ᠥᠪᠤᠷ ᠮᠤᠩᠭᠤᠯ ᠤᠨ ᠲᠥᠯᠥᠭᠡᠯᠡᠭᠴᠢ ᠭᠡᠰᠢᠭᠦᠳ᠄ ᠮᠠᠯᠴᠢᠨ ᠲᠠᠷᠢᠶᠠᠴᠢᠳ ᠤᠨ ᠤᠷᠤᠯᠭ᠎ᠠ ᠪᠠᠨ ᠨᠡᠮᠡᠭᠳᠡᠭᠦᠯᠬᠦ ᠠᠷᠭ᠎ᠠ ᠵᠠᠮ ᠢ ᠲᠠᠰᠣᠷᠠᠯᠳᠠ ᠦᠭᠡᠢ ᠥᠷᠭᠡᠳᠭᠡᠨ ᠰᠢᠯᠤᠭᠤᠳᠬᠠᠬᠤ ᠭᠡᠷᠡᠭᠳᠡᠢ
ᠨᠡᠶᠢᠲᠡᠯᠡᠭᠰᠡᠨ ᠴᠠᠭ᠄
2018-03-16
ᠰᠢᠨᠬᠤᠸᠠ ᠬᠤᠷᠢᠶᠠᠨ ᠤ ᠮᠡᠳᠡᠭᠡ᠄      ᠪᠥᠬᠦ ᠣᠯᠣᠰ ᠤᠨ ᠬᠤᠶᠠᠷ ᠬᠤᠷᠠᠯ ᠳᠤ ᠤᠷᠤᠯᠴᠠᠵᠦ ᠪᠠᠶᠢᠭ᠎ᠠ ᠲᠥᠯᠥᠭᠡᠯᠡᠭᠴᠢᠳ ᠭᠡᠰᠢᠭᠦᠳ ᠰᠠᠨᠠᠭᠤᠯᠬᠤ ᠳᠠᠭᠠᠨ᠂ ︽ᠲᠤᠯᠤᠭᠠᠶᠢᠯᠠᠬᠴᠢ ᠠᠵᠦ ᠠᠬᠤᠶᠢᠯᠠᠯ ᠢ ᠲᠡᠮᠵᠢᠵᠦ ᠬᠥᠴᠥᠷᠭᠡᠭ ᠪᠤᠵᠠᠭᠠᠢ ᠪᠤᠯᠭᠠᠬᠤ ᠪᠤᠯ ᠮᠠᠯᠴᠢᠨ ᠲᠠᠷᠢᠶᠠᠴᠢᠳ ᠤᠨ ᠤᠷᠤᠯᠭ᠎ᠠ ᠶᠢ ᠨᠡᠮᠡᠭᠳᠡᠭᠦᠯᠬᠦ ᠪᠥᠳᠥᠮᠵᠢᠳᠡᠢ ᠠᠷᠭ᠎ᠠ ᠵᠠᠮ ᠪᠤᠯᠤᠨ᠎ᠠ᠃ ᠬᠥᠳᠡᠭᠡ ᠠᠵᠦ ᠠᠬᠤᠶᠢᠯᠠᠯ ᠤᠨ ᠳᠠᠭᠠᠳᠬᠠᠯ ᠢ ᠪᠥᠷᠢᠨᠰᠢᠬᠦᠯᠵᠦ ᠮᠠᠯᠴᠢᠨ ᠲᠠᠷᠢᠶᠠᠴᠢᠳ ᠤᠨ ᠤᠷᠤᠯᠭ᠎ᠠ ᠶᠢ ᠲᠤᠬᠳᠠᠪᠥᠷᠢᠳᠡᠢ ᠨᠡᠮᠡᠭᠳᠡᠭᠦᠯᠬᠦ ᠳᠤ ᠪᠠᠳᠣᠯᠠᠭ᠎ᠠ ᠬᠠᠩᠭᠠᠵᠦ᠂ ᠮᠠᠯᠴᠢᠨ ᠲᠠᠷᠢᠶᠠᠴᠢᠳ ᠤᠨ ᠤᠷᠤᠯᠭ᠎ᠠ ᠪᠠᠨ ᠨᠡᠮᠡᠭᠳᠡᠭᠦᠯᠵᠦ ᠪᠠᠶᠠᠵᠢᠨ ᠴᠢᠨᠡᠭᠡᠯᠢᠭᠵᠢᠬᠦ ᠠᠷᠭ᠎ᠠ ᠵᠠᠮ ᠢ ᠲᠠᠰᠣᠷᠠᠯᠳᠠ ᠦᠭᠡᠢ ᠥᠷᠭᠡᠳᠭᠡᠨ ᠰᠢᠯᠤᠭᠤᠳᠬᠠᠬᠤ ᠭᠡᠷᠡᠭᠳᠡᠢ︾ ᠭᠡᠵᠡᠢ᠃ ᠪᠥᠬᠦ ᠣᠯᠣᠰ ᠤᠨ ᠠᠷᠠᠳ ᠤᠨ ᠲᠥᠯᠥᠭᠡᠯᠡᠭᠴᠢ᠂ ᠥᠪᠤᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠪᠠᠶᠠᠨᠨᠠᠭᠤᠷ ᠬᠤᠳᠠ ᠶᠢᠨ ᠵᠥᠩ ᠨᠠᠨ ᠴᠢᠥᠢ ᠲᠤᠰᠬᠤᠨ ᠤ ᠨᠠᠮ ᠤᠨ ᠡᠭᠦᠷ ᠤᠨ ᠱᠥᠵᠢ ᠵᠠᠩ ᠵᠢᠢ ᠰᠢᠨ ᠥᠵᠡᠬᠦ ᠳᠡᠭᠡᠨ᠂ ᠲᠤᠯᠤᠭᠠᠶᠢᠯᠠᠬᠴᠢ ᠠᠵᠦ ᠠᠬᠤᠶᠢᠯᠠᠯ ᠢ ᠲᠡᠮᠵᠢᠬᠦ ᠪᠠᠷ ᠲᠠᠮᠵᠢᠭᠤᠯᠤᠨ ᠮᠠᠯᠴᠢᠨ ᠲᠠᠷᠢᠶᠠᠴᠢᠳ ᠤᠨ ᠠᠰᠢᠭ ᠲᠤᠰᠠ ᠲᠠᠢ ᠬᠤᠯᠪᠤᠨ ᠤᠶᠠᠯᠳᠣᠭᠤᠯᠬᠤ ᠲᠤᠬᠳᠠᠴᠠ ᠶᠢ ᠪᠥᠷᠢᠨᠰᠢᠬᠦᠯᠬᠦ ᠪᠤᠯ ᠮᠠᠯᠴᠢᠨ ᠲᠠᠷᠢᠶᠠᠴᠢᠳ ᠢ ᠲᠠᠶᠢᠴᠢᠯᠠᠨ ᠠᠵᠢᠯ ᠤᠯᠭᠤᠵᠦ ᠠᠰᠢᠭ ᠤᠷᠤᠯᠭ᠎ᠠ ᠶᠢ ᠨᠢ ᠨᠡᠮᠡᠭᠳᠡᠭᠦᠯᠬᠦ ᠪᠥᠳᠥᠮᠵᠢᠳᠡᠢ ᠠᠷᠭ᠎ᠠ ᠬᠡᠮᠵᠢᠶ᠎ᠡ ᠪᠤᠯᠤᠨ᠎ᠠ᠃ ᠣᠳᠣ ᠲᠤᠯᠤᠭᠠᠶᠢᠯᠠᠬᠴᠢ ᠠᠵᠦ ᠠᠬᠤᠶᠢᠯᠠᠯ ᠳᠤ ᠵᠢᠭᠡᠯᠡᠯᠭᠡ ᠠᠪᠬᠤ ᠱᠠᠭᠠᠷᠳᠠᠯᠭ᠎ᠠ ᠮᠠᠰᠢ ᠶᠡᠭᠡ ᠪᠤᠯᠵᠦ ᠪᠠᠶᠢᠨ᠎ᠠ᠃ ᠭᠡᠳᠡᠯ᠎ᠠ ᠵᠢᠭᠡᠯᠡᠯᠭᠡ ᠤᠯᠬᠤ ᠳᠤ ᠬᠥᠴᠢᠷᠳᠡᠢ ᠪᠥᠭᠡᠳ ᠵᠢᠭᠡᠯᠡᠯᠭᠡ ᠶᠢᠨ ᠬᠡᠮᠵᠢᠶ᠎ᠡ ᠲᠡᠳᠡᠨ ᠤ ᠱᠠᠭᠠᠳᠠᠯᠭ᠎ᠠ ᠶᠢ ᠬᠠᠩᠭᠠᠵᠦ ᠴᠢᠳᠠᠬᠤ ᠦᠭᠡᠢ ᠪᠠᠶᠢᠨ᠎ᠠ᠃ ᠡᠨᠡ ᠨᠢ ᠨᠥᠬᠦᠭᠡ ᠲᠠᠯ᠎ᠠ ᠪᠠᠷ ᠮᠠᠯᠴᠢᠨ ᠲᠠᠷᠢᠶᠠᠴᠢᠳ ᠤᠨ ᠤᠷᠤᠯᠭ᠎ᠠ ᠪᠠᠨ ᠨᠡᠮᠡᠭᠳᠡᠭᠦᠯᠬᠦ ᠶᠢ ᠬᠠᠷᠰᠢᠯᠠᠵᠦ ᠪᠠᠶᠢᠭ᠎ᠠ ᠶᠤᠮ ᠭᠡᠵᠡᠢ᠃ ᠲᠡᠷᠡ ᠰᠠᠨᠠᠭᠤᠯᠬᠤ ᠳᠠᠭᠠᠨ᠂  ︽ᠰᠢᠯᠢᠳᠡᠭ ᠢ ᠲᠡᠮᠵᠢᠬᠦ᠂ ᠬᠥᠴᠥᠷᠭᠡᠭ ᠢ ᠲᠡᠮᠵᠢᠬᠦ᠂ ᠲᠤᠮᠤ ᠶᠢ ᠲᠡᠮᠵᠢᠬᠦ︾ ᠵᠠᠷᠴᠢᠮ ᠢᠶᠠᠷ ᠲᠥᠷᠥ ᠶᠢᠨ ᠪᠤᠳᠤᠯᠭ᠎ᠠ᠂ ᠪᠡᠯᠡ ᠮᠥᠩᠭᠦ᠂ ᠭᠠᠶᠢᠯᠢ ᠲᠠᠳᠠᠪᠥᠷᠢ᠂ ᠢᠳᠡᠭᠡᠮᠵᠢᠳᠣ ᠵᠢᠭᠡᠯᠡᠯᠭᠡ᠂ ᠭᠠᠵᠠᠷ ᠰᠢᠷᠥᠢ ᠵᠡᠷᠭᠡ ᠲᠠᠯ᠎ᠠ ᠪᠠᠷ ᠲᠠᠷᠢᠶᠠᠯᠠᠩ ᠮᠠᠯ ᠠᠵᠦ ᠠᠬᠤᠢ ᠶᠢᠨ ᠲᠤᠯᠤᠭᠠᠶᠢᠯᠠᠬᠴᠢ ᠠᠵᠦ ᠠᠬᠤᠶᠢᠯᠠᠯ ᠢ ᠨᠡᠩ ᠡᠷᠴᠢᠮᠳᠠᠢ ᠲᠡᠮᠵᠢᠪᠠᠯ ᠵᠤᠬᠢᠨ᠎ᠠ ᠭᠡᠵᠡᠢ᠃      ᠪᠥᠬᠦ ᠣᠯᠣᠰ ᠤᠨ ᠠᠷᠠᠳ ᠤᠨ ᠲᠥᠯᠥᠭᠡᠯᠡᠭᠴᠢ᠂ ᠥᠪᠤᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠣᠯᠠᠭᠠᠨᠬᠠᠳᠠ ᠬᠤᠳᠠ ᠶᠢᠨ ᠰᠢᠶᠤᠤ ᠮᠢᠶᠤᠤ ᠽᠢ ᠲᠤᠰᠬᠤᠨ ᠤ ᠨᠠᠮ ᠤᠨ ᠡᠭᠦᠷ ᠤᠨ ᠱᠥᠵᠢ ᠵᠤᠤ ᠡᠾᠥ᠋ᠢ ᠵᠢᠶᠧ ᠲᠠᠨᠢᠯᠴᠠᠭᠤᠯᠬᠤ ᠳᠠᠭᠠᠨ᠂ ᠣᠳᠣ ᠬᠥᠳᠡᠭᠡ ᠲᠤᠰᠬᠤᠨ ᠳᠤ ᠣᠨᠴᠠᠯᠢᠭ ᠲᠠᠢ ᠲᠡᠵᠢᠭᠡᠨ ᠥᠷᠡᠵᠢᠬᠦᠯᠬᠦ ᠥᠢᠯᠡᠰ ᠢ ᠭᠦᠭᠵᠢᠭᠦᠯᠥᠭᠡᠳ ᠠᠰᠢᠭ ᠤᠷᠤᠯᠭ᠎ᠠ ᠨᠢ ᠢᠯᠡᠷᠬᠡᠢ ᠨᠡᠮᠡᠭᠳᠡᠵᠦ ᠪᠠᠶᠢᠨ᠎ᠠ ᠭᠡᠵᠡᠢ᠃ ᠲᠡᠷᠡ ᠰᠠᠨᠠᠭᠤᠯᠬᠤ ᠳᠠᠭᠠᠨ᠂ ᠣᠨᠴᠠᠯᠢᠭ ᠲᠠᠢ ᠲᠡᠵᠢᠭᠡᠨ ᠥᠷᠡᠵᠢᠬᠦᠯᠬᠦ ᠥᠢᠯᠡᠰ ᠢ ᠨᠡᠩ ᠡᠷᠴᠢᠮᠳᠠᠢ ᠲᠠᠢ ᠪᠤᠶᠢᠵᠢᠭᠤᠯᠤᠨ ᠭᠦᠭᠵᠢᠬᠦᠯᠬᠦ ᠶᠢᠨ ᠬᠠᠮᠳᠣ ᠬᠤᠯᠪᠤᠬᠳᠠᠬᠤ ᠠᠵᠦ ᠥᠢᠯᠡᠰ ᠤᠨ ᠬᠡᠯᠬᠢᠶᠠᠵᠢᠯ ᠢ ᠣᠷᠳᠣᠳᠬᠠᠬᠤ ᠶᠢ ᠲᠡᠮᠵᠢᠵᠦ᠂ ᠬᠤᠷᠰᠢᠶᠠᠵᠢᠯ᠂ ᠬᠠᠮᠳᠣ ᠶᠢᠨ ᠠᠵᠦ ᠠᠬᠤᠢ ᠳᠤ ᠤᠷᠤᠭᠤᠯᠬᠤ ᠪᠡᠯᠡ ᠤᠷᠤᠭᠤᠯᠤᠯᠳᠠ ᠪᠠᠨ ᠨᠡᠮᠡᠭᠳᠡᠭᠦᠯᠪᠠᠯ ᠵᠤᠬᠢᠨ᠎ᠠ᠃ ᠣᠯᠣᠰ ᠤᠷᠤᠨ ᠠᠴᠠ ᠲᠡᠳᠭᠦᠨ ᠲᠡᠮᠵᠢᠪᠡᠯ ᠮᠠᠯᠴᠢᠨ ᠲᠠᠷᠢᠶᠠᠴᠢᠳ ᠤᠨ ᠤᠷᠤᠯᠭ᠎ᠠ ᠶᠢ ᠨᠡᠮᠡᠭᠳᠡᠭᠦᠯᠬᠦ ᠳᠤ ᠨᠡᠩ ᠠᠮᠠᠷᠬᠠᠨ ᠪᠤᠯᠤᠨ᠎ᠠ ᠭᠡᠵᠡᠢ᠃       ᠪᠦᠬᠦ  ᠤᠯᠤᠰ  ᠤᠨ  ᠠᠷᠠᠳ ᠤᠨ  ᠲᠥᠯᠥᠭᠡᠯᠡᠭᠴᠢ᠂  ᠥᠪᠥᠷ ᠮᠣᠩᠭᠤᠯ  ᠤᠨ ᠰᠢᠯᠢ ᠶᠢᠨ  ᠭᠤᠣᠯ  ᠠᠶᠢᠮᠠᠭ  ᠤᠨ  ᠳᠣᠯᠣᠨ  ᠨᠠᠭᠤᠷ  ᠰᠢᠶᠠᠨ  ᠤ  ᠲᠢᠶᠧ  ᠭᠦᠩ   ᠫᠣᠣᠽᠢ  ᠲᠣᠰᠬᠤᠨ  ᠤ  ᠨᠠᠮ ᠤᠨ  ᠡᠭᠦᠷ  ᠤᠨ  ᠱᠦᠵᠢ  ᠯᠢ  ᠭᠦᠸᠧ  ᠴᠢᠨ  ᠰᠠᠨᠠᠭᠤᠯᠭ᠎ᠠ  ᠳᠡᠪᠰᠢᠭᠦᠯᠵᠦ   ᠬᠡᠯᠡᠬᠦ  ᠳᠡᠭᠡᠨ᠂   ᠬᠥᠳᠡᠭᠡ  ᠠᠵᠤ ᠠᠬᠤᠢ  ᠶᠢᠨ ᠳᠠᠭᠠᠳᠬᠠᠯ  ᠤᠨ  ᠳᠦᠷᠢᠮ  ᠲᠣᠭᠲᠠᠴᠠ  ᠶᠢ  ᠲᠡᠭᠦᠯᠳᠡᠷᠵᠢᠭᠦᠯᠦᠨ  ᠂  ᠭᠠᠢ  ᠭᠠᠮᠰᠢᠭ  ᠲᠤ  ᠥᠷᠲᠥᠵᠦ  ᠬᠤᠬᠢᠷᠠᠯ  ᠠᠮᠰᠠᠭᠰᠠᠨ  ᠬᠡᠮᠵᠢᠶ᠎ᠡ  ᠶᠢ   ᠨᠢ  ᠦᠵᠡᠵᠦ  ᠲᠥᠯᠥᠪᠦᠷᠢ  ᠥᠭᠴᠦ  ᠂  ᠲᠥᠯᠥᠪᠦᠷᠢ  ᠥᠭᠬᠦ  ᠡᠷᠴᠢᠮ  ᠢᠶᠠᠨ   ᠴᠢᠩᠭᠠᠳᠬᠠᠪᠠᠯ  ᠵᠣᠬᠢᠨ᠎ᠠ᠃  ᠡᠭᠦᠨ  ᠤ  ᠬᠠᠮᠲᠤ  ᠂   ᠳᠠᠭᠠᠳᠬᠠᠯ  ᠤᠨ  ᠲᠥᠷᠥᠯ  ᠵᠦᠢᠯ  ᠢ  ᠨᠡᠮᠡᠭᠳᠡᠭᠦᠯᠵᠦ  ᠂  ᠵᠠᠷᠢᠮ  ᠣᠨᠴᠠᠯᠢᠭ ᠲᠠᠢ ᠠᠵᠤ ᠠᠬᠤᠢ  ᠶᠢᠨ  ᠲᠠᠷᠢᠮᠠᠯ  ᠢ ᠮᠥᠨ  ᠳᠠᠭᠠᠳᠬᠠᠯ ᠳᠤ   ᠣᠷᠣᠭᠤᠯᠪᠠᠯ  ᠲᠠᠭᠠᠷᠠᠨ᠎ᠠ᠃   ᠢᠩᠭᠢᠪᠡᠯ  ᠂  ᠮᠠᠯᠴᠢᠨ  ᠲᠠᠷᠢᠶᠠᠴᠢᠳ ᠤᠨ  ᠬᠥᠳᠡᠭᠡ  ᠠᠵᠤ ᠠᠬᠤᠢ  ᠶᠢᠨ  ᠳᠠᠭᠠᠳᠬᠠᠯ  ᠳᠤ  ᠣᠷᠣᠬᠤ  ᠢᠳᠡᠪᠬᠢᠵᠢᠯ  ᠴᠢᠩᠭᠠᠷᠠᠵᠤ  ᠂  ᠪᠠᠶᠢᠭᠠᠯᠢ  ᠶᠢᠨ  ᠭᠠᠢ  ᠭᠠᠮᠰᠢᠭ  ᠢ  ᠡᠰᠡᠷᠭᠦᠴᠡᠬᠦ  ᠴᠢᠳᠠᠪᠤᠷᠢ  ᠴᠦ  ᠮᠥᠨ  ᠳᠡᠭᠡᠭᠰᠢᠯᠡᠵᠦ  ᠂  ᠣᠷᠣᠯᠭ᠎ᠠ   ᠨᠢ  ᠪᠠᠲᠤᠯᠠᠭ᠎ᠠ   ᠲᠠᠢ ᠪᠣᠯᠣᠨ᠎ᠠ ᠭᠡᠵᠡᠢ  ᠃      ᠥᠪᠥᠷ ᠮᠣᠩᠭᠤᠯ ᠤᠨ  ᠪᠠᠶᠠᠨᠨᠠᠭᠤᠷ  ᠬᠤᠲᠠ  ᠶᠢᠨ ᠬᠤᠲᠠ  ᠶᠢᠨ  ᠳᠠᠷᠤᠭ᠎ᠠ  ᠵᠠᠩ  ᠰᠢᠶᠣᠣ  ᠪᠢᠩ  ᠰᠠᠨᠠᠭᠤᠯᠭ᠎ᠠ  ᠳᠡᠪᠰᠢᠭᠦᠯᠵᠦ  ᠬᠡᠯᠡᠬᠦ  ᠳᠡᠭᠡᠨ᠂  ᠣᠷᠣᠨ  ᠨᠤᠲᠤᠭ ᠤᠨ  ᠵᠠᠰᠠᠭ ᠤᠨ  ᠣᠷᠳᠣᠨ  ᠬᠥᠳᠡᠭᠡ  ᠲᠣᠰᠬᠤᠨ  ᠤ  ᠵᠢᠭᠤᠯᠴᠢᠯᠠᠯ   ᠳᠠᠬᠢ  ᠪᠡᠯᠡ ᠣᠷᠤᠭᠤᠯᠤᠯᠲᠠ  ᠪᠠᠨ  ᠨᠡᠮᠡᠭᠳᠡᠭᠦᠯᠵᠦ  ᠂  ᠮᠢᠩᠭᠠᠨ  ᠭᠠᠵᠠᠷ  ᠤᠨ  ᠲᠠᠯ᠎ᠠ  ᠨᠤᠲᠤᠭ᠂  ᠲᠦᠮᠡᠨ  ᠮᠦ  ᠶᠢᠨ  ᠨᠠᠷᠠᠨ  ᠬᠤᠸᠠᠷ ᠤᠨ  ᠲᠠᠷᠢᠶ᠎ᠠ  ᠵᠡᠷᠭᠡ  ᠦᠵᠡᠮᠵᠢ  ᠶᠢ  ᠣᠯᠠᠨ  ᠳᠤ  ᠲᠠᠨᠢᠭᠤᠯᠵᠤ  ᠂   ᠲᠠᠯ᠎ᠠ  ᠲᠠᠷᠢᠶ᠎ᠠ  ᠶᠢ  ᠴᠡᠴᠡᠷᠯᠢᠭ  ᠪᠣᠯᠭᠠᠨ᠂  ᠬᠥᠳᠡᠭᠡ  ᠶᠢᠨ  ᠭᠡᠷ  ᠪᠠᠶᠢᠰᠢᠩ  ᠢ  ᠵᠣᠴᠢᠳ  ᠤᠨ  ᠪᠠᠭᠤᠳᠠᠯ  ᠪᠣᠯᠭᠠᠵᠤ᠂  ᠣᠷᠣᠨ  ᠨᠤᠲᠤᠭ  ᠤᠨ ᠭᠠᠷᠤᠯᠲᠠ  ᠶᠢ  ᠲᠠᠸᠠᠷ  ᠪᠣᠯᠭᠠᠵᠤ  ᠂   ᠬᠥᠳᠡᠭᠡ  ᠠᠵᠤ  ᠠᠬᠤᠢ  ᠶᠢᠨ  ᠬᠥᠳᠡᠯᠮᠦᠷᠢ  ᠶᠢ  ᠵᠢᠭᠤᠯᠴᠢᠯᠠᠯ  ᠤᠨ  ᠠᠭᠤᠯᠭ᠎ᠠ ᠪᠣᠯᠭᠠᠪᠠᠯ  ᠵᠣᠬᠢᠨ᠎ᠠ᠃   ᠵᠠᠰᠠᠭ ᠤᠨ  ᠣᠷᠳᠣᠨ  ᠡᠨᠡ  ᠲᠠᠯ᠎ᠠ  ᠪᠠᠷ  ᠢᠳᠡᠪᠬᠢᠲᠡᠢ  ᠠᠵᠢᠯᠯᠠᠵᠤ᠂   ᠬᠥᠳᠡᠭᠡ  ᠠᠵᠤ ᠠᠬᠤᠢ  ᠪᠣᠯᠣᠨ  ᠬᠤᠳᠠᠯᠳᠤᠭ᠎ᠠ  ᠮᠠᠶᠢᠮᠠᠢ  ᠶᠢᠨ  ᠤᠶᠠᠯᠳᠤᠬᠤ  ᠶᠢ  ᠯᠠᠪᠳᠠᠭᠤᠨ  ᠠᠬᠢᠭᠤᠯᠵᠤ  ᠂  ᠮᠠᠯᠴᠢᠨ  ᠲᠠᠷᠢᠶᠠᠴᠢᠳ  ᠤᠨ  ᠰᠠᠶᠢᠨ  ᠪᠦᠲᠦᠭᠡᠭᠳᠡᠬᠦᠨ  ᠳᠤ  ᠰᠠᠶᠢᠨ ᠦᠨ᠎ᠡ  ᠳᠤ  ᠬᠦᠷᠭᠡᠵᠦ  ᠂   ᠰᠦᠯᠵᠢᠶ᠎ᠡ  ᠪᠠᠷ  ᠳᠠᠮᠵᠢᠭᠤᠯᠤᠨ  ᠂  ᠰᠢᠯᠢᠳᠡᠭ  ᠬᠥᠳᠡᠭᠡ  ᠠᠵᠤ ᠠᠬᠤᠢ   ᠶᠢᠨ  ᠪᠦᠲᠦᠭᠡᠭᠳᠡᠬᠦᠨ  ᠢ  ᠥᠷᠭᠡᠨ  ᠬᠡᠪᠴᠢᠶᠡᠨ  ᠳᠤ    ᠪᠣᠷᠣᠯᠠᠭᠤᠯᠪᠠᠯ  ᠲᠠᠭᠠᠷᠠᠨ᠎ᠠ ᠭᠡᠵᠡᠢ᠃
 
ᠢᠷᠡᠯᠲᠡ᠄ ᠮᠣᠩᠭᠤᠯ ᠷᠠᠳᠢᠣ᠋ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号