ᠬᠡᠰᠢᠬᠦᠨ ᠰᠢᠦᠢ  ᠷᠦᠢ ᠰᠢᠶᠠ᠄ ︽ᠲᠥᠷᠪᠡᠨ ᠪᠢᠰᠢ︾ ᠵᠢᠵᠢᠭ ᠬᠤᠭᠤᠯᠠᠨ ᠰᠢᠷᠡᠭᠡ ᠶᠢ  ᠳᠠᠷᠣᠶᠢᠬᠠᠨ ᠵᠢᠷᠣᠮᠵᠢᠭᠤᠯᠬᠤ ᠬᠡᠷᠡᠭᠲᠡᠢ
ᠨᠡᠶᠢᠲᠡᠯᠡᠭᠰᠡᠨ ᠴᠠᠭ᠄
2018-03-14
        ᠪᠦᠬᠦ ᠣᠯᠣᠰ ᠤᠨ ᠣᠯᠣᠰ ᠲᠥᠷᠦ ᠶᠢᠨ ᠵᠦᠪᠯᠡᠯᠭᠡᠨ ᠤ ᠬᠡᠰᠢᠭᠦᠨ᠂ ᠥᠪᠦᠷ ᠮᠣᠩᠭᠤᠯ ᠤᠨ ᠬᠦᠬᠡᠬᠤᠲᠠ  ᠶᠢᠨ  ᠳᠡᠳ᠋‌ᠬᠤᠲᠠ ᠶᠢᠨ ᠳᠠᠷᠤᠭ᠎ᠠ ᠰᠢᠦᠢ ᠷᠦᠢ ᠰᠢᠶᠠ᠂ ᠳᠣᠮᠳᠠᠳᠣ ᠪᠠᠭ᠎ᠠ ᠰᠣᠷᠭᠠᠭᠤᠯᠢ   ᠶᠢᠨ  ︽ᠵᠢᠵᠢᠭ  ᠬᠤᠭᠤᠯᠠᠨ  ᠰᠢᠷᠡᠭᠡ︾  ᠨᠢᠭᠡ‌‍ᠲ᠋ᠥ᠋ᠷᠦᠯ ᠤᠨ ᠰᠢᠨ᠎ᠡ ᠡᠵᠡᠩᠨᠡᠯᠲᠡ ᠶᠢᠨ ᠬᠡᠯᠪᠡᠷᠢ ᠪᠣᠯᠣᠭᠰᠠᠨ   ᠤ  ᠬᠤᠪᠢ   ᠳᠤ  ᠬᠡᠷ   ᠤᠨ  ᠠᠬᠠᠮᠠᠳ   ᠲᠤ  ᠶᠡᠭᠡ  ᠲᠥᠭᠦᠮ‌ᠦᠵᠡᠭᠦᠯᠦᠭᠰᠡᠨ ᠴᠦ ᠡᠵᠡᠩᠨᠡᠯᠲᠡ ᠶᠢᠨ ᠬᠡᠯᠪᠡᠷᠢ ︽ᠲᠥᠷᠪᠡᠨ ᠪᠢᠰᠢ︾ ᠠᠴᠠ ᠠᠮᠣᠷ ᠲᠥᠪᠰᠢᠨ ᠤ  ᠳᠠᠯᠳᠠ  ᠭᠡᠮ  ᠣᠷᠣᠰᠢᠵᠣ‌‍ᠪᠠᠶᠢᠨ᠎ᠠ᠂ ᠵᠢᠷᠣᠮᠵᠢᠭᠤᠯᠬᠤ ᠴᠢᠬᠤᠯᠠᠲᠠᠢ᠂ ᠨᠡᠶᠢᠭᠡᠮ ᠲᠠᠶᠠᠭᠠᠷ ᠠᠩᠬᠠᠷᠤᠯ ᠳᠠᠭᠠᠨ ᠠᠪᠤᠪᠠᠯ ᠵᠤᠬᠢᠨ᠎ᠠ ᠭᠡᠪᠡ᠃      ᠰᠣᠷᠭᠠᠨ ᠬᠥᠮᠦᠵᠢᠯ ᠤᠨ ᠶᠠᠮᠣᠨ ᠤ ᠰᠠᠶᠢᠳ ᠴᠧᠨ ᠪᠣᠣ ᠱᠧᠩ ᠣᠷᠴᠢᠮ  ᠬᠤᠶᠠᠷ  ᠬᠤᠷᠠᠯ   ᠤᠨ  ︽ᠰᠠᠶᠢᠳ  ‍ᠤᠨ‌ᠨᠡᠪᠲᠡᠷᠡᠬᠦ ᠵᠠᠮ︾ ᠳᠤ ᠬᠡᠯᠡᠬᠦ ᠳᠤ ᠪᠠᠨ᠂ ᠨᠡᠶᠢᠭᠡᠮ ᠤᠨ ᠬᠦᠴᠦᠨ ᠳᠤ ᠲᠦᠰᠢᠭᠯᠡᠵᠦ  ︽3  ᠴᠠᠭ  ᠬᠠᠭᠠᠰ   ᠲᠤ  ᠰᠣᠷᠭᠠᠭᠤᠯᠢ‌‍ᠲ᠋ᠠᠷᠬᠠᠬᠤ︾ ᠠᠰᠠᠭᠤᠳᠠᠯ ᠢ ᠬᠠᠶᠢᠨ ᠰᠦᠪᠡᠭᠴᠢᠯᠡᠬᠦ ᠪᠦᠭᠡᠳ ᠰᠣᠷᠭᠠᠭᠤᠯᠢ ᠶᠢᠨ ᠭᠠᠳᠠᠨᠠᠬᠢ  ᠨᠠᠶᠢᠲᠠᠨ  ᠬᠠᠮᠢᠶᠠᠷᠠᠭᠤᠯᠬᠤ  ᠠᠩᠭᠢ‌‍ᠶᠢᠨ ᠰᠠᠮᠠᠭᠤᠷᠠᠯ ᠢ ᠴᠡᠭᠴᠡᠯᠡᠨ᠎ᠡ ᠭᠡᠰᠡᠨ ᠪᠢᠯᠡ᠃      ᠴᠥᠬᠡᠨ ᠪᠣᠰᠣ ᠭᠡᠷ ᠤᠨ ᠠᠬᠠᠮᠠᠳ ᠬᠡᠥᠬᠡᠳ ᠢᠶᠠᠨ ᠲᠣᠰᠬᠤ ᠵᠠᠪ ᠴᠢᠯᠦᠭᠡ ᠦᠭᠡᠢ  ᠣᠶᠣᠨ  ᠰᠠᠨᠠᠭ᠎ᠠ  ᠬᠦᠷᠦᠯᠴᠡᠬᠦ‌ᠦᠭᠡᠢ ᠠᠴᠠ ᠡᠯ᠎ᠡ ᠲᠥᠷᠦᠯ ᠤᠨ ᠨᠠᠶᠢᠲᠠᠨ ᠬᠠᠮᠢᠶᠠᠷᠬᠤ ᠠᠩᠭᠢ᠂ ︽ᠵᠢᠵᠢᠭ ᠬᠤᠭᠤᠯᠠᠨ ᠰᠢᠷᠡᠭᠡ︾  ᠵᠡᠷᠭᠡ  ᠦᠢᠯᠡᠴᠢᠯᠡᠭᠡᠨ  ‍ᠣ‌ᠡᠵᠡᠩᠨᠡᠯᠲᠡ ᠶᠢᠨ ᠬᠡᠯᠪᠡᠷᠢ ᠳᠠᠭᠠᠯᠲᠣᠨ ᠭᠠᠷᠴᠤ ᠢᠷᠡᠭᠡᠳ᠂ ᠰᠣᠷᠣᠭᠴᠢ ᠲᠣᠰᠴᠣ ᠬᠦᠷᠭᠡᠬᠦ᠂ ᠦᠳᠡ ᠶᠢᠨ ᠬᠤᠭᠤᠯᠠ᠂  ᠦᠳᠡ‌‍ᠶᠢᠨ ᠠᠮᠠᠷᠠᠯᠲᠠ᠂ ᠰᠣᠷᠣᠯᠴᠠᠯᠭ᠎ᠠ ᠶᠢ ᠬᠠᠷᠠᠨ ᠬᠠᠷᠠᠭᠠᠯᠵᠠᠬᠤ ᠵᠡᠷᠭᠡ ᠦᠢᠯᠡᠴᠢᠯᠡᠭᠡ ᠬᠠᠨᠭ᠍ᠭᠠᠬᠤ ᠪᠤᠯᠤᠬᠰᠠᠨ ᠶᠤᠮ᠃       ᠶᠠᠭᠠᠬᠢᠭᠠᠳ ᠡᠵᠡᠩᠨᠡᠯᠲᠡ ᠶᠢᠨ ᠬᠡᠯᠪᠡᠷᠢ ᠶᠢ ︽ᠲᠥᠷᠪᠡᠨ ᠪᠢᠰᠢ︾ ᠭᠡᠵᠦ ᠪᠠᠶᠢᠬᠤ ᠪᠣᠢ︖ ᠰᠢᠦᠢ ᠷᠦᠢ ᠰᠢᠶᠠ ᠬᠡᠯᠡᠬᠦ‌‍ᠳᠥ ᠪᠠᠨ᠂ ᠰᠣᠷᠣᠭᠴᠢᠳ ᠲᠤ ᠦᠳᠡ ᠶᠢᠨ ᠠᠮᠠᠷᠠᠯᠲᠠ ᠬᠠᠩᠭᠠᠭᠰᠠᠨ ᠴᠦ ᠬᠤᠨᠣᠵᠣ ᠠᠮᠠᠷᠠᠬᠤ ᠠᠵᠢᠯ ᠲᠥᠷᠦᠯ ᠪᠢᠰᠢ᠂  ᠦᠳᠡ‌‍ᠶᠢᠨ ᠬᠤᠭᠤᠯᠠ ᠬᠠᠩᠭᠠᠭᠰᠠᠨ ᠴᠦ ᠢᠳᠡᠭᠡᠨ ᠣᠮᠳᠠᠭᠠᠨ ᠤ ᠠᠵᠢᠯ ᠲᠥᠷᠦᠯ ᠳᠤ ᠬᠠᠷᠢᠶᠠᠯᠠᠭᠳᠠᠬᠤ ᠪᠢᠰᠢ᠂  ᠰᠣᠷᠣᠭᠴᠢ  ᠲᠣᠰᠴᠣ‌‍ᠬᠦ᠋ᠷᠭᠡᠬᠦ ᠶᠢ ᠬᠠᠩᠭᠠᠭᠰᠠᠨ ᠴᠦ ᠠᠶᠠᠨᠴᠢᠳ ᠤᠨ ᠵᠦᠭᠡᠭᠡᠪᠦᠷᠢ ᠶᠢᠨ ᠠᠵᠢᠯ ᠲᠥᠷᠦᠯ ᠤᠨ  ᠠᠶᠠᠨᠴᠢᠨ   ᠤ  ᠪᠢᠯᠧᠲ   ᠤᠨ  ᠬᠡᠷ᠎ᠡ‌‍ᠪᠢᠰᠢ᠂ ᠰᠣᠷᠣᠯᠴᠠᠯᠭ᠎ᠠ ᠶᠢ ᠬᠠᠷᠠᠨ ᠬᠠᠷᠠᠭᠠᠯᠵᠠᠭᠰᠠᠨ ᠴᠦ ᠰᠣᠷᠭᠠᠨ ᠬᠥᠮᠦᠵᠢᠯ ᠤᠨ  ᠪᠣᠯᠪᠠᠰᠣᠷᠠᠯ   ᠤᠨ  ᠠᠵᠢᠯ  ᠲᠥᠷᠦᠯ  ‍ᠤᠨ‌‍ᠲ᠋ᠣᠰᠬᠠᠢ ᠮᠡᠷᠭᠡᠵᠢᠯ ᠤᠨ ᠴᠢᠨᠠᠷᠲᠠᠢ ᠵᠢᠭᠠᠨ ᠵᠢᠯᠣᠭᠤᠳᠣᠯᠭ᠎ᠠ ᠪᠢᠰᠢ᠃      ︽ᠵᠢᠵᠢᠭ ᠬᠤᠭᠤᠯᠠᠨ ᠰᠢᠷᠡᠭᠡ︾ ᠣᠯᠠᠩᠬᠢ ᠨᠢ ᠰᠣᠷᠭᠠᠭᠤᠯᠢ ᠶᠢᠨ ᠬᠠᠪᠢ ᠲᠦᠰᠦᠷ ᠤᠨ ᠰᠠᠭᠤᠭᠠᠯᠢᠴᠤᠳ  ᠤᠨ ᠠᠰᠠᠷ‌‍ᠲ᠋ᠣ ᠲᠦᠪᠯᠡᠷᠡᠵᠦ ᠪᠠᠶᠢᠲᠠᠭ᠂ ᠣᠯᠠᠨ᠂ ᠡᠷᠣᠢ ᠬᠤᠷᠣᠢ ᠦᠭᠡᠢ᠂ ᠲᠠᠷᠬᠠᠢ ᠪᠣᠲᠠᠷᠠᠬᠠᠢ ᠪᠠᠶᠢᠳᠠᠯ ᠢᠯᠡᠷᠡᠵᠦ᠂  ᠠᠵᠢᠯᠯᠠᠵᠣ  ᠪᠠᠶᠢᠭ᠎ᠠ‌‍ᠬᠥ᠋ᠮᠦᠰ ᠤᠨ ᠲᠥᠪᠰᠢᠨ ᠤ ᠵᠦᠷᠢᠶ᠎ᠡ ᠲᠡᠩᠴᠡᠭᠦᠷᠢ ᠦᠭᠡᠢ᠂ ᠡᠷᠡᠬᠦᠯ ᠬᠠᠮᠠᠭᠠᠯᠠᠯ᠂ ᠠᠶᠣᠯ   ᠢ  ᠰᠡᠷᠭᠡᠶᠢᠯᠡᠬᠦ᠂  ᠰᠢᠲᠠᠮᠠᠬᠠᠢ  ᠬᠡᠢ᠂ᠴᠠᠬᠢᠯᠭᠠᠨ ᠬᠡᠷᠡᠭᠯᠡᠬᠦ᠂ ᠦᠢᠮᠡᠭᠡᠨ ᠱᠣᠣᠭᠢᠶᠠᠨ ᠵᠡᠷᠭᠡ ᠲᠠᠯ᠎ᠠ ᠳᠤ  ᠳᠠᠯᠳᠠ  ᠭᠡᠮ  ᠰᠤᠭᠤᠭ  ᠣᠯᠠᠨ᠂  ᠬᠡᠥᠬᠡᠳ   ᠤᠨ  ᠠᠮᠣᠷ‌‍ᠲ᠋ᠦ᠋ᠪᠰᠢᠨ᠂ ᠲᠡᠵᠢᠭᠡᠯ ᠵᠡᠷᠭᠡ ᠱᠠᠭᠠᠷᠳᠠᠯᠭ᠎ᠠ ᠪᠠᠳᠣᠯᠠᠭ᠎ᠠ ᠳᠣᠳᠠᠭᠳᠠᠵᠣ ᠪᠣᠢ᠃      ᠰᠢᠦᠢ ᠷᠦᠢ ᠰᠢᠶᠠ ᠬᠡᠯᠡᠬᠦ ᠳᠡᠭᠡᠨ᠂ ᠣᠯᠣᠰ ᠠᠴᠠ ︽ᠵᠢᠵᠢᠭ ᠬᠤᠭᠤᠯᠠᠨ ᠰᠢᠷᠡᠭᠡ︾ ᠶᠢᠨ ᠲᠤᠬᠠᠢ ᠲᠣᠰᠬᠠᠢ  ᠬᠠᠣᠯᠢ‌‍ᠲ᠋ᠥ᠋ᠷᠢᠮ ᠭᠠᠷᠭᠠᠭᠰᠠᠨ ᠦᠭᠡᠢ᠂ ᠢᠳᠡᠭᠡᠨ ᠣᠮᠳᠠᠭᠠᠨ᠂ ᠬᠤᠨᠣᠵᠣ ᠰᠠᠭᠤᠬᠤ ᠵᠡᠷᠭᠡ ᠬᠤᠯᠪᠣᠭᠳᠠᠯ ᠪᠥᠬᠦᠢ ᠠᠵᠢᠯ  ᠲᠥᠷᠦᠯ  ‍ᠤᠨ‌ᠬᠠᠣᠯᠢ ᠲᠦᠷᠢᠮ ᠪᠠ ᠲᠥᠷᠢᠮ ᠳᠣᠭᠲᠠᠭᠠᠯ ᠲᠣᠰ ᠡᠵᠡᠩᠨᠡᠯᠲᠡ ᠶᠢᠨ ᠬᠡᠯᠪᠡᠷᠢ ᠳᠤ ᠲᠣᠬᠢᠷᠠᠬᠤ ᠦᠭᠡᠢ᠃ ᠡᠯ᠎ᠡ ᠰᠠᠯᠠᠭ᠎ᠠ  ᠮᠦᠴᠢᠷ‌‍ᠤᠨ ᠬᠢᠨᠠᠯᠲᠠ ᠬᠠᠮᠢᠶᠠᠷᠣᠯᠲᠠ ᠶᠢᠨ ᠠᠵᠢᠯ ᠤᠨ ᠬᠠᠷᠢᠴᠠᠭᠤᠯᠭ᠎ᠠ ᠶᠢᠨ ᠬᠤᠪᠢᠶᠠᠷᠢ ᠲᠣᠳᠣᠷᠬᠠᠢ ᠦᠭᠡᠢ᠂  ᠪᠦᠲᠦᠮᠵᠢᠲᠡᠢ  ᠬᠢᠨᠠᠯᠲᠠ‌ᠬᠠᠮᠢᠶᠠᠷᠣᠯᠲᠠ ᠶᠢᠨ ᠨᠡᠶᠢᠯᠡᠮᠡᠯ ᠬᠦᠴᠦᠨ ᠢ ᠪᠦᠷᠢᠯᠳᠦᠭᠦᠯᠦᠭᠰᠡᠨ ᠦᠭᠡᠢ᠂ ᠬᠡᠨᠡᠳᠲᠡ ᠶᠢᠨ ᠴᠢᠨᠠᠷ   ᠲᠠᠢ  ᠠᠮᠣᠷ  ᠲᠥᠪᠰᠢᠨ  ‍ᠣ‌ᠠᠲᠡᠯ ᠭᠠᠷᠬᠤ ᠳᠤ ᠲᠣᠳᠣᠷᠠᠬᠠᠢ ᠬᠠᠷᠢᠭᠤᠴᠠᠯᠭ᠎ᠠ ᠨᠡᠬᠡᠮᠵᠢᠯᠡᠬᠦ ᠪᠠᠷᠢᠮᠲᠠ ᠦᠭᠡᠢ᠃      ︽ᠬᠤᠭᠤᠯᠠᠨ ᠰᠢᠷᠡᠭᠡ ᠵᠢᠵᠢᠭ ᠴᠦ᠂ ᠲᠦᠭ ᠲᠥᠮᠡᠨ ᠠᠵᠢᠯ ᠭᠡᠷ ᠢ ᠨᠥᠯᠦᠭᠡᠯᠡᠨ᠎ᠡ᠂ ︵ᠵᠢᠵᠢᠭ ᠬᠤᠭᠤᠯᠠᠨ  ᠰᠢᠷᠡᠭᠡ︾ᠪᠣᠯ ᠨᠢᠭᠡᠨ ᠲᠦᠭ ᠲᠥᠮᠡᠨ ᠠᠶᠢᠯ ᠡᠷᠦᠭᠡ ᠶᠢᠨ ᠠᠮᠢᠳᠣᠷᠠᠯ ᠤᠨ ᠲᠣᠬᠠᠢ ᠠᠰᠠᠭᠤᠳᠠᠯ ᠮᠦᠨ︾ ᠭᠡᠯ᠎ᠡ  ᠃       ᠰᠢᠦᠢ ᠷᠦᠢ ᠰᠢᠶᠠ ᠰᠠᠨᠠᠭᠤᠯᠭ᠎ᠠ ᠳᠠᠭᠠᠨ᠂ ᠣᠯᠣᠰ‌‍ᠤᠨ ᠲᠠᠪᠬᠤᠷᠭ᠎ᠠ   ᠠᠴᠠ  ︽ᠵᠢᠵᠢᠭ  ᠬᠤᠭᠤᠯᠠᠨ  ᠰᠢᠷᠡᠭᠡ︾  ᠵᠢ‌ᠵᠢᠷᠣᠮᠵᠢᠭᠤᠯᠬᠤ ᠡᠵᠡᠩᠨᠡᠯᠲᠡ ᠶᠢᠨ ᠬᠠᠮᠢᠶᠠᠷᠣᠯᠲᠠ ᠶᠢᠨ ᠲᠥᠷᠢᠮ ᠪᠣᠶᠣ ᠵᠢᠯᠣᠭᠤᠳᠣᠮᠵᠢ   ᠶᠢᠨ  ᠰᠠᠨᠠᠯ  ᠭᠠᠷᠭᠠᠵᠣ᠂  ᠡᠵᠡᠩᠨᠡᠯᠲᠡ‌ᠬᠠᠮᠢᠶᠠᠷᠣᠯᠲᠠ   ᠶᠢᠨ  ᠠᠷᠭ᠎ᠠ  ᠪᠠ  ᠬᠠᠷᠢᠭᠤᠴᠠᠯᠭ᠎ᠠ   ᠶᠢᠨ  ᠪᠡᠶᠡᠴᠢ  ᠴᠣᠭᠴᠠ   ᠶᠢ  ᠲᠣᠳᠣᠷᠬᠠᠶᠢᠯᠠᠨ  ᠡᠯ᠎ᠡ  ᠭᠠᠵᠠᠷ   ‍ᠤᠨ‌‍ᠪᠠᠶᠢᠩᠭᠤᠴᠢᠯᠠᠭᠰᠠᠨ᠂ ᠣᠷᠲᠣ ᠬᠤᠭᠤᠴᠠᠭ᠎ᠠ ᠶᠢᠨ ᠬᠦᠴᠦᠨ ᠪᠦᠬᠦᠢ ᠬᠢᠨᠠᠨ ᠬᠠᠮᠢᠶᠠᠷᠣᠯᠲᠠ ᠶᠢᠨ ᠲᠣᠭᠲᠠᠴᠠ   ᠶᠢᠨ  ᠪᠠᠶᠢᠭᠤᠯᠣᠯ‌‍ᠪᠠᠶᠢᠭᠤᠯᠬᠤ ᠶᠢ ᠱᠠᠯᠠᠪᠲᠠᠨ ᠵᠢᠭᠠᠨ ᠵᠢᠯᠤᠭᠤᠳᠤᠪᠠᠯ ᠵᠤᠬᠢᠨ᠎ᠠ ᠭᠡᠵᠡᠢ᠃       ︽ᠨᠡᠶᠢᠭᠡᠮ ᠲᠣᠭᠤᠷᠢᠭ ᠤᠨ ︽ᠵᠢᠵᠢᠭ ᠬᠤᠭᠤᠯᠠᠨ ᠰᠢᠷᠡᠭᠡ︾ ᠶᠢᠨ ᠲᠣᠷᠰᠢᠯᠲᠠ ᠶᠢᠨ ᠴᠡᠭ ᠢ ᠥᠷᠨᠢᠬᠦᠯᠵᠦ᠂ ᠨᠡᠶᠢᠭᠡᠮ‌‍ᠲ᠋ᠣᠭᠤᠷᠢᠭ ᠤᠨ ᠰᠠᠭᠤᠭᠠᠯᠢ ᠠᠷᠠᠳ ᠤᠨ ᠵᠦᠪᠯᠡᠯ ᠪᠠᠷ ᠲᠣᠯᠣᠭᠠᠶᠢᠯᠠᠭᠤᠯᠣᠨ ︽ᠵᠢᠵᠢᠭ ᠬᠤᠭᠤᠯᠠᠨ ᠰᠢᠷᠡᠭᠡ︾  ᠶᠢ  ᠪᠠᠶᠢᠭᠤᠯᠵᠣ᠂ᠡᠵᠡᠩᠨᠡᠯᠲᠡ ᠶᠢ ᠵᠦᠪᠰᠢᠶᠡᠷᠡᠭᠰᠡᠨ ᠭᠠᠷ ᠭᠦᠢᠴᠡᠳᠭᠡᠯ ᠢ ᠲᠡᠭᠦᠯᠳᠡᠷᠵᠢᠭᠦᠯᠵᠦ᠂ ᠵᠠᠰᠠᠭ ᠤᠨ ᠣᠷᠳᠣᠨ  ᠲᠣᠰᠬᠠᠢ  ᠮᠡᠷᠭᠡᠵᠢᠯ  ‍ᠤᠨ‌ᠠᠰᠢᠭ ᠬᠤᠨᠵᠢᠪᠣᠷᠢ ᠶᠢᠨ ᠪᠣᠰᠣ ᠵᠣᠬᠢᠶᠠᠨ ᠪᠠᠶᠢᠭᠤᠯᠣᠯᠲᠠ ᠠᠴᠠ ᠦᠢᠯᠡᠴᠢᠯᠡᠭᠡ ᠬᠤᠳᠠᠯᠳᠣᠨ ᠠᠪᠬᠤ ᠠᠷᠭ᠎ᠠ ᠮᠠᠶ᠋ᠢᠭ   ᠢ  ᠠᠪᠬᠤ‌‍ᠪᠦ᠋ᠭᠡᠳ ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠢ ᠡᠯᠰᠡᠨ ᠣᠷᠢᠵᠣ ᠬᠠᠮᠢᠶᠠᠷᠠᠭᠤᠯᠵᠣ᠂ ᠨᠡᠶᠢᠭᠡᠮ  ᠲᠣᠭᠤᠷᠢᠭ   ᠤᠨ  ᠡᠬᠢ‌‍ᠪᠠᠶᠠᠯᠢᠭ ᠢ ᠬᠦᠢᠴᠡᠳ ᠠᠰᠢᠭᠯᠠᠨ᠂ ᠨᠡᠶᠢᠭᠡᠮ ᠲᠣᠭᠤᠷᠢᠭ ᠤᠨ ᠲᠤᠮᠲᠠᠳᠤ ᠳᠣᠮᠳᠠ ᠪᠠᠭ᠎ᠠ ᠰᠣᠷᠭᠠᠭᠤᠯᠢ ᠶᠢᠨ  ᠰᠤᠷᠤᠬᠴᠢᠳ  ᠲᠤ᠋‌ᠦᠶᠢᠯᠡᠴᠢᠯᠡᠭᠡ ᠬᠠᠨᠭ᠍ᠭᠠᠪᠠᠯ ᠵᠤᠬᠢᠨ᠎ᠠ ᠭᠡᠵᠡᠢ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号