴᠢᠭᠤᠯᠤᠨ ᠰᠤᠳᠤᠯᠭᠠᠨ ᠬᠢᠯᠭᠡᠵᠤ ᠰᠤᠷᠤᠯᠴᠠᠭᠤᠯᠤᠨ᠎ᠠ︔ᠦᠨᠳᠦᠰᠦᠲᠡᠨ ᠤ ᠤᠷᠤᠨ ᠤ ᠪᠠᠭᠰᠢ ᠶᠢᠨ ᠤᠷᠤᠨ ᠲᠤᠭᠠᠨ ᠤ ᠲᠠᠯ᠎ᠠ   ᠪᠠᠷ  ᠬᠠᠷᠠᠭᠠᠯᠵᠠᠯ  ᠦᠵᠡᠬᠦᠯᠵᠤ᠂  ᠬᠤᠤᠰ  ᠬᠡᠯᠡᠨ ‍ᠤ‌‍ᠬᠡᠦᠭᠡᠳ ᠤᠨ ᠴᠡᠴᠡᠷᠯᠢᠭ ᠪᠠ ᠲᠤᠮᠳᠠᠳᠤ ᠪᠠᠭ᠎ᠠ ᠰᠤᠷᠭᠠᠭᠤᠯᠢ  ᠳᠤ ᠰᠤᠷᠭᠠᠨ ᠬᠦᠮᠦᠵᠢᠯ ᠢ ᠲᠡᠮᠵᠢᠬᠦ ᠠᠵᠢᠯ ᠤᠨ ᠪᠠᠶᠢᠷᠢ ᠭᠠᠷᠭᠠᠬᠤ‌‍ᠬᠡᠷᠡᠭᠲᠠᠢ︔  ᠪᠤᠶᠢᠳᠠ  ᠬᠤᠯᠠ  ᠮᠠᠯᠵᠢᠬᠤ  ᠤᠷᠤᠨ   ᠳᠤ  ᠨᠡᠬᠦᠳᠡᠯ  ᠬᠡᠦᠭᠡᠳ ᠤᠨ  ᠴᠡᠴᠡᠷᠯᠢᠭ  ᠪᠠᠶᠢᠭᠤᠯᠬᠤ   ᠬᠡᠷᠡᠭᠲᠠᠢ︔ᠦᠨᠳᠦᠰᠦᠲᠡᠨ ᠤ ᠲᠤᠮᠳᠠᠳᠤ ᠪᠠᠭ᠎ᠠ ᠰᠤᠷᠭᠠᠭᠤᠯᠢ᠂ ᠬᠡᠦᠭᠡᠳ ᠤᠨ ᠴᠡᠴᠡᠷᠯᠢᠭ ᠲᠤ ︽ᠨᠢᠳᠤ   ᠪᠠᠨ  ᠬᠠᠮᠠᠭᠠᠯᠠᠬᠤ︾  ᠠᠵᠢᠯᠯᠠᠭ᠎ᠠ‌ᠦᠷᠨᠢᠬᠦᠯᠬᠦ ᠬᠡᠷᠡᠭᠲᠠᠢ᠃ ︵ᠠᠷᠠᠳ ᠤᠨ ᠰᠦᠯᠵᠢᠶ᠎ᠡ ᠬᠢᠭᠡᠳ ᠥᠪᠥᠷ ᠮᠣᠩᠭᠤᠯ ᠤᠨ ᠮᠣᠩᠭᠤᠯ ᠷᠠᠳᠢᠤ᠋ ᠬᠠᠮᠲᠤᠷᠠᠨ ᠮᠡᠳᠡᠭᠡᠯᠡᠪᠡ︶
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号