ᠥᠪᠦᠷ ᠮᠣᠩᠭᠤᠯ ᠤᠨ ᠦᠨᠳᠦᠰᠦᠲᠡᠨ ᠤ ᠶᠡᠭᠡ ᠰᠣᠷᠭᠠᠭᠤᠯᠢ ᠶᠢᠨ ᠨᠠᠨᠣᠮᠧᠲᠷ ‍ᠤᠨ‌‍ᠰᠢᠨ᠎ᠡ ᠶᠢ ᠡᠭᠦᠳᠬᠦ ᠰᠣᠳᠣᠯᠭᠠᠨ ᠤ ᠬᠦᠷᠢᠶᠡᠯᠡᠩ ᠡᠷᠦᠬᠡ  ᠪᠠᠨ‌‍ᠰᠡᠬᠦᠪᠡ
ᠨᠡᠶᠢᠲᠡᠯᠡᠭᠰᠡᠨ ᠴᠠᠭ᠄
2018-03-14
     ᠲᠦᠷᠦᠭᠦᠬᠡᠨ ᠥᠪᠦᠷ ᠮᠣᠩᠭᠤᠯ ᠤᠨ ᠦᠨᠳᠦᠰᠦᠲᠡᠨ ᠤ ᠶᠡᠭᠡ ᠰᠣᠷᠭᠠᠭᠤᠯᠢ ᠶᠢᠨ ᠨᠠᠨᠣᠮᠧᠲᠷ ᠤᠨ ᠰᠢᠨ᠎ᠡ ᠶᠢ ᠡᠭᠦᠳᠬᠦ‌‍ᠰᠣᠳᠣᠯᠭᠠᠨ ᠤ ᠬᠦᠷᠢᠶᠡᠯᠡᠩ ᠥᠪᠦᠷ ᠮᠣᠩᠭᠤᠯ ᠤᠨ ᠦᠨᠳᠦᠰᠦᠲᠡᠨ ᠤ ᠶᠡᠭᠡ ᠰᠣᠷᠭᠠᠭᠤᠯᠢ ᠶᠢᠨ  ᠰᠢᠷᠠᠮᠦ᠋ᠷᠡᠨ  ᠲᠣᠭᠤᠷᠢᠭ  ᠲᠣ᠋‌ᠡᠷᠦᠬᠡ ᠰᠡᠬᠦᠪᠡ᠃                      ᠨᠠᠨᠣᠮᠧᠲᠷ ᠤᠨ ᠰᠢᠨ᠎ᠡ ᠶᠢ ᠡᠭᠦᠳᠬᠦ ᠰᠣᠳᠣᠯᠭᠠᠨ ᠤ ᠬᠦᠷᠢᠶᠡᠯᠡᠩ  ᠥᠪᠦᠷ  ᠮᠣᠩᠭᠤᠯ   ᠤᠨ  ᠥᠪᠡᠷᠲᠡᠭᠡᠨ  ᠵᠠᠰᠠᠬᠤ‌ᠣᠷᠣᠨ ᠤ ᠨᠠᠨᠣᠮᠧᠲᠷ ᠤᠨ ᠨᠡᠭᠦᠷᠡᠰᠦᠳᠦᠷᠦᠭᠴᠢ ᠤᠨ ᠮᠠᠲ᠋ᠧᠷᠢᠶᠠᠯ ᠤᠨ ᠭᠤᠣᠯ ᠪᠣᠯᠬᠤ ᠲᠣᠷᠰᠢᠯᠲᠠ ᠶᠢᠨ ᠲᠠᠰᠤᠭ ᠪᠠ ᠰᠢᠨ᠎ᠡ  ᠵᠢ‌ᠡᠭᠦᠳᠬᠦ ᠪᠦᠯᠬᠦᠮ ᠢᠶᠠᠷ ᠲᠦᠰᠢᠭ ᠪᠣᠯᠭᠠᠵᠣ᠂ ᠨᠠᠨᠣᠮᠧᠲᠷ ᠤᠨ ᠰᠢᠨᠵᠢᠯᠡᠬᠦ ᠣᠬᠠᠭᠠᠨ ᠤ  ᠢᠷᠡᠭᠡᠳᠦᠢ   ᠶᠢᠨ  ᠬᠦᠷᠢᠶ᠎ᠡ  ᠬᠡᠪᠴᠢᠶ᠎ᠡ‌ᠵᠢᠴᠢ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ  ᠨᠠᠨᠣᠮᠧᠲᠷ   ᠤᠨ  ᠠᠵᠣ  ᠦᠢᠯᠡᠰ   ᠤᠨ  ᠬᠦᠭᠵᠢᠯᠲᠡ  ᠵᠢᠨ‌‍ᠬᠡᠷᠡᠭᠴᠡᠭᠡ ᠱᠠᠭᠠᠷᠳᠠᠯᠭ᠎ᠠ ᠳᠤ ᠬᠠᠨᠳᠣᠵᠣ ᠰᠠᠭᠤᠷᠢ ᠰᠣᠳᠣᠯᠭᠠᠨ ᠪᠠ ᠬᠡᠷᠡᠭᠯᠡᠭᠡᠨ ᠤ  ᠰᠣᠳᠣᠯᠭᠠᠨ   ᠢ  ᠥᠷᠨᠢᠭᠦᠯᠦᠨ  ᠰᠢᠨᠵᠢᠯᠡᠬᠦ‌ᠣᠬᠠᠭᠠᠨ ᠤ ᠰᠢᠨ᠎ᠡ ᠶᠢ ᠡᠭᠦᠳᠬᠦ᠂ ᠦᠷ᠎ᠡ ᠪᠦᠲᠦᠭᠡᠯ ᠶᠢ ᠤᠨᠳᠤᠦᠰᠢᠭᠤᠯᠬᠤ᠂ ᠴᠢᠳᠠᠪᠣᠷᠢᠲᠠᠨ ᠢ ᠬᠥᠮᠦᠵᠢᠭᠦᠯᠬᠦ  ᠵᠡᠷᠭᠡ  ᠣᠯᠠᠨ‌‍ᠲ᠋ᠠᠯ᠎ᠠ ᠪᠠᠷ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ  ᠨᠠᠨᠣᠮᠧᠲᠷ   ᠤᠨ  ᠰᠢᠨᠵᠢᠯᠡᠭᠡ  ᠮᠡᠷᠭᠡᠵᠢᠯ   ᠤᠨ  ᠬᠦᠷᠢᠶ᠎ᠡ‌‍ᠬᠡᠪᠴᠢᠶᠡᠨ ᠤ ᠪᠦᠬᠦ ᠴᠣᠭᠴᠠ ᠶᠢᠨ ᠰᠢᠨ᠎ᠡ ᠶᠢ ᠡᠭᠦᠳᠬᠦ ᠴᠢᠳᠠᠪᠣᠷᠢ ᠶᠢ ᠲᠦᠯᠬᠢᠨ ᠠᠬᠢᠭᠤᠯᠣᠨ᠎ᠠ᠂ ᠵᠣᠷᠢᠯᠭ᠎ᠠ ᠨᠢ ᠥᠨᠳᠦᠷ ᠬᠢᠷᠢ‌‍ᠪᠦ᠋ᠲᠦᠮᠵᠢᠲᠦ ᠰᠣᠳᠣᠯᠭᠠᠨ ᠤ ᠦᠷ᠎ᠡ ᠪᠦᠲᠦᠭᠡᠯ ᠢ ᠭᠠᠷᠭᠠᠬᠤ᠂ ᠮᠡᠷᠭᠡᠵᠢᠯ ᠤᠨ ᠦᠷ᠎ᠡ ᠪᠦᠲᠦᠭᠡᠯ   ᠢ  ᠠᠵᠣ  ᠦᠢᠯᠡᠰᠵᠢᠭᠦᠯᠬᠦ᠂ᠳᠡᠭᠡᠳᠦ ᠵᠡᠷᠭᠡ ᠶᠢᠨ ᠴᠢᠳᠠᠪᠣᠷᠢᠲᠠᠨ ᠢ ᠲᠦᠪᠯᠡᠷᠡᠭᠦᠯᠦᠨ ᠴᠣᠭᠯᠠᠷᠠᠭᠤᠯᠵᠣ᠂ ᠡᠷᠳᠡᠮ ᠰᠢᠨᠵᠢᠯᠡᠭᠡᠨ ᠤ  ᠰᠣᠯᠢᠯᠴᠠᠭ᠎ᠠ  ᠪᠠ  ᠣᠯᠠᠨ‌ᠣᠯᠣᠰ ᠤᠨ ᠬᠠᠮᠳᠣᠷᠠᠯᠴᠠᠭ᠎ᠠ ᠶᠢ ᠥᠷᠨᠢᠭᠦᠯᠬᠦ ᠴᠢᠬᠤᠯᠠ ᠰᠠᠭᠤᠷᠢᠨ ᠪᠣᠯᠭᠠᠨ᠎ᠠ᠃            ︽ᠨᠠᠨᠣᠮᠧᠲᠷ ᠤᠨ ᠰᠢᠨ᠎ᠡ ᠶᠢ ᠡᠭᠦᠳᠬᠦ ᠬᠦᠷᠢᠶᠡᠯᠡᠩ ᠪᠣᠯ ᠥᠪᠦᠷ ᠮᠣᠩᠭᠤᠯ ᠤᠨ ᠥᠨᠳᠦᠰᠦᠲᠡᠨ ᠤ ᠶᠡᠭᠡ ᠰᠣᠷᠭᠠᠭᠤᠯᠢ‌‍ᠶᠢᠨ ᠰᠢᠨᠵᠢᠯᠡᠬᠦ ᠣᠬᠠᠭᠠᠨ ᠤ ᠰᠣᠳᠣᠯᠭᠠᠨ ᠤ ᠰᠢᠨ᠎ᠡ ᠶᠢ ᠡᠭᠦᠳᠬᠦ ᠰᠣᠳᠣᠯᠭᠠᠨ ᠤ  ᠦᠢᠯᠡᠳᠦᠯᠭᠡ   ᠶᠢᠨ  ︽ᠲᠣᠷᠰᠢᠯᠲᠠ  ᠵᠢᠨ‌‍ᠲ᠋ᠠᠷᠢᠶ᠎ᠠ︾ ᠪᠠ ᠰᠢᠨᠵᠢᠯᠡᠬᠦ ᠣᠬᠠᠭᠠᠨ ᠤ ᠰᠣᠳᠣᠯᠭᠠᠨ ᠤ ᠪᠠᠶᠢᠭᠤᠯᠣᠯ ᠤᠨ ᠥᠭᠡᠷᠡᠴᠢᠯᠡᠯᠲᠡ ᠶᠢᠨ ︽ᠣᠨᠴᠠᠭᠠᠢ ᠣᠷᠣᠨ︾᠂  ᠡᠩ‌‍ᠲ᠋ᠡᠷᠢᠭᠦᠨ ᠳᠤ ᠥᠨᠳᠦᠷ ᠬᠢᠷᠢ ᠪᠦᠲᠦᠮᠵᠢᠲᠦ ᠰᠣᠳᠣᠯᠭᠠᠨ ᠤ ᠦᠷ᠎ᠡ ᠪᠦᠲᠦᠭᠡᠯ ᠢ ᠭᠠᠷᠭᠠᠬᠤ᠂ ᠮᠡᠷᠭᠡᠵᠢᠯ ᠤᠨ ᠦᠷ᠎ᠡ ᠪᠦᠲᠦᠭᠡᠯ ᠢ‌ᠠᠵᠣ ᠦᠢᠯᠡᠰᠵᠢᠭᠦᠯᠬᠦ᠂ ᠳᠡᠭᠡᠳᠦ ᠵᠡᠷᠭᠡ ᠶᠢᠨ ᠴᠢᠳᠠᠪᠣᠷᠢᠲᠠᠨ ᠢ ᠲᠦᠪᠯᠡᠷᠡᠭᠦᠯᠦᠨ  ᠴᠣᠭᠯᠠᠷᠠᠭᠤᠯᠵᠣ᠂  ᠡᠷᠳᠡᠮ  ᠰᠢᠨᠵᠢᠯᠡᠭᠡᠨ  ‍ᠣ‌‍ᠰᠣᠯᠢᠯᠴᠠᠭ᠎ᠠ ᠪᠠ ᠣᠯᠠᠨ ᠣᠯᠣᠰ  ᠤᠨ ᠬᠠᠮᠳᠣᠷᠠᠯᠴᠠᠬᠤ ︽ᠰᠢᠪᠲᠣᠯᠠᠯᠲᠠ ᠶᠢᠨ ᠴᠡᠭ︾ ᠪᠣᠯᠣᠨ᠎ᠠ᠃        ᠥᠪᠦᠷ  ᠮᠣᠩᠭᠤᠯ   ᠤᠨ  ᠦᠨᠳᠦᠰᠦᠲᠡᠨ   ᠤ  ᠶᠡᠭᠡ  ᠰᠣᠷᠭᠠᠭᠤᠯᠢ   ᠶᠢᠨ  ᠵᠠᠬᠢᠷᠣᠯ  ᠴᠧᠨ  ᠶᠦᠩ  ᠱᠧᠩ  ‍ᠤᠨ‌‍ᠲ᠋ᠠᠨᠢᠯᠴᠠᠭᠤᠯᠣᠭᠰᠠᠨ ᠢᠶᠠᠷ᠂ ᠰᠣᠳᠣᠯᠭᠠᠨ ᠤ ᠬᠦᠷᠢᠶᠡᠯᠡᠩ ᠪᠠᠶᠢᠭᠤᠯᠣᠭᠳᠠᠭᠰᠠᠨ   ᠤ  ᠳᠠᠷᠠᠭ᠎ᠠ᠂  ᠰᠣᠳᠣᠯᠭᠠᠨ   ᠤ  ᠪᠥᠯᠬᠦᠮ  ᠪᠠ‌‍ᠲ᠋ᠠᠪᠴᠠᠩ ᠤᠨ ᠬᠤᠶᠠᠷ ᠵᠦᠢᠯ ᠤᠨ ᠵᠠᠭᠪᠦᠷ ᠤᠨ ᠠᠵᠢᠯᠯᠠᠭᠠᠨ ᠤ ᠳᠠᠮᠵᠢᠨ3 ᠰᠣᠳᠣᠯᠭᠠᠨ ᠤ ᠪᠦᠯᠬᠦᠮ᠂2 ᠣᠯᠠᠨ ᠨᠡᠶᠢᠲᠡ  ᠵᠢᠨ‌‍ᠲ᠋ᠠᠪᠴᠠᠩ ᠪᠠ3 ᠦᠢᠯᠡᠴᠢᠯᠡᠭᠡᠨ ᠤ ᠰᠠᠯᠠᠭ᠎ᠠ  ᠮᠦᠴᠢᠷ  ᠪᠠᠶᠢᠭᠤᠯᠣᠨ᠎ᠠ᠃  ᠰᠣᠳᠣᠯᠭᠠᠨ   ᠤ  ᠬᠦᠷᠢᠶᠡᠯᠡᠩ  ᠰᠣᠷᠭᠠᠭᠤᠯᠢ  ᠵᠢᠨ‌‍ᠰᠢᠭᠤᠳ ᠬᠠᠮᠢᠶᠠᠷᠣᠯᠲᠠ ᠳᠤ ᠬᠠᠷᠢᠶᠠᠯᠠᠭᠳᠠᠵᠣ᠂ ᠰᠣᠳᠣᠯᠭᠠᠨ   ᠤ  ᠬᠦᠷᠢᠶᠡᠯᠡᠩ   ᠤᠨ  ᠳᠠᠷᠤᠭ᠎ᠠ  ᠬᠠᠷᠢᠭᠤᠴᠠᠬᠤ  ᠳᠥᠷᠢᠮ  ᠢ‌‍ᠬᠡᠷᠡᠭᠵᠢᠭᠦᠯᠵᠦ᠂ ᠰᠣᠷᠭᠠᠭᠤᠯᠢ ᠶᠢᠨ ᠡᠭᠦᠷᠭᠡ ᠴᠢᠳᠠᠪᠣᠷᠢ ᠶᠢᠨ ᠰᠠᠯᠠᠭ᠎ᠠ ᠮᠦᠴᠢᠷ ᠲᠣᠰᠬᠠᠢ ᠬᠦᠮᠦᠨ ᠲᠣᠬᠢᠷᠠᠭᠤᠯᠵᠣ  ᠰᠣᠳᠣᠯᠭᠠᠨ‌‍ᠣ ᠬᠦᠷᠢᠶᠡᠯᠡᠩ ᠤᠨ ᠠᠵᠢᠯᠲᠠᠨ ᠤ ᠶᠠᠪᠣᠳᠠᠯ᠂ ᠡᠳ᠋ ᠤᠨ ᠶᠠᠪᠣᠳᠠᠯ᠂ ᠰᠣᠳᠣᠯᠬᠤ ᠰᠣᠷᠣᠭᠴᠢ ᠪᠠ ᠣᠯᠣᠰ   ᠤᠨ  ᠥᠮᠴᠢᠯᠡᠯ  ‍ᠤᠨ‌ᠡᠳ᠋ ᠬᠦᠷᠦᠩᠭᠡ ᠬᠤᠳᠠᠯᠳᠣᠨ ᠠᠪᠬᠤ ᠳᠤ ᠦᠢᠯᠡᠴᠢᠯᠡᠨ᠎ᠡ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号