ᠤᠷᠤᠨ ᠨᠤᠲᠤᠭ ᠤᠨ ᠵᠡᠮᠳᠡᠭᠴᠤᠳ ᠤᠨ ᠬᠤᠯᠪᠤᠭ᠎ᠠ ᠵᠡᠮᠳᠡᠭ ᠬᠦᠮᠦᠨ ᠤ ᠦᠨᠡᠮᠯᠡᠯ ᠢ ᠬᠡᠷᠬᠢᠨ ᠬᠢᠨᠠᠨ ᠤᠯᠭᠤᠬᠤ ᠪᠠ ᠬᠠᠮᠢᠶᠠᠷᠬᠤ ᠲᠤᠬᠠᠢ
ᠨᠡᠶᠢᠲᠡᠯᠡᠭᠰᠡᠨ ᠴᠠᠭ᠄
2018-03-15
     ᠵᠡᠮᠳᠡᠭ ᠬᠦᠮᠦᠨ ᠤ ᠦᠨᠡᠮᠯᠡᠯ ᠢ ᠬᠢᠨᠠᠨ ᠤᠯᠭᠤᠬᠤ ᠪᠠ ᠬᠠᠮᠢᠶᠠᠷᠬᠤ ᠪᠤᠯ ᠡᠯ᠎ᠡ ᠱᠠᠲᠤᠨ ᠤ ᠵᠡᠮᠳᠡᠭᠴᠤᠳ ᠤᠨ ᠬᠤᠯᠪᠤᠭ᠎ᠠ ᠶᠢᠨ ᠡᠭᠦᠷᠭᠡ ᠬᠠᠷᠢᠭᠤᠴᠠᠯᠭ᠎ᠠ ᠪᠠᠶᠢᠵᠤ᠂ ᠵᠡᠮᠳᠡᠭᠴᠤᠳ ᠤᠨ ᠬᠤᠯᠪᠤᠭ᠎ᠠ ᠶᠢᠨ ᠬᠠᠮᠢᠶᠠᠷᠤᠯᠲᠠ ᠶᠢᠨ ᠡᠭᠦᠷᠭᠡ ᠴᠢᠳᠠᠪᠤᠷᠢ ᠶᠢᠨ ᠴᠢᠬᠤᠯᠠ ᠬᠠᠷᠠᠭᠤᠯᠤᠯ ᠪᠤᠯᠬᠤ ᠪᠦᠭᠡᠳ ᠵᠡᠮᠳᠡᠭᠴᠤᠳ ᠤᠨ ᠬᠤᠯᠪᠤᠭ᠎ᠠ ᠶᠢᠨ ᠪᠠᠶᠢᠡᠭᠭᠤ ᠶᠢᠨ ᠴᠢᠨᠠᠷᠲᠠᠢ ᠠᠵᠢᠯ ᠪᠤᠯᠤᠨ᠎ᠠ᠃ ᠡᠯ᠎ᠡ ᠱᠠᠲᠤᠨ ᠤ ᠵᠡᠮᠳᠡᠭᠴᠤᠳ ᠤᠨ ᠬᠤᠯᠪᠤᠭ᠎ᠠ ᠨᠤᠭᠤᠳ ᠲᠤᠰᠬᠠᠢ ᠬᠦᠮᠦᠨ ᠵᠢᠭᠠᠨ ᠲᠤᠭᠲᠠᠭᠠᠵᠤ᠂ ᠵᠡᠮᠳᠡᠭ ᠬᠦᠮᠦᠨ ᠤᠨ ᠦᠨᠡᠮᠯᠡᠯ ᠬᠢᠨᠠᠨ ᠤᠯᠭᠤᠬᠤ ᠪᠠ ᠬᠠᠮᠢᠶᠠᠷᠬᠤ ᠠᠵᠢᠯ ᠢ ᠬᠠᠷᠢᠭᠤᠴᠠᠭᠤᠯᠬᠤ ᠬᠡᠷᠡᠭᠲᠠᠢ᠃ ︽ᠪᠦᠬᠦᠳᠡ ᠨᠠᠶᠢᠷᠠᠮᠳᠠᠬᠤ ᠳᠤᠮᠳᠠᠲᠤ ᠠᠷᠠᠳ ᠤᠯᠤᠰ ᠤᠨ ᠵᠡᠮᠳᠡᠭ ᠬᠦᠮᠦᠨ ᠤ ᠦᠨᠡᠮᠯᠡᠯ ᠤᠨ ᠬᠠᠮᠢᠶᠠᠷᠤᠯᠲᠠ ᠶᠢᠨ ᠠᠷᠭ᠎ᠠ︾ ᠨᠢ ᠵᠡᠮᠳᠡᠭ ᠬᠦᠮᠦᠨ ᠤ ᠦᠨᠡᠮᠯᠡᠯ ᠬᠢᠨᠠᠨ ᠤᠯᠭᠤᠬᠤ ᠪᠠ ᠬᠠᠮᠢᠶᠠᠷᠬᠤ ᠶᠠᠪᠤᠳᠠᠯ ᠳᠤ ᠲᠤᠲᠤᠷᠬᠠᠢ ᠲᠤᠭᠲᠠᠭᠠᠯ ᠭᠠᠷᠭᠠᠵᠠᠢ᠄      ︵1︶ ᠵᠡᠮᠳᠡᠭ ᠬᠦᠮᠦᠨ ᠤ ᠦᠨᠡᠮᠯᠡᠯ ᠢ ᠮᠤᠵᠢ ᠶᠢᠨ ᠱᠠᠲᠤᠨ ᠤ ᠵᠡᠮᠳᠡᠭᠴᠤᠳ ᠤᠨ ᠬᠤᠯᠪᠤᠭ᠎ᠠ ᠠᠴᠠ ᠨᠢᠭᠡᠳᠦᠯᠲᠠᠢ ᠳ᠋ᠤᠭᠠᠷᠯᠠᠵᠤ᠂ ᠰᠢᠶᠠᠨ ᠤ ᠱᠠᠲᠤᠨ ᠤ ᠵᠡᠮᠳᠡᠭᠴᠤᠳ ᠤᠨ ᠬᠤᠯᠪᠤᠭ᠎ᠠ ᠠᠴᠠ ᠬᠢᠨᠠᠨ ᠤᠯᠭᠤᠬᠤ ᠪᠠ ᠬᠠᠮᠢᠶᠠᠷᠬᠤ ᠶᠢ ᠬᠠᠷᠢᠭᠤᠴᠠᠨ᠎ᠠ᠃      ︵2︶ ︽ᠳᠤᠮᠳᠠᠲᠤ ᠤᠯᠤᠰ ᠤᠨ ᠵᠡᠮᠳᠡᠭ ᠬᠦᠮᠦᠨ ᠢ ᠬᠢᠨᠠᠨ ᠲᠤᠭᠲᠠᠭᠠᠬᠤ ᠳᠤ ᠬᠡᠷᠡᠭᠯᠡᠬᠦ ᠪᠠᠷᠢᠮᠵᠢᠶ᠎ᠠ︾ ᠪᠠᠷ ᠦᠨᠡᠮᠰᠢᠵᠤ ᠦᠨᠡᠮᠯᠡᠯ ᠤᠯᠭᠤᠨ᠎ᠠ᠃ ᠢᠯᠡᠷᠭᠡᠢ ᠵᠡᠮᠳᠡᠭ ᠪᠦᠭᠡᠳ ᠵᠡᠮᠳᠡᠭ ᠤᠨ ᠲᠦᠷᠦᠯ ᠢᠯᠭᠠᠯ᠂ ᠳᠡᠰ ᠢ ᠦᠨᠡᠮᠰᠢᠬᠦ ᠳᠤ ᠬᠢᠯᠪᠡᠷ ᠲᠤᠨᠢ ᠰᠢᠭᠤᠳ ᠦᠨᠡᠮᠰᠢᠭᠡᠳ ᠦᠨᠡᠮᠯᠡᠯ ᠤᠯᠭᠤᠨ᠎ᠠ︔ ᠰᠢᠶᠠᠨ ᠤ ᠱᠠᠲᠤᠨ ᠤ ᠵᠡᠮᠳᠡᠭᠴᠤᠳ ᠤᠨ ᠬᠤᠯᠪᠤᠭ᠎ᠠ ᠵᠡᠮᠳᠡᠭ ᠤᠨ ᠲᠦᠷᠦᠯ ᠢᠯᠭᠠᠯ᠂ ᠳᠡᠰ ᠢ ᠰᠢᠭᠤᠳ ᠦᠨᠡᠮᠰᠢᠬᠦ ᠳᠤ ᠪᠡᠷᠭᠡᠲᠠᠢ ᠪᠤᠯ ᠰᠢᠶᠠᠨ ᠬᠢᠭᠡᠳ ᠰᠢᠶᠠᠨ ᠤ ᠱᠠᠲᠤᠨ ᠠᠴᠠ ᠳᠡᠭᠡᠭᠰᠢᠬᠢ ᠡᠮᠨᠡᠯᠭᠡ ᠶᠢᠨ ᠬᠤᠷᠢᠶ᠎ᠠ ᠪᠤᠶᠤ ᠲᠤᠰᠬᠠᠢ ᠡᠮᠨᠡᠯᠭᠡ ᠶᠢᠨ ᠬᠤᠷᠢᠶ᠎ᠠ ᠪᠠᠷ ᠪᠠᠶᠢᠴᠠᠭᠠᠯᠭᠠᠭᠰᠠᠨ ᠤ ᠳᠠᠷᠠᠭ᠎ᠠ ᠦᠨᠡᠮᠰᠢᠭᠡᠳ ᠬᠢᠨᠠᠨ ᠤᠯᠭᠤᠨ᠎ᠠ᠃      ︵3︶ ᠵᠡᠮᠳᠡᠭ ᠤᠨ ᠲᠦᠷᠦᠯ ᠢᠯᠭᠠᠯ᠂ ᠳᠡᠰ ᠪᠤᠯᠤᠨ ᠵᠡᠮᠳᠡᠭ ᠬᠦᠮᠦᠨ ᠤ ᠦᠨᠡᠮᠯᠡᠯ ᠤᠨ ᠡᠯ᠎ᠡ ᠪᠤᠯᠤᠩ ᠤᠨ ᠪᠤᠳᠠᠲᠠᠢ ᠱᠠᠭᠠᠷᠳᠠᠯᠭ᠎ᠠ ᠶᠢ ᠴᠢᠩᠭ᠎ᠠ ᠵᠢᠷᠤᠮᠯᠠᠨ ᠵᠡᠮᠳᠡᠭ ᠬᠦᠮᠦᠨ ᠤ ᠬᠡᠷᠡᠴᠢ ᠶᠢ ᠲᠠᠭᠯᠠᠬᠤ ᠶᠢᠨ ᠬᠠᠮᠲᠤ᠂ ᠪᠦᠷᠢᠳᠭᠡᠨ ᠳᠠᠩᠰᠠᠯᠠᠵᠤ᠂ ᠳᠠᠩᠰᠠ ᠡᠪᠬᠡᠮᠡᠯ ᠪᠠᠶᠢᠭᠤᠯᠤᠨ ᠺᠠᠷᠲ ᠵᠤᠬᠢᠶᠠᠨ᠎ᠠ᠃      ︵4︶ ᠵᠡᠮᠳᠡᠭᠴᠤᠳ ᠤᠨ ᠵᠡᠮᠳᠡᠭ ᠨᠢ ᠡᠷᠡᠭᠦᠯᠵᠢᠭᠰᠡᠨ᠂ ᠨᠠᠰᠤ ᠪᠠᠷᠠᠭᠰᠠᠨ ᠪᠤᠯ ᠵᠡᠮᠳᠡᠭ ᠬᠦᠮᠦᠨ ᠤ ᠦᠨᠡᠮᠯᠡᠯ ᠢ ᠨᠢ ᠴᠠᠭ ᠲᠤᠬᠠᠢ ᠳᠤᠨᠢ ᠬᠤᠷᠢᠶᠠᠵᠤ ᠠᠪᠤᠨ᠎ᠠ︔ ᠵᠡᠮᠳᠡᠭ ᠬᠦᠮᠦᠨ ᠤ ᠦᠨᠡᠮᠯᠡᠯ ᠢᠶᠠᠨ ᠬᠡᠬᠡᠭᠰᠡᠨ ᠪᠤᠯ ᠴᠠᠭ ᠲᠤᠬᠠᠢ ᠳᠤᠨᠢ ᠬᠦᠴᠦᠨ ᠦᠭᠡᠢ ᠪᠤᠯᠭᠠᠬᠤ ᠶᠢᠨ ᠬᠠᠮᠲᠤ ᠰᠢᠨ᠎ᠡ ᠦᠨᠡᠮᠯᠡᠯ ᠨᠦᠬᠦᠵᠤ ᠬᠢᠯᠭᠡᠬᠦ ᠬᠡᠷᠡᠭᠲᠠᠢ᠃      ︵5︶ ᠵᠡᠮᠳᠡᠭ ᠬᠦᠮᠦᠨ ᠤ ᠦᠨᠡᠮᠯᠡᠯ ᠢ ᠬᠢᠨᠠᠨ ᠤᠯᠭᠤᠬᠤ ᠪᠠ ᠬᠠᠮᠢᠶᠠᠷᠬᠤ ᠠᠵᠢᠯ ᠢ ᠵᠢᠷᠤᠮᠵᠢᠭᠤᠯᠤᠨ᠂ ᠵᠡᠮᠳᠡᠭ ᠪᠤᠰᠤ ᠬᠦᠮᠦᠨ ᠳᠤ ᠦᠨᠡᠮᠯᠡᠯ ᠤᠯᠭᠤᠬᠤ ᠶᠢ ᠡᠷᠡᠰ ᠴᠠᠭᠠᠵᠠᠯᠠᠨ᠎ᠠ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号