ᠬᠤᠪᠤᠭᠰᠠᠶᠢᠷᠢ ᠰᠢᠶᠠᠨ ᠮᠠᠯᠴᠢᠨ ᠲᠠᠷᠢᠶᠠᠴᠢᠳ ᠤᠨ ᠮᠠᠯ ᠰᠦᠷᠦᠭ ᠪᠠ ᠲᠠᠷᠢᠶᠠᠯᠠᠩ ᠢ ᠲᠠᠭᠠᠳᠬᠠᠯ ᠳᠤ ᠤᠷᠤᠭᠤᠯᠵᠦ᠂ ᠠᠵᠥ ᠦᠢᠯᠡᠳᠪᠤᠷᠢᠯᠡᠯ ᠢ ᠨᠢ ᠪᠠᠲᠤᠯᠠᠵᠤ ᠪᠠᠶᠢᠨ᠎ᠠ
ᠨᠡᠶᠢᠲᠡᠯᠡᠭᠰᠡᠨ ᠴᠠᠭ᠄
2018-03-16
      ᠦᠢᠷ᠎ᠡ ᠶᠢᠨ ᠵᠢᠯ ᠳᠤ᠂ ᠬᠤᠪᠤᠭᠰᠠᠶᠢᠷᠢ ᠰᠢᠶᠠᠨ ᠤ ᠮᠠᠯᠴᠢᠨ ᠲᠠᠷᠢᠶᠠᠴᠢᠳ ᠤᠨ ᠤᠳᠣᠬᠢᠴᠢᠯᠠᠭᠰᠠᠨ ᠮᠠᠯᠵᠢᠯ ᠪᠠ ᠲᠠᠷᠢᠶᠠᠯᠠᠬᠤ ᠦᠵᠡᠯᠳᠠ ᠲᠠᠨᠢᠯᠳᠠ ᠶᠢ ᠨᠢ ᠳᠡᠭᠡᠭᠰᠢᠯᠡᠬᠦᠯᠵᠦ᠂ ᠮᠠᠯᠴᠢᠨ ᠲᠠᠷᠢᠶᠠᠴᠢᠳ ᠳᠤ ᠬᠠᠪᠰᠤᠷᠤᠨ ᠮᠠᠯ ᠰᠥᠷᠥᠭ ᠪᠣᠯᠤᠨ ᠲᠠᠷᠢᠶᠠᠯᠠᠩ ᠢ ᠲᠠᠭᠠᠳᠬᠠᠯ ᠳᠤ ᠣᠷᠣᠭᠤᠯᠵᠤ᠂ ᠭᠦᠨᠳᠣ ᠬᠡᠴᠠᠬᠦᠦ ᠮᠠᠯ ᠤᠨ ᠡᠪᠡᠳᠴᠢᠨ ᠬᠢᠵᠢᠭ᠂ ᠬᠤᠷᠤᠬᠠᠢ ᠰᠢᠪᠠᠵᠢ ᠴᠡᠷᠴᠡᠬᠠᠢ ᠪᠤᠯᠤᠨ ᠪᠠᠶᠢᠭᠠᠯᠢ ᠶᠢᠨ ᠭᠠᠮᠰᠢᠭ ᠠᠴᠠ ᠪᠤᠯᠤᠭᠰᠠᠨ ᠬᠤᠬᠢᠷᠠᠯ ᠢ ᠪᠠᠭᠠᠰᠬᠠᠵᠦ᠂ ᠮᠠᠯᠴᠢᠨ ᠲᠠᠷᠢᠶᠠᠴᠢᠳ ᠤᠨ ᠠᠵᠤ ᠥᠢᠯᠠᠳᠪᠤᠷᠢᠯᠠᠯ ᠤᠨ ᠤᠷᠤᠯᠭ᠎ᠠ ᠳᠤ ᠪᠠᠲᠤᠯᠠᠭ᠎ᠠ ᠬᠠᠩᠭᠠᠵᠥ ᠪᠠᠶᠢᠨ᠎ᠠ᠃      ᠬᠤᠪᠤᠭᠰᠠᠶᠢᠷᠢ ᠰᠢᠶᠠᠨ ᠤ ᠡᠯ᠎ᠠ ᠰᠤᠮᠤ ᠪᠠᠯᠭᠠᠰᠤ ᠮᠠᠯᠵᠢᠯ ᠤᠨ ᠲᠠᠯᠠᠪᠠᠢ ᠶᠢᠨ ᠮᠠᠯᠴᠢᠳ ᠨᠢᠳᠣᠨᠤᠨ ᠵᠢᠯ ᠲᠠᠭᠠᠳᠬᠠᠯ ᠤᠨ ᠺᠤᠮᠫᠠᠨᠢ ᠲᠠᠢ ᠬᠠᠷᠢᠯᠴᠠᠨ 703. ᠲᠦᠮᠡ 28 00 ᠲᠦᠬᠦᠷᠢᠭ ᠤᠨ ᠪᠠᠯᠠ ᠮᠦᠩᠬᠦ ᠭᠠᠷᠭᠠᠵᠦ᠂ ᠲᠦᠮᠡ 7582 ᠦᠬᠡᠷ ᠢᠶᠠᠨ ᠲᠠᠭᠠᠳᠬᠠᠯ ᠳᠤ ᠪᠦᠷᠢᠳᠬᠡᠭᠦᠯᠦᠭᠰᠡᠨ ᠪᠠᠶᠢᠨ᠎ᠠ᠃ ᠨᠢᠳᠤᠨᠤᠨ ᠡᠪᠡᠳᠴᠢᠨ ᠭᠡᠵᠢᠭ  ᠠᠴᠠ ᠪᠣᠯᠵᠥ ᠮᠠᠯᠴᠢᠨ ᠲᠠᠷᠢᠶᠠᠴᠢᠳ ᠤᠨ 816 ᠦᠭᠡᠷ ᠰᠥᠢᠳᠥᠭᠰᠡᠡ ᠳᠤ ᠲᠤᠮᠳᠠᠳᠤ ᠤᠯᠤᠰ ᠤᠨ ᠡᠳ᠋ ᠭᠦᠷᠤᠩᠬᠡ  ᠶᠢᠨ ᠲᠠᠭᠠᠳᠬᠠᠯ ᠤᠨ ᠬᠤᠪᠢ ᠤᠷᠤᠭᠤᠯᠤᠭᠰᠠᠨ ᠬᠢᠵᠠᠭᠠᠷᠳᠣ ᠺᠤᠮᠫᠠᠨᠢ ᠶᠢᠨ ᠬᠤᠪᠤᠭᠰᠠᠶᠢᠷᠢ ᠰᠢᠶᠠᠨ ᠳᠠᠬᠢ ᠬᠤᠪᠢᠶᠠᠷᠢ ᠺᠤᠮᠫᠠᠨᠢ ᠠᠴᠠ 408 ᠲᠥᠮᠡᠨ ᠲᠦᠭᠦᠷᠡᠭ ᠲᠥᠯᠥᠵᠥ ᠥᠭᠴᠡᠢ᠃ ᠬᠤᠪᠤᠭᠰᠠᠶᠢᠷᠢ ᠰᠢᠶᠠᠨ ᠤ ᠲᠡᠪᠭᠡᠨ᠋ᠤᠰᠤᠨ ᠰᠤᠮᠤᠨ ᠤ ᠭᠥᠭᠡᠮᠣᠳᠤᠨ ᠲᠣᠰᠬᠤᠨ ᠤ ᠮᠠᠯᠴᠢᠨ ᠴᠢᠯᠠᠭᠤᠠᠪᠠᠳᠤ ᠶᠢᠨ ᠮᠦᠩᠭᠡᠵᠢᠷᠭᠠᠯ ᠤᠨ 7 ᠦᠬᠡᠷ  ᠨᠢ ᠠᠷᠤ ᠠᠷᠤ ᠠᠴᠠ ᠰᠦᠢᠳᠦᠭᠰᠠᠨ ᠪᠠᠶᠢᠳᠠᠯ ᠳᠤ᠂ ᠲᠤᠮᠳᠠᠳᠤ ᠤᠯᠤᠰ ᠤᠨ ᠡᠳ᠋ ᠭᠦᠷᠤᠩᠬᠡ ᠶᠢᠨ ᠲᠠᠭᠠᠳᠬᠠᠯ ᠤᠨ ᠬᠤᠪᠢ ᠤᠷᠤᠭᠤᠯᠤᠭᠰᠠᠨ ᠬᠢᠵᠠᠭᠠᠷᠳᠣ ᠺᠤᠮᠫᠠᠨᠢ ᠶᠢᠨ ᠬᠤᠪᠤᠭᠰᠠᠶᠢᠷᠢ ᠰᠢᠶᠠᠨ ᠳᠠᠬᠢ ᠬᠤᠪᠢᠶᠠᠷᠢ ᠺᠤᠮᠫᠠᠨᠢ ᠠᠴᠠ ᠦᠬᠡᠷ ᠪᠦᠷᠢ ᠶᠢᠨ 5000 ᠲᠦᠬᠦᠷᠢᠭ ᠤᠨ ᠪᠠᠷᠢᠮᠵᠢᠶ᠎ᠠ ᠪᠠᠷ 3 ᠲᠦᠮᠡ 5000 ᠲᠦᠬᠦᠷᠢᠭ ᠲᠦᠯᠤᠵᠦ᠂ ᠲᠠᠳᠠᠨ  ᠤ ᠮᠠᠯ ᠠᠵᠦ ᠠᠬᠤᠢ ᠶᠢᠨ ᠬᠤᠬᠢᠷᠠᠯ ᠢ ᠨᠢ ᠵᠤᠬᠢᠬᠤ ᠬᠡᠮᠵᠢᠶᠠᠨ ᠳᠤ ᠪᠠᠭᠠᠰᠬᠠᠭᠰᠠᠨ ᠪᠠᠶᠢᠨ᠎ᠠ᠃      ᠬᠤᠪᠤᠭᠰᠠᠶᠢᠷᠢ ᠰᠢᠶᠠᠨ ᠳᠤ ᠲᠠᠷᠢᠮᠠᠯ ᠢ ᠪᠠᠰᠠ ᠲᠠᠭᠠᠳᠬᠠᠯ ᠣᠷᠣᠭᠤᠯᠤᠭᠰᠠᠠ ᠶᠤᠮ᠃ ᠭᠡᠷᠪᠡ ᠲᠠᠷᠢᠮᠠᠯ ᠭᠥᠠᠳᠤ ᠨᠣᠴᠢᠲᠠᠢ ᠬᠤᠷᠤᠬᠠᠢ ᠰᠢᠪᠠᠵᠢ ᠴᠠᠷᠴᠠᠬᠠᠢ ᠪᠣᠯᠤᠨ ᠪᠠᠶᠢᠭᠠᠯᠢ ᠶᠢᠨ ᠭᠠᠮᠰᠢᠭ ᠠᠴᠠ ᠪᠣᠯᠵᠥ ᠬᠤᠭᠢᠷᠠᠭᠰᠠᠠ ᠪᠣᠯ ᠲᠠᠷᠢᠶ᠎ᠠ ᠨᠢ ᠮᠣ᠋ ᠪᠥᠷᠢ ᠳᠤ ᠨᠢ ᠲᠤᠮᠳᠠᠳᠤ ᠤᠯᠤᠰ ᠤᠨ ᠡᠳ᠋ ᠭᠦᠷᠤᠩᠬᠡ ᠶᠢᠨ ᠲᠠᠭᠠᠳᠬᠠᠯ ᠤᠨ ᠬᠤᠪᠢ ᠤᠷᠤᠭᠤᠯᠤᠭᠰᠠᠨ ᠬᠢᠵᠠᠭᠠᠷᠳᠣ ᠺᠤᠮᠫᠠᠨᠢ ᠶᠢᠨ ᠬᠤᠪᠤᠭᠰᠠᠶᠢᠷᠢ ᠰᠢᠶᠠᠨ ᠳᠠᠬᠢ ᠬᠤᠪᠢᠶᠠᠷᠢ ᠲᠠᠭᠠᠳᠬᠠᠯ ᠤᠨ ᠺᠣᠮᠫᠠᠨᠢ  ᠠᠴᠠ 600 ᠲᠥᠭᠦᠷᠢᠭ ᠲᠦᠯᠥᠵᠥ᠂ ᠡᠷᠳᠡᠨᠢ ᠰᠢᠰᠢ ᠳᠤ ᠮᠤ᠋ ᠪᠥᠷᠢ ᠳᠤ ᠨᠢ 600 ᠲᠥᠭᠦᠷᠡᠭ ᠲᠦᠯᠥᠵᠥ᠂ ᠨᠠᠷᠠᠨ ᠴᠡᠴᠡᠭ ᠤᠨ ᠮᠤ᠋ ᠪᠥᠷᠢ ᠳᠤ ᠨᠢ 600 ᠲᠦᠭᠦᠷᠡᠭ ᠲᠦᠯᠥᠵᠥ᠂ ᠭᠥᠪᠥᠩ ᠶᠢᠨ ᠮᠤ᠋ ᠪᠥᠷᠢ ᠳᠤ ᠨᠢ 1200 ᠲᠦᠭᠦᠷᠡᠭ ᠲᠦᠯᠥᠵᠥ ᠥᠭᠳᠡᠭ᠃ ᠭᠡᠷᠪᠡ ᠲᠠᠷᠢᠶᠠᠴᠢᠳ ᠲᠠᠷᠢᠮᠠᠯ ᠢᠶᠠᠨ ᠲᠠᠭᠠᠳᠬᠠᠯ ᠳᠤ ᠣᠷᠣᠭᠤᠯᠪᠠᠯ ᠲᠠᠷᠢᠶᠠᠴᠢᠳ  ᠤᠨ ᠲᠠᠷᠢᠶ᠎ᠠ ᠨᠢ ᠨᠢᠭᠡ ᠮᠣ᠋ ᠪᠣᠯᠤᠨ ᠨᠠᠷᠠᠨ ᠴᠡᠴᠡᠭ ᠢᠶᠠᠨ ᠨᠢᠭᠡ ᠮᠣ᠋ ᠨᠢ 30 ᠲᠦᠭᠦᠷᠡᠭ ᠢᠶᠠᠷ ᠲᠠᠭᠠᠳᠬᠠᠯ ᠳᠤ ᠣᠷᠣᠭᠤᠯᠵᠥ᠂ ᠡᠭᠦᠨ ᠤ ᠲᠣᠳᠤᠷ᠎ᠠ ᠤᠯᠤᠰ᠂ ᠦᠪᠡᠷᠳᠡᠭᠡᠨ ᠵᠠᠰᠠᠬᠤ ᠣᠷᠣᠨ᠂ ᠰᠢᠶᠠᠨ ᠤ ᠡᠳ᠋ ᠤᠨ ᠵᠠᠰᠠᠭ ᠠᠴᠠ ᠡᠮᠤᠨ᠎ᠠ ᠡᠮᠤᠨ᠎ᠠ ᠪᠠᠨ ᠵᠠᠭᠤᠨ ᠤ ᠬᠠᠷᠢᠴᠠᠯ ᠪᠠᠷ ᠲᠦᠯᠥᠵᠥ᠂ ᠲᠠᠷᠢᠶᠠᠴᠢᠳ ᠦᠪᠡᠷ ᠢᠶᠠᠨ ᠨᠢᠭᠡ ᠮᠤ᠋ ᠪᠥᠷᠢ ᠳᠤ 6 ᠲᠥᠭᠦᠷᠡᠭ ᠤᠨ ᠲᠠᠭᠠᠳᠬᠠᠯ ᠲᠦᠯᠦᠳᠡᠭ ᠪᠠᠶᠢᠨ᠎ᠠ᠃ ᠡᠷᠳᠡᠨᠢ ᠰᠢᠰᠢ ᠶᠢᠨ ᠨᠢᠭᠡ ᠮᠣ᠋ ᠪᠥᠷᠢ ᠳᠤ ᠨᠢ 42 ᠲᠥᠭᠦᠷᠡᠭ ᠲᠠᠭᠠᠳᠬᠠᠯ ᠳᠤ ᠣᠷᠣᠭᠤᠯᠵᠥ᠂ ᠲᠠᠷᠢᠶᠠᠴᠢᠳ ᠦᠪᠡᠷ ᠢᠶᠠᠨ 8.4 ᠲᠦᠭᠦᠷᠡᠭ ᠲᠥᠯᠥᠵᠥ᠂ ᠭᠥᠪᠤᠩ ᠶᠢᠨ ᠮᠤ᠋ ᠪᠥᠷᠢ ᠶᠢᠨ 84 ᠲᠥᠭᠦᠷᠢᠭ ᠢᠶᠠᠷ ᠲᠠᠭᠠᠳᠬᠠᠯ ᠳᠤ ᠣᠷᠤᠭᠤᠯᠵᠥ᠂ ᠲᠠᠷᠢᠶᠠᠴᠢᠳ ᠦᠪᠡᠷ ᠢᠶᠠᠨ 16.8 ᠲᠥᠭᠦᠷᠢᠭ ᠲᠦᠯᠦᠳᠡᠭ᠃ ᠨᠢᠳᠤᠨᠤᠨ ᠬᠤᠪᠤᠭᠰᠠᠶᠢᠷᠢ ᠰᠢᠶᠠᠨ ᠤ ᠴᠠᠭᠠᠠᠭᠥ᠋ᠯ ᠰᠤᠮᠤᠨ ᠤ ᠬᠠᠪᠳᠠᠭᠠᠢ ᠰᠢᠷ᠎ᠠ ᠲᠣᠰᠬᠤᠨ ᠤ ᠭᠦᠩ ᠵᠢᠶᠧ ᠭᠡᠳᠡᠭ ᠲᠠᠷᠢᠶᠠᠴᠢᠨ 2000 ᠮᠤ᠋ ᠭᠠᠵᠠᠷ ᠲᠤ ᠲᠠᠷᠢᠶ᠎ᠠ ᠲᠠᠷᠢᠵᠥ᠂ ᠲᠠᠭᠠᠳᠬᠠᠯ ᠳᠤ ᠣᠷᠣᠵᠥ 12000 ᠲᠦᠭᠦᠷᠡᠭ ᠲᠤᠰᠢᠶᠠᠵᠠᠢ᠃ 2017 ᠣᠨ ᠤ 8 ᠳ᠋ᠤᠭᠠᠷ ᠰᠠᠷ᠎ᠠ ᠶᠢᠨ 1 ᠤ ᠡᠳᠤᠷ ᠰᠢᠷᠤᠭᠦᠨ ᠮᠦᠠᠳᠤᠷ ᠣᠷᠣᠵᠥ᠂ ᠡᠨᠡ ᠠᠶᠢᠯ ᠤᠨ 500 ᠮᠤ᠋ ᠲᠡᠷᠢᠶ᠎ᠠ ᠨᠢ ᠰᠥᠢᠳᠥᠭᠰᠡᠡ ᠪᠠᠶᠢᠨ᠎ᠠ᠃ ᠡᠨᠡ ᠦᠶ᠎ᠠ ᠳᠤ ᠲᠤᠮᠳᠠᠳᠤ ᠤᠯᠤᠰ ᠤᠨ ᠡᠳ᠋ ᠭᠦᠷᠤᠩᠬᠡ ᠶᠢᠨ ᠲᠠᠭᠠᠳᠬᠠᠯ ᠤᠨ ᠬᠤᠪᠢ ᠤᠷᠤᠭᠤᠯᠤᠭᠰᠠᠨ ᠬᠢᠵᠠᠭᠠᠷᠳᠣ ᠺᠤᠮᠫᠠᠨᠢ ᠶᠢᠨ ᠬᠤᠪᠤᠭᠰᠠᠶᠢᠷᠢ ᠰᠢᠶᠠᠨ ᠳᠠᠬᠢ ᠬᠤᠪᠢᠶᠠᠷᠢ ᠺᠤᠮᠫᠠᠨᠢ ᠠᠴᠠ ᠨᠢᠭᠡ ᠮᠣ᠋ ᠲᠠᠷᠢᠶ᠎ᠠ ᠶᠢ ᠨᠢ 600 ᠲᠥᠭᠦᠷᠡᠭ ᠢᠶᠠᠷ ᠪᠣᠳᠤᠵᠥ᠂ 500 ᠮᠤ᠋ ᠲᠠᠷᠢᠶ᠎ᠠ ᠳᠤ  ᠨᠢ 30 ᠲᠥᠮᠡᠨ ᠲᠦᠭᠦᠷᠡᠭ ᠲᠦᠯᠥᠵᠥ ᠦᠭᠴᠥ᠂ ᠡᠨᠡ ᠠᠶᠢᠯ ᠤᠨ ᠲᠠᠷᠢᠶᠠᠯᠠᠩ ᠠᠵᠤ ᠠᠬᠤᠢ ᠶᠢᠨ ᠬᠤᠬᠢᠷᠠᠯ ᠢ  ᠨᠢ ᠵᠤᠬᠢᠬᠤ ᠬᠡᠮᠵᠢᠶᠠᠨ ᠳᠤ ᠪᠠᠭᠠᠰᠬᠠᠭᠰᠠᠠ ᠪᠠᠶᠢᠨ᠎ᠠ᠃      ᠦᠢᠷ᠎ᠡ ᠶᠢᠨ ᠵᠢᠯ᠂ ᠬᠤᠪᠤᠭᠰᠠᠶᠢᠷᠢ ᠰᠢᠶᠠᠨ ᠤ ᠭᠦᠳᠡᠭᠡ ᠮᠠᠯ ᠠᠵᠤ ᠠᠬᠤᠢ ᠶᠢ ᠬᠥᠭᠵᠢᠭᠦᠯᠬᠦ ᠲᠦᠷᠦ ᠶᠢᠨ ᠪᠤᠳᠣᠯᠭ᠎ᠠ ᠶᠢᠨ ᠤᠷᠢᠶᠠᠯᠠᠭ᠎ᠠ ᠪᠠᠷ᠂ ᠭᠥᠳᠡᠭᠡ ᠮᠠᠯᠵᠢᠬᠤ ᠣᠷᠣᠨ ᠳᠤ ᠦᠬᠡᠷ ᠮᠠᠯᠵᠢᠬᠤ ᠡᠷᠣᠬᠡ ᠠᠭᠠᠵᠢᠮ ᠢᠶᠠᠷ ᠣᠯᠠᠰᠢᠷᠠᠵᠤ᠂ ᠮᠠᠯᠴᠢᠳ ᠮᠠᠯ ᠠᠵᠦ ᠠᠬᠤᠢ ᠶᠢᠨ ᠤᠷᠤᠯᠭ᠎ᠠ ᠪᠠᠨ ᠪᠠᠳᠣᠯᠠᠬᠤ ᠪᠠᠷ ᠦᠬᠡᠷ ᠢᠶᠠᠨ ᠲᠠᠭᠠᠳᠬᠠᠯ ᠳᠤ ᠤᠷᠤᠭᠤᠯᠬᠤ ᠪᠤᠯᠤᠭᠰᠠᠨ ᠪᠠᠶᠢᠨ᠎ᠠ᠃ 2012 ᠣᠨ ᠤ 1 ᠳ᠋ᠦ᠋ᠭᠡᠷ ᠰᠠᠷ᠎ᠠ ᠠᠴᠠ ᠡᠭᠡᠯᠡᠵᠥ ᠰᠠᠭᠠᠯᠢ ᠶᠢᠨ ᠦᠭᠡᠷ ᠢ ᠲᠠᠭᠠᠳᠬᠠᠯ ᠳᠤ ᠣᠷᠣᠭᠤᠯᠪᠠᠯ ᠡᠭᠦᠨ ᠤ ᠲᠣᠳᠤᠷ᠎ᠠ ᠤᠯᠤᠰ ᠠᠴᠠ ᠦᠭᠭᠦ ᠨᠦᠭᠦᠪᠤᠷᠢ ᠨᠢ 50 %᠂ ᠦᠪᠡᠷᠳᠡᠭᠡᠨ ᠵᠠᠰᠠᠬᠤ ᠣᠷᠣᠨ ᠤ ᠨᠦᠭᠦᠪᠤᠷᠢ 30 %᠂ ᠰᠢᠶᠠᠨ ᠤ ᠡᠳ᠋ ᠶᠢᠨ ᠵᠠᠰᠠᠭ ᠤᠨ ᠨᠦᠭᠦᠪᠤᠷᠢ 10 % ᠶᠢ ᠦᠭᠴᠥ᠂ ᠦᠯᠡᠳᠡᠭᠰᠡᠡ 10 % ᠶᠢ ᠮᠡᠯᠴᠢᠨ ᠲᠠᠷᠢᠶᠠᠴᠢᠳ ᠦᠪᠡᠷ ᠢᠶᠠᠨ ︵ᠰᠥ ᠶᠢᠨ ᠦᠭᠡᠷ ᠢ 400 ᠲᠦᠭᠦᠷᠡᠭ ᠢᠶᠠᠷ ᠲᠠᠭᠠᠳᠬᠠᠯ ᠳᠤ ᠣᠷᠤᠭᠤᠯᠵᠥ᠂ ᠡᠭᠦᠨ ᠤ 40 ᠲᠥᠭᠦᠷᠡᠭ ᠢ ᠮᠠᠯᠴᠢᠳ ᠦᠪᠡᠷ ᠢᠶᠠᠨ ᠭᠠᠷᠭᠠᠳᠠᠭ ᠪᠠᠶᠢᠨ᠎ᠠ︶ ᠭᠠᠷᠭᠠᠳᠠᠭ᠃ 2013 ᠤᠨ — 2017 ᠤᠨ ᠤ ᠰᠡᠭᠦᠯᠴᠢ ᠪᠤᠯᠳᠠᠯ᠎ᠠ᠂ ᠬᠤᠪᠤᠭᠰᠠᠶᠢᠷᠢ ᠰᠢᠶᠠᠨ ᠤ ᠡᠯ᠎ᠠ ᠰᠤᠮᠤᠨ ᠪᠠᠯᠭᠠᠰᠤ ᠮᠠᠯᠵᠢᠯ ᠤᠨ ᠲᠠᠯᠠᠪᠠᠢ ᠶᠢᠨ ᠮᠠᠯᠵᠢᠬᠤ ᠲᠠᠷᠢᠶᠠᠯᠠᠬᠤ ᠡᠷᠣᠬᠡ ᠵᠢᠯ ᠪᠥᠷᠢ ᠮᠠᠯ ᠰᠥᠷᠥᠭ ᠪᠠ ᠲᠠᠷᠢᠮᠠᠯ  ᠢᠶᠠᠨ ᠲᠠᠭᠠᠳᠬᠠᠯ ᠳᠤ ᠣᠷᠣᠭᠤᠯᠤᠨ ᠠᠰᠢᠭ ᠬᠦᠷᠲᠡᠵᠦ᠂ ᠠᠵᠦ ᠦᠢᠯᠠᠳᠪᠤᠷᠢᠯᠠᠯ ᠢᠶᠠᠨ ᠪᠠᠲᠤᠯᠠᠵᠠᠢ᠃
 
ᠢᠷᠡᠯᠲᠡ᠄ ᠮᠣᠩᠭᠤᠯ ᠷᠠᠳᠢᠣ᠋ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号