ᠨᠢᠭᠡ᠂ ᠵᠥᠪᠰᠢᠶᠡᠷᠡᠯ ᠤᠨ ᠲᠦᠷᠦᠯ ᠵᠦᠢᠯ᠄ ᠡᠮ ᠤᠨ ᠵᠦᠢᠯ ᠤᠨ ᠵᠠᠷ ᠮᠡᠳᠡᠭᠡ ᠨᠡᠶᠢᠲᠡᠯᠡᠬᠦ ᠪᠠᠷ | ᠪᠦᠷᠢᠳᠭᠡᠯᠭᠡᠨ ᠳᠠᠩᠰᠠᠯᠠᠭᠤᠯᠬᠤ᠃ | ᠬᠤᠶᠠᠷ᠂ ᠦᠨᠳᠦᠰᠦᠯᠡᠯ᠄ | 1. ︽ᠪᠥᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠷ ᠮᠡᠳᠡᠭᠡ ᠶᠢᠨ ᠬᠠᠣᠯᠢ︾ ︵ᠪᠦᠭᠦᠳᠡ | ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠯᠡᠭᠴᠢ ᠶᠢᠨ ᠵᠠᠷᠯᠢᠭ 34 ᠳ᠋ᠦ᠋ᠭᠡᠷ ᠲᠣᠭᠠᠲᠤ︶︔ | 2. ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠮ ᠤᠨ ᠵᠦᠢᠯ ᠤᠨ ᠬᠠᠮᠢᠶᠠᠷᠤᠯᠲᠠ ᠶᠢᠨ | ᠬᠠᠣᠯᠢ︾ ︵ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠯᠡᠭᠴᠢ ᠶᠢᠨ ᠵᠠᠷᠯᠢᠭ 45 ᠳ᠋ᠤᠭᠠᠷ | ᠲᠣᠭᠠᠳᠤ︶︔ | 3. ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠮ ᠶᠢᠨ ᠵᠦᠢᠯ ᠤᠨ ᠬᠠᠮᠢᠶᠠᠷᠤᠯᠲᠠ ᠶᠢᠨ | ᠬᠠᠣᠯᠢ ᠶᠢ ᠬᠡᠷᠡᠭᠵᠢᠭᠦᠯᠬᠦ ᠳᠦᠷᠢᠮ︾ ︵ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠥᠷᠥ ᠶᠢᠨ | ᠶᠠᠪᠤᠳᠠᠯ ᠤᠨ ᠬᠤᠷᠢᠶ᠎ᠠ ᠶᠢᠨ ᠵᠠᠷᠯᠢᠭ 360 ᠳ᠋ᠤᠭᠠᠷ ᠲᠣᠭᠠᠲᠤ︶︔ | 4. ︽ᠡᠮ ᠤᠨ ᠵᠦᠢᠯ ᠤᠨ ᠵᠠᠷ ᠮᠡᠳᠡᠭᠡ ᠶᠢ ᠬᠢᠨᠠᠨ ᠪᠠᠶᠢᠴᠠᠭᠠᠬᠤ ᠠᠷᠭ᠎ᠠ︾ ︵ᠤᠯᠤᠰ ᠤᠨ ᠢᠳᠡᠭᠡᠨ ᠪᠠ | ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠵᠠᠷᠯᠢᠭ 27 ᠳ᠋ᠤᠭᠠᠷ ᠲᠣᠭᠠᠲᠤ︶︔ | 5. ︽ᠡᠮ ᠤᠨ ᠵᠦᠢᠯ ᠤᠨ ᠵᠠᠷ ᠮᠡᠳᠡᠭᠡ ᠶᠢ ᠬᠢᠨᠠᠨ ᠪᠠᠶᠢᠴᠠᠭᠠᠵᠤ ᠨᠡᠶᠢᠲᠡᠯᠡᠬᠦ ᠪᠠᠷᠢᠮᠵᠢᠶ᠎ᠠ︾ ︵ᠤᠯᠤᠰ ᠤᠨ | ᠠᠵᠤ ᠦᠢᠯᠡᠳᠪᠦᠷᠢ ᠬᠤᠳᠠᠯᠳᠤᠭ᠎ᠠ ᠶᠢᠨ ᠶᠡᠷᠦᠩᠭᠡᠢ ᠲᠣᠪᠴᠢᠶ᠎ᠠ ᠶᠢᠨ ᠵᠠᠷᠯᠢᠭ 27 ᠳ᠋ᠤᠭᠠᠷ ᠲᠣᠭᠠᠲᠤ︶᠃ | ᠭᠤᠷᠪᠠ᠂ ᠭᠤᠶᠤᠴᠢᠯᠠᠬᠤ ᠬᠡᠪᠴᠢᠶ᠎ᠡ᠄ ᠥᠪᠡᠷᠲᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠣᠷᠣᠨ ᠠᠴᠠ | ᠭᠠᠳᠠᠨᠠᠬᠢ ᠡᠮ ᠤᠨ ᠵᠦᠢᠯ ᠦᠢᠯᠡᠳᠪᠦᠷᠢᠯᠡᠬᠦ ᠠᠵᠤ ᠠᠬᠤᠶᠢᠯᠠᠯ᠂ ᠡᠮ ᠤᠨ ᠵᠦᠢᠯ ᠡᠵᠡᠩᠨᠡᠬᠦ ᠠᠵᠤ ᠠᠬᠤᠶᠢᠯᠠᠯ᠂ | ᠭᠠᠳᠠᠭᠠᠳᠤ ᠠᠴᠠ ᠣᠷᠣᠭᠤᠯᠤᠭᠰᠠᠨ ᠡᠮ ᠤᠨ ᠵᠦᠢᠯ ᠢ ᠣᠷᠣᠯᠠᠨ ᠭᠦᠢᠴᠡᠳᠬᠡᠬᠦ ᠪᠠᠶᠢᠭᠤᠯᠤᠮᠵᠢ ᠥᠪᠡᠷᠲᠡᠭᠡᠨ ᠵᠠᠰᠠᠬᠤ | ᠣᠷᠣᠨ ᠳᠤ ᠡᠮ ᠤᠨ ᠵᠠᠷ ᠮᠡᠳᠡᠭᠡ ᠨᠡᠶᠢᠲᠡᠯᠡᠬᠦ ᠪᠠᠷ ᠭᠤᠶᠤᠴᠢᠯᠠᠨ᠎ᠠ᠃ | ᠳᠥᠷᠪᠡ᠂ ᠡᠮ ᠤᠨ ᠵᠦᠢᠯ ᠤᠨ ᠵᠠᠷ ᠮᠡᠳᠡᠭᠡ ᠨᠡᠶᠢᠲᠡᠯᠡᠬᠦ ᠪᠠᠷ ᠭᠤᠶᠤᠴᠢᠯᠠᠬᠤ ᠳᠤ ᠮᠡᠳᠡᠭᠦᠯᠬᠦ ᠴᠢᠬᠤᠯᠠᠲᠠᠢ | ᠮᠠᠲ᠋ᠧᠷᠢᠶᠠᠯ᠄ ᠡᠮ ᠤᠨ ᠵᠦᠢᠯ ᠦᠢᠯᠡᠳᠪᠦᠷᠢᠯᠡᠬᠦ ᠠᠵᠤ ᠠᠬᠤᠶᠢᠯᠠᠯ᠂ ᠭᠠᠳᠠᠭᠠᠳᠤ ᠠᠴᠠ ᠣᠷᠣᠭᠤᠯᠤᠭᠰᠠᠨ ᠡᠮ ᠤᠨ | ᠵᠦᠢᠯ ᠢ ᠣᠷᠣᠯᠠᠨ ᠭᠦᠢᠴᠡᠳᠬᠡᠬᠦ ᠪᠠᠶᠢᠭᠤᠯᠤᠮᠵᠢ ᠶᠢᠨ ᠪᠠᠶᠢᠭ᠎ᠠ ᠭᠠᠵᠠᠷ ᠤᠨ ᠮᠤᠵᠢ ᠶᠢᠨ ᠱᠠᠲᠤᠨ ᠤ ᠢᠳᠡᠭᠡᠨ ᠪᠠ | ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠦᠴᠢᠷ ᠬᠢᠨᠠᠭᠠᠳ ᠵᠥᠪᠰᠢᠶᠡᠷᠡᠭᠰᠡᠨ ︽ᠡᠮ ᠤᠨ | ᠵᠦᠢᠯ ᠤᠨ ᠵᠠᠷ ᠮᠡᠳᠡᠭᠡ ᠶᠢ ᠬᠢᠨᠠᠨ ᠪᠠᠶᠢᠴᠠᠭᠠᠬᠤ ᠬᠦᠰᠦᠨᠦᠭᠲᠦ︾ ᠶᠢᠨ ᠡᠬᠡ ᠮᠠᠲ᠋ᠧᠷᠢᠶᠠᠯ ᠨᠢᠭᠡ ᠬᠤᠪᠢ ︵ | ᠪᠠᠶᠢᠴᠠᠭᠠᠨ ᠰᠢᠯᠭᠠᠭᠰᠠᠨ ᠤ ᠳᠠᠷᠠᠭ᠎ᠠ ᠲᠡᠷᠡ ᠳᠠᠷᠣᠢ ᠳᠤᠨᠢ ᠪᠤᠴᠠᠭᠠᠨ᠎ᠠ︶᠂ ᠬᠠᠭᠤᠯᠪᠤᠷᠢ ᠭᠤᠷᠪᠠᠨ ᠬᠤᠪᠢ︔ | 2. ᠵᠥᠪᠰᠢᠶᠡᠷᠡᠭᠰᠡᠨ ᠲᠠᠶᠢᠯᠪᠤᠷᠢ ᠶᠢᠨ ᠬᠠᠭᠤᠯᠪᠤᠷᠢ ᠪᠠ ᠪᠤᠳᠠᠳᠠᠢ ᠬᠡᠷᠡᠭᠯᠡᠭᠰᠡᠨ ᠱᠣᠰᠢᠭ᠎ᠠ ᠲᠡᠮᠳᠡᠭ ᠬᠢᠭᠡᠳ | ᠲᠠᠶᠢᠯᠪᠤᠷᠢ ︵ᠪᠤᠳᠠᠳᠠᠢ ᠬᠡᠷᠡᠭᠯᠡᠭᠰᠡᠨ ᠱᠣᠰᠢᠭ᠎ᠠ ᠲᠡᠮᠳᠡᠭ ᠬᠢᠭᠡᠳ ᠲᠠᠶᠢᠯᠪᠤᠷᠢ ᠶᠢ A4 ᠴᠠᠭᠠᠰᠣᠨ ᠳᠡᠭᠡᠷ᠎ᠡ | ᠳᠡᠭᠰᠢᠬᠡᠨ ᠨᠠᠭᠠᠯᠳᠤᠭᠤᠯᠤᠨ᠎ᠠ︶︔ | 3. ᠲᠧᠯᠸᠢᠰ ᠵᠠᠷ ᠮᠡᠳᠡᠭᠡ ᠪᠣᠯᠣᠨ ᠷᠠᠳᠢᠣ᠋ ᠵᠠᠷ ᠮᠡᠳᠡᠭᠡ ᠪᠣᠯ ᠬᠢᠨᠠᠨ ᠪᠠᠶᠢᠴᠠᠭᠠᠯᠭᠠᠭᠰᠠᠨ ᠠᠭᠤᠯᠭ᠎ᠠ ᠲᠠᠢ ᠪᠠᠨ | ᠨᠢᠭᠡᠳᠦᠯᠲᠡᠢ ᠵᠠᠷ ᠮᠡᠳᠡᠭᠡᠨ ᠤ ᠦᠯᠢᠭᠡᠷ ᠪᠦᠰᠡ᠂ ᠭᠡᠷᠡᠯ ᠳ᠋ᠢᠰᠺ ᠪᠤᠶᠤ ᠪᠤᠰᠤᠳ ᠵᠠᠭᠤᠴᠢ ᠠᠴᠢᠶᠠᠯᠠᠪᠤᠷᠢ ᠶᠢ | ᠲᠤᠰᠢᠶᠠᠬᠤ ᠬᠡᠷᠡᠭᠲᠡᠢ︔ | 4. ᠡᠷᠬᠡ ᠣᠯᠭᠤᠭᠰᠠᠨ ᠪᠢᠴᠢᠭ ᠬᠢᠭᠡᠳ ᠡᠷᠬᠡ ᠣᠯᠭᠤᠬᠤ ᠨᠠᠶᠢᠳᠠᠯᠭ᠎ᠠ ᠶᠢᠨ ᠪᠢᠴᠢᠭ᠄ | ︵1︶ ᠭᠤᠶᠤᠴᠢᠯᠠᠭᠰᠠᠨ ᠨᠢᠭᠡᠴᠡ ᠨᠢ ᠡᠮ ᠤᠨ ᠵᠦᠢᠯ ᠦᠢᠯᠡᠳᠪᠦᠷᠢᠯᠡᠬᠦ ᠠᠵᠤ ᠠᠬᠤᠶᠢᠯᠠᠯ ᠪᠠᠶᠢᠪᠠᠯ | ᠦᠢᠯᠡᠳᠪᠦᠷᠢᠯᠡᠬᠦ ᠠᠵᠤ ᠠᠬᠤᠶᠢᠯᠠᠯ ᠤᠨ ᠬᠠᠣᠯᠢ ᠶᠢᠨ ᠡᠷᠬᠡᠲᠡᠨ ᠠᠴᠠ ᠡᠷᠬᠢᠯᠡᠨ ᠭᠦᠢᠴᠡᠳᠬᠡᠭᠴᠢ ᠳᠤ ᠬᠢᠵᠦ | ᠥᠭᠭᠦᠭᠰᠡᠨ ︽ᠡᠷᠬᠡ ᠣᠯᠭᠤᠬᠤ ᠨᠠᠶᠢᠳᠠᠯᠭ᠎ᠠ ᠶᠢᠨ ᠪᠢᠴᠢᠭ︾ ᠤᠨ ᠤᠭ ᠵᠦᠢᠯ ᠢ 1 ᠬᠤᠪᠢ ᠬᠠᠩᠭᠠᠬᠤ ᠬᠡᠷᠡᠭᠲᠡᠢ︔ | | ︵2︶ ᠭᠤᠶᠤᠴᠢᠯᠠᠭᠰᠠᠨ ᠨᠢᠭᠡᠴᠡ ᠨᠢ ᠲᠤᠰ ᠵᠠᠷ ᠮᠡᠳᠡᠭᠡ ᠭᠤᠶᠤᠴᠢᠯᠠᠭᠰᠠᠨ ᠡᠮ ᠤᠨ ᠵᠦᠢᠯ | ᠦᠢᠯᠡᠳᠪᠦᠷᠢᠯᠡᠬᠦ ᠠᠵᠤ ᠠᠬᠤᠶᠢᠯᠠᠯ ︵ᠭᠠᠳᠠᠭᠠᠳᠤ ᠠᠴᠠ ᠣᠷᠣᠭᠤᠯᠤᠭᠰᠠᠨ ᠡᠮ ᠤᠨ ᠵᠦᠢᠯ ᠪᠠᠭᠲᠠᠨ᠎ᠠ︶ ᠪᠢᠰᠢ | ᠪᠠᠶᠢᠪᠠᠯ᠂ ᠦᠢᠯᠡᠳᠪᠦᠷᠢᠯᠡᠬᠦ ᠠᠵᠤ ᠠᠬᠤᠶᠢᠯᠠᠯ ᠠᠴᠠ ᠭᠤᠶᠤᠴᠢᠯᠠᠭᠰᠠᠨ ᠨᠢᠭᠡᠴᠡ ᠳᠤ ᠬᠢᠵᠦ ᠥᠭᠭᠦᠭᠰᠡᠨ ᠡᠷᠬᠡ | ᠣᠯᠭᠤᠬᠤ ᠪᠢᠴᠢᠭ 1 ᠬᠤᠪᠢ ᠵᠢᠴᠢ ᠭᠤᠶᠤᠴᠢᠯᠠᠯ ᠤᠨ ᠨᠢᠭᠡᠴᠡ ᠠᠵᠤ ᠠᠬᠤᠶᠢᠯᠠᠯ ᠤᠨ ᠬᠠᠣᠯᠢ ᠶᠢᠨ | ᠡᠷᠬᠡᠲᠡᠨ ᠠᠴᠠ ᠡᠷᠬᠢᠯᠡᠨ ᠭᠦᠢᠴᠡᠳᠬᠡᠭᠴᠢ ᠳᠤ ᠬᠢᠵᠦ ᠥᠭᠭᠦᠭᠰᠡᠨ ︽ᠡᠷᠬᠡ ᠣᠯᠭᠤᠬᠤ ᠨᠠᠶᠢᠳᠠᠯᠭ᠎ᠠ ᠶᠢᠨ ᠪᠢᠴᠢᠭ︾ | ᠤᠨ ᠤᠭ ᠵᠦᠢᠯ ᠢ 1 ᠬᠤᠪᠢ ᠲᠤᠰᠢᠶᠠᠬᠤ ᠬᠡᠷᠡᠭᠲᠡᠢ᠃ | ᠲᠠᠪᠤ᠂ ᠭᠦᠢᠴᠡᠳᠬᠡᠬᠦ ᠴᠠᠭ ᠤᠨ ᠬᠢᠵᠠᠭᠠᠷ᠄ ᠬᠦᠯᠢᠶᠡᠨ ᠠᠪᠤᠭᠰᠠᠨ ᠡᠳᠦᠷ ᠠᠴᠠ ᠡᠬᠢᠯᠡᠨ 5 ᠠᠵᠢᠯᠯᠠᠬᠤ | ᠡᠳᠦᠷ᠃ | ᠵᠢᠷᠭᠤᠭ᠎ᠠ᠂ ᠰᠦᠢᠳᠬᠡᠯ ᠬᠤᠷᠢᠶᠠᠬᠤ ᠪᠠᠷᠢᠮᠵᠢᠶ᠎ᠠ᠄ ᠰᠦᠢᠳᠬᠡᠯ ᠬᠤᠷᠢᠶᠠᠬᠤ ᠦᠭᠡᠢ︔ ᠭᠦᠢᠴᠡᠳᠬᠡᠬᠦ | ᠪᠠᠶᠢᠭᠤᠯᠤᠮᠵᠢ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠢᠳᠡᠭᠡᠨ ᠪᠠ ᠡᠮ ᠤᠨ ᠵᠦᠢᠯ ᠤᠨ | ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠵᠠᠬ᠎ᠠ ᠳᠡᠯᠭᠡᠭᠦᠷ ᠲᠤ ᠬᠢᠨᠠᠯᠲᠠ ᠲᠠᠯᠪᠢᠬᠤ ᠭᠠᠵᠠᠷ᠃ | ᠳᠣᠯᠤᠭ᠎ᠠ᠂ ᠬᠦᠯᠢᠶᠡᠨ ᠠᠪᠴᠤ ᠭᠦᠢᠴᠡᠳᠬᠡᠬᠦ ᠭᠠᠵᠠᠷ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠢᠳᠡᠭᠡᠨ ᠪᠠ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠶᠡᠭᠡ ᠲᠢᠩᠬᠢᠮ | ᠬᠦᠬᠡᠬᠤᠲᠠ ᠶᠢᠨ ᠰᠠᠶᠢᠬᠠᠨ ᠲᠣᠭᠤᠷᠢᠭ ᠤᠨ ᠤᠯᠠᠭᠠᠨᠴᠠᠪ ᠵᠡᠭᠦᠨ ᠵᠡᠭᠡᠯᠢ ᠶᠢᠨ 77 ᠳ᠋ᠤᠭᠠᠷ ᠨᠣᠮᠧᠷ ᠳ᠋ᠢᠶᠠᠩᠬᠤᠸᠠ᠄ | 0471- 4910470 | |