ᠴᠠᠭᠠᠰᠣᠨ ᠬᠠᠶᠢᠴᠢᠯᠠᠮᠠᠯ ᠤᠨ ᠣᠷᠠᠯᠢᠭ ᠢᠶᠠᠷ ᠠᠮᠢᠳᠣᠷᠠᠯ ᠢᠶᠠᠨ ᠥᠭᠡᠳᠡ ᠲᠠᠲᠠᠵᠤ ᠶᠠᠪᠤᠭ᠎ᠠ‌‍ᠰᠢᠣ ᠯᠠᠨ
ᠨᠡᠶᠢᠲᠡᠯᠡᠭᠰᠡᠨ ᠴᠠᠭ᠄
2018-03-16
      ᠰᠢᠣ ᠯᠠᠨ ᠪᠤᠯ ᠬᠥᠯᠥᠨ ᠪᠣᠶᠢᠷ ᠬᠤᠲᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠠᠯᠳ᠋ᠬᠠᠮᠡᠭᠡᠯ ᠪᠠᠯᠭᠠᠰᠤᠨ ᠤ ᠪᠤᠭᠳ᠋ᠬᠠᠭᠤᠯᠠ ᠨᠠᠶᠢᠭᠡᠮ ᠲᠣᠭᠤᠷᠢᠭ ᠤᠨ ᠰᠠᠭᠤᠭᠠᠯᠢ ᠠᠷᠠᠳ ᠪᠣᠯᠣᠨ᠎ᠠ᠂ ᠮᠦᠨᠴᠥ ᠴᠠᠭᠠᠰᠣᠨ ᠬᠠᠶᠢᠴᠢᠯᠠᠮᠠᠯ ᠤᠨ ᠪᠡᠶᠡᠲᠦ ᠪᠣᠰᠣ ᠰᠣᠶᠣᠯ ᠤᠨ ᠦᠪ ᠢ ᠣᠯᠠᠮᠵᠢᠯᠠᠨ ᠵᠠᠯᠭᠠᠮᠵᠢᠯᠠᠭᠴᠢ ᠮᠦᠨ᠃ ᠲᠡᠷᠡ ᠬᠡᠳᠦᠶᠢᠪᠡᠷ ᠪᠡᠶ᠎ᠡ ᠵᠡᠮᠳᠡᠭ ᠪᠤᠯᠪᠠᠴᠥ ᠭᠠᠷ ᠨᠢ ᠮᠠᠰᠢ ᠤᠷᠠᠨ ᠪᠠᠶᠢᠵᠥ᠂ ᠨᠢᠭᠡ ᠵᠦᠰᠦᠮ ᠴᠠᠭᠠᠰᠤ ᠪᠣᠯᠣᠨ ᠬᠠᠶᠢᠴᠢ ᠪᠠᠷ ᠴᠠᠭᠠᠰᠥᠨ ᠬᠠᠶᠢᠴᠢᠯᠠᠮᠠᠯ ᠤᠨ ᠤᠷᠠᠯᠢᠭ ᠢ ᠬᠠᠮᠠᠭᠠᠯᠠᠵᠥ ᠤᠯᠠᠮᠵᠢᠯᠠᠨ᠂ ᠦᠪᠡᠷ ᠤᠨ ᠲᠤᠷ᠎ᠠ ᠪᠠᠬ᠎ᠠ ᠲᠠᠢ ᠠᠵᠢᠯ ᠦᠢᠯᠡᠰ ᠤᠨ ᠳᠤᠮᠳᠠ ᠠᠴᠠ ᠪᠠᠶᠠᠷ ᠵᠢᠷᠭᠠᠯ ᠡᠳ᠋ᠯᠡᠵᠥ ᠶᠠᠪᠥᠨ᠎ᠠ᠃      ᠰᠢᠣ ᠯᠠᠨ ᠤ ᠭᠡᠷ ᠲᠤᠨᠢ ᠤᠷᠤᠬᠤ ᠲᠠᠢ ᠵᠡᠷᠭᠡ ᠲᠡᠭᠦᠨ ᠤ ᠤᠷᠠᠯᠠᠨ ᠪᠦᠲᠦᠭᠡᠭᠰᠡᠨ ᠤᠯᠠᠨ ᠶᠠᠩᠵᠦ ᠬᠡᠯᠪᠡᠷᠢ ᠶᠢᠨ ᠴᠠᠭᠠᠰᠤᠨ ᠬᠠᠶᠢᠴᠢᠯᠠᠮᠠᠯ ᠢ ᠣᠯᠵᠤ ᠬᠠᠷᠠᠳᠠᠭ᠃ ᠰᠢᠣ ᠯᠠᠨ ᠬᠠᠷᠠᠬᠠᠨ ᠪᠠᠭ᠎ᠠ ᠠᠴᠠ ᠪᠠᠨ ᠴᠠᠭᠠᠰᠤᠨ ᠬᠠᠶᠢᠴᠢᠯᠠᠮᠠᠯ ᠤᠨ ᠤᠷᠠᠯᠢᠭ ᠲᠤ ᠮᠠᠰᠢ ᠳᠤᠷ᠎ᠠ ᠪᠠᠬ᠎ᠠ ᠲᠠᠢ ᠪᠠᠶᠢᠵᠤ᠂ 2011 ᠣᠨ ᠠᠴᠠ ᠡᠬᠢᠯᠡᠨ ᠲᠡᠷᠡ ᠰᠣᠯᠠ ᠰᠡᠯᠡᠬᠦᠣ ᠴᠠᠭ ᠢᠶᠠᠨ ᠠᠰᠢᠭᠯᠡᠵᠦ ᠦᠪᠡᠷ ᠤᠨ ᠴᠠᠭᠠᠰᠣᠨ ᠬᠠᠶᠢᠴᠢᠯᠠᠮᠠᠯ ᠤᠨ ᠠᠵᠢᠯ ᠢᠶᠠᠨ ᠡᠬᠢᠯᠡᠬᠦᠯᠦᠭᠰᠡᠨ ᠪᠠᠶᠢᠨ᠎ᠠ᠃      ᠰᠢᠣ ᠯᠠᠨ ᠤ ᠴᠠᠭᠠᠰᠣᠨ ᠬᠠᠶᠢᠴᠢᠯᠠᠮᠠᠯ ᠤᠨ ᠪᠦᠳᠦᠭᠡᠯ ᠨᠢ ᠣᠷ᠎ᠠ ᠮᠡᠷᠭᠡᠵᠢᠯ ᠢᠶᠠᠷ ᠦᠨᠳᠣᠷ᠂ ᠪᠣᠷᠣᠯᠠᠭᠤᠯᠭ᠎ᠠ ᠰᠠᠶᠢᠳᠠᠢ ᠪᠣᠯᠬᠤᠷ ᠲᠡᠭᠦᠨ ᠤ ᠠᠮᠢᠳᠣᠷᠠᠯ ᠳᠤᠨᠢ ᠠᠵᠣ ᠠᠬᠤᠢ ᠶᠢᠨ ᠲᠡᠯ᠎ᠡ ᠪᠠᠷ ᠲᠣᠰᠠ ᠲᠠᠮᠵᠢᠯᠭᠡ ᠪᠣᠯᠣᠭᠰᠠᠨ ᠢᠶᠠᠷ ᠪᠠᠷᠠᠬᠤ ᠦᠬᠡᠢ ᠴᠠᠭᠠᠰᠤᠨ ᠬᠠᠶᠢᠴᠢᠯᠠᠮᠠᠯ ᠤᠨ ᠤᠷᠠᠯᠢᠭ ᠤᠨ ᠡᠷᠳᠡᠮ ᠨᠢ ᠣᠯᠠᠨ ᠤ ᠲᠠᠭᠠᠰᠢᠶᠠᠯ ᠢ ᠣᠯᠣᠭᠰᠠᠨ ᠪᠠᠶᠢᠨ᠎ᠠ᠃ ᠥᠩᠭᠡᠷᠡᠭᠰᠡᠨ ᠳᠤ ᠳᠡᠷᠡᠪᠡᠷ ᠬᠤᠰᠢᠭᠤ ᠪᠠᠨ ᠲᠦᠯᠦᠭᠡᠯᠡᠨ ᠬᠦᠯᠦᠨ ᠪᠣᠶᠢᠷ ᠬᠤᠳᠠ ᠶᠢᠨ ᠬᠡᠪᠴᠢᠶᠠᠨ ᠤ ᠡᠮᠡᠭᠲᠡᠶᠢᠴᠦᠳ ᠤᠨ ᠭᠠᠷ ᠤᠷᠠᠯᠢᠭ ᠤᠨ ᠤᠷ᠎ᠠ ᠮᠡᠷᠭᠡᠵᠢᠯ ᠤᠨ ᠤᠷᠤᠯᠳᠤᠭᠠᠨ ᠳᠤ ᠣᠷᠣᠯᠴᠠᠭᠠᠳ ᠣᠯᠠᠨᠲᠠ ᠱᠠᠩᠨᠠᠯ ᠲᠣᠰᠴᠤ ᠪᠠᠶᠢᠯ᠎ᠠ᠃      ᠴᠠᠭᠠᠰᠤᠨ ᠬᠠᠶᠢᠴᠢᠯᠠᠮᠠᠯ ᠪᠣᠯ ᠨᠢᠭᠡ ᠵᠦᠢᠯ ᠤᠨ ᠤᠷᠠᠯᠢᠭ ᠪᠥᠭᠡᠳ ᠮᠥᠨᠴᠦ ᠨᠢᠭᠡ ᠵᠦᠢᠯ ᠤᠨ ᠰᠣᠶᠣᠯ ᠪᠣᠯᠣᠨ᠎ᠠ᠃ ᠲᠡᠷᠡ ᠦᠪᠡᠷ ᠤᠨ  ᠬᠥᠳᠡᠯᠮᠦᠷᠢ ᠪᠠᠷ ᠢᠶᠠᠨ ᠴᠠᠭᠠᠰᠤᠨ ᠬᠠᠶᠢᠴᠢᠯᠠᠮᠠᠯ ᠢ ᠤᠯᠠᠮᠵᠢᠯᠠᠨ ᠵᠠᠯᠭᠠᠮᠵᠢᠯᠠᠵᠦ᠂ ᠨᠡᠩ ᠣᠯᠠᠨ ᠬᠥᠮᠥᠨ ᠳᠤ ᠡᠨᠡᠬᠦ ᠤᠷᠠᠯᠢᠭ ᠢ ᠣᠶᠢᠯᠠᠭᠠᠭᠤᠯᠬᠤ ᠪᠠᠷ ᠴᠢᠷᠮᠠᠶᠢᠨ ᠠᠵᠢᠯᠯᠠᠨ᠎ᠠ᠃      ︵ᠬᠦᠯᠦᠨ ᠪᠤᠶᠢᠷ ᠤᠨ ᠷᠠᠳᠢᠤ᠋ ᠲᠧᠯᠸᠢᠰ ᠬᠤᠷᠢᠶᠠᠨ ᠤ ᠰᠣᠷᠪᠣᠯᠵᠢᠯᠠᠭᠴᠢ ᠠᠷᠤᠤᠬᠠᠨ᠂ ᠶᠢᠣ ᠮᠢᠩ ᠮᠧᠢ ᠾᠦᠢ ᠮᠡᠳᠡᠭᠡᠯᠡᠪᠡ︶
 
ᠢᠷᠡᠯᠲᠡ᠄ ᠮᠣᠩᠭᠤᠯ ᠷᠠᠳᠢᠣ᠋ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号