ᠬᠥᠬᠡᠬᠤᠲᠠ ᠨᠢ 2017 ᠣᠨ ᠤ ᠳᠤᠮᠳᠠᠳᠤ ᠤᠯᠤᠰ ᠤᠨ ᠠᠷᠪᠠᠨ ᠶᠡᠭᠡ ᠵᠣᠯ ᠵᠢᠷᠭᠠᠯ ᠲᠠᠢ ᠬᠤᠲᠠ ᠳᠤ ᠵᠢᠭᠰᠠᠭᠠᠭᠳᠠᠪᠠ
ᠨᠡᠶᠢᠲᠡᠯᠡᠭᠰᠡᠨ ᠴᠠᠭ᠄
2018-03-13
        2017ᠣᠨ ᠳᠤ᠂ ᠬᠠᠮᠢᠭᠠᠬᠢ ᠬᠦᠮᠦᠰ ᠨᠢ ᠬᠠᠮᠤᠭ ᠠᠴᠠ ᠵᠢᠷᠭᠠᠯ ᠲᠠᠢ ᠪᠤᠢ︖ ᠵᠢᠷᠭᠠᠯ   ᠲᠠᠢ  ᠶᠡᠭᠡ  ᠬᠤᠲᠠ ᠵᠢ‌‍ᠪᠠᠶᠢᠴᠠᠭᠠᠭᠰᠠᠨ  ᠪᠠᠶᠢᠴᠠᠭᠠᠯᠲᠠ   ᠨᠢ  ᠡᠨᠡ  ᠠᠰᠠᠭᠤᠯᠲᠠ ᠳᠤ  ᠬᠠᠷᠢᠭᠤᠯᠲᠠ  ᠥᠭᠭᠦᠯ᠎ᠡ᠃  ᠣᠶᠢᠷ᠎ᠠ ᠶᠢᠨ  ᠡᠳᠦᠷ᠂  ᠲᠥᠪ‌‍ᠲ᠋ᠧᠯᠸᠢᠰ ᠤᠨ ᠡᠳ᠋ ᠤᠨ ᠵᠠᠰᠠᠭ ᠠᠵᠤ ᠠᠬᠤᠢ ᠶᠢᠨ ᠰᠤᠪᠠᠭ ᠠᠴᠠ ︽ᠳᠤᠮᠳᠠᠳᠤ ᠤᠯᠤᠰ ᠤᠨ ᠠᠵᠤ ᠠᠬᠤᠢ ᠶᠢᠨ  ᠠᠮᠢᠳᠤᠷᠠᠯ ‍ᠤᠨ‌‍ᠶᠡᠭᠡ ᠪᠠᠶᠢᠴᠠᠭᠠᠯᠲᠠ︾ ᠫᠷᠣᠭ᠍ᠷᠠᠮ ᠳᠤ 2017—2018 ᠣᠨ ᠤ ᠳᠤᠮᠳᠠᠳᠤ ᠤᠯᠤᠰ ᠤᠨ  ᠵᠣᠯ  ᠵᠢᠷᠭᠠᠯ ᠤᠨ  ᠰᠡᠳᠬᠢᠭᠳᠡᠯ‌ᠢ‌ᠬᠠᠮᠤᠭ ᠠᠴᠠ ᠶᠡᠭᠡ ᠲᠥᠷᠥᠭᠦᠯᠳᠡᠭ ᠠᠷᠪᠠᠨ ᠶᠡᠭᠡ  ᠰᠢᠭᠤᠳ  ᠬᠠᠷᠢᠶ᠎ᠠ  ᠬᠤᠲᠠ  ᠪᠣᠯᠣᠨ  ᠮᠤᠵᠢ ᠶᠢᠨ  ᠲᠥᠪ  ᠬᠤᠲᠠ  ᠵᠢ‌ᠨᠡᠶᠢᠲᠡᠯᠡᠵᠦ᠂ ᠬᠥᠬᠡᠬᠤᠲᠠ ᠨᠢ ︽ᠳᠤᠮᠳᠠᠳᠤ ᠤᠯᠤᠰ ᠤᠨ ᠠᠷᠪᠠᠨ ᠶᠡᠭᠡ ᠵᠣᠯ ᠵᠢᠷᠭᠠᠯ ᠲᠠᠢ  ᠬᠤᠲᠠ︾ ᠶᠢᠨ  ᠳᠦᠷᠪᠡᠳᠦᠭᠡᠷ ᠲᠦ‌ᠵᠢᠭᠰᠠᠭᠠᠭᠳᠠᠵᠠᠢ᠃        ᠰᠣᠷᠪᠣᠯᠵᠢᠯᠠᠭᠴᠢ ᠶᠢᠨ ᠣᠶᠢᠯᠠᠭᠠᠭᠰᠠᠨ ᠢᠶᠠᠷ᠂ ᠶᠡᠭᠡ ᠪᠠᠶᠢᠴᠠᠭᠠᠯᠲᠠ ᠨᠢ ᠳᠤᠮᠳᠠᠳᠤ ᠤᠯᠤᠰ ᠤᠨ 10  ᠲᠦᠮᠡᠨ  ᠭᠡᠷ‌‍ᠪᠦ᠋ᠯᠢ ᠳᠤ ᠲᠠᠷᠬᠠᠭᠠᠨ  ᠠᠰᠠᠭᠤᠭᠰᠠᠨ  ᠠᠰᠠᠭᠤᠯᠲᠠ ᠶᠢᠨ  ᠬᠠᠭᠤᠳᠠᠰᠤᠨ ᠤ  ᠪᠠᠶᠢᠴᠠᠭᠠᠯᠲᠠ ᠶᠢᠨ  ᠳ᠋ᠦᠩ ᠢ  ᠦᠨᠳᠦᠰᠦᠯᠡᠪᠡᠯ᠂2017 ᠣᠨ ᠳᠤ ᠵᠣᠯ ᠵᠢᠷᠭᠠᠯ ᠤᠨ ᠰᠡᠳᠬᠢᠭᠳᠡᠯ ᠲᠥᠷᠥᠭᠦᠯᠳᠡᠭ ᠢᠶᠠᠷ ᠢᠶᠠᠨ ᠡᠮᠦᠨ᠎ᠡ ᠠᠷᠪᠠ ᠳᠤ ᠵᠢᠭᠰᠠᠭᠠᠭᠳᠠᠭᠰᠠᠨ  ᠰᠢᠭᠤᠳ‌ᠬᠠᠷᠢᠶ᠎ᠠ ᠬᠤᠲᠠ ᠪᠣᠯᠣᠨ ᠮᠤᠵᠢ ᠶᠢᠨ ᠲᠥᠪ ᠬᠤᠲᠠ ᠨᠢ ᠲᠤᠰ ᠲᠤᠰ ᠦᠬᠠᠨ᠂ ᠰᠢᠨᠢᠩ᠂ ᠨᠠᠨᠴᠠᠩ᠂ ᠬᠥᠬᠡᠬᠤᠲᠠ᠂  ᠴᠠᠩᠱᠠ᠂ᠲᠢᠶᠠᠨᠵᠢᠨ᠂ ᠹᠦᠵᠧᠦ᠂ ᠬᠠᠩᠵᠧᠦ᠂ ᠨᠠᠨᠵᠢᠩ᠂ ᠬᠠᠶᠢᠺᠧᠦ ᠪᠣᠯᠣᠨ᠎ᠠ᠃        ᠬᠤᠯᠪᠣᠭᠳᠠᠯ ᠪᠦᠬᠦᠢ ᠲᠤᠰᠬᠠᠢ ᠮᠡᠷᠭᠡᠵᠢᠯᠲᠡᠨ ᠢᠯᠡᠷᠬᠡᠶᠢᠯᠡᠭᠰᠡᠨ ᠨᠢ᠂  ᠲᠤᠰ  ᠤᠳᠠᠭ᠎ᠠ  ᠡᠮᠦᠨ᠎ᠡ  ᠵᠢᠭᠰᠠᠭᠠᠭᠳᠠᠭᠰᠠᠨ‌ᠠᠷᠪᠠᠨ ᠶᠡᠭᠡ  ᠬᠤᠲᠠ ᠶᠢᠨ  ᠣᠯᠠᠩᠬᠢ   ᠨᠢ  ︽ᠬᠡᠷᠡᠭᠯᠡᠭᠡᠨ ᠤ  ᠳᠡᠰ  ᠳᠡᠪᠰᠢᠬᠦ︾᠂  ︽ᠰᠡᠯᠡᠭᠦᠴᠡᠯ ᠤᠨ  ᠠᠵᠤ  ᠠᠬᠤᠢ︾᠂︽ᠬᠤᠲᠠ ᠶᠢᠨ ᠵᠥᠭᠡᠯᠡᠨ ᠣᠷᠴᠢᠨ ᠨᠦᠬᠦᠴᠡᠯ ᠤᠨ ᠪᠦᠲᠦᠭᠡᠨ ᠪᠠᠶᠢᠭᠤᠯᠤᠯᠲᠠ︾᠂ ︽ᠪᠦᠲᠦᠭᠡᠯᠴᠢ ᠰᠠᠨᠠᠭ᠎ᠠ ᠪᠦᠬᠦᠢ᠂ ᠰᠢᠨ᠎ᠡ ᠵᠢ‌ᠡᠭᠦᠳᠬᠦ ᠬᠡᠯᠪᠡᠷᠢ ᠶᠢᠨ ᠰᠢᠨ᠎ᠡ ᠡᠵᠡᠩᠨᠡᠯᠲᠡ ᠶᠢᠨ ᠪᠠᠶᠢᠳᠠᠯ︾ ᠵᠡᠷᠭᠡ ᠲᠠᠯ᠎ᠠ ᠪᠠᠷ ᠢᠯᠡᠷᠡᠯ ᠰᠠᠶᠢᠲᠠᠢ ᠪᠠᠶᠢᠳᠠᠭ᠃  ᠡᠶᠢᠮᠦᠷᠬᠦᠦ  ᠵᠣᠯ‌ᠵᠢᠷᠭᠠᠯ ᠤᠨ ᠰᠡᠳᠬᠢᠭᠳᠡᠯ ᠲᠥᠷᠥᠭᠦᠯᠳᠡᠭ ᠬᠤᠲᠠ ᠶᠢᠨ  ᠪᠠᠶᠢᠴᠠᠭᠠᠯᠲᠠ ᠶᠢᠨ  ᠦᠷ᠎ᠡ  ᠳ᠋ᠦᠩ   ᠨᠢ  ᠰᠢᠨ᠎ᠡ  ᠴᠠᠭ  ᠦᠶ᠎ᠡ ᠵᠢᠨ‌‍ᠲ᠋ᠤᠮᠳᠠᠳᠤ  ᠤᠯᠤᠰ ᠤᠨ  ᠠᠵᠤ  ᠠᠬᠤᠢ᠂  ᠨᠡᠶᠢᠭᠡᠮ ᠤᠨ  ᠬᠦᠭᠵᠢᠯᠲᠡ ᠶᠢᠨ  ᠡᠬᠢ  ᠠᠳᠠᠭ ᠢ   ᠲᠣᠳᠣᠷᠬᠠᠢ   ᠲᠤᠰᠬᠠᠭᠰᠠᠨ‌‍ᠪᠠᠶᠢᠨ᠎ᠠ——GDP ᠨᠢ ᠬᠤᠲᠠ ᠶᠢᠨ ᠥᠷᠢᠰᠦᠯᠳᠦᠭᠡᠨ ᠤ  ᠬᠦᠴᠦᠨ ᠤ  ᠰᠢᠢᠳᠪᠦᠷᠢᠯᠡᠭᠴᠢ  ᠴᠢᠨᠠᠷᠲᠠᠢ  ᠭᠦᠢᠴᠡᠳᠬᠡᠭᠴᠢ‌‍ᠲ᠋ᠤᠭ᠎ᠠ ᠪᠢᠰᠢ ᠪᠣᠯᠵᠤ᠂ ︽ᠰᠠᠶᠢᠨ ᠰᠠᠶᠢᠬᠠᠨ ᠠᠮᠢᠳᠤᠷᠠᠯ︾ ᠤᠨ ᠲᠤᠬᠠᠢ ᠬᠠᠷᠠᠯᠲᠠ ᠨᠢ ᠬᠤᠲᠠ ᠶᠢᠨ ᠬᠦᠭᠵᠢᠯᠲᠡ ᠶᠢᠨ ᠴᠣ ᠰᠢᠨ᠎ᠡ‌‍ᠬᠥ᠋ᠳᠡᠯᠭᠡᠭᠦᠷ ᠪᠣᠯᠣᠭᠰᠠᠨ ᠪᠠᠶᠢᠨ᠎ᠠ ᠭᠡᠵᠡᠢ᠃        ᠣᠶᠢᠯᠠᠭᠠᠭᠰᠠᠨ ᠢᠶᠠᠷ᠂ ᠳᠤᠮᠳᠠᠳᠤ  ᠤᠯᠤᠰ ᠤᠨ  ᠠᠵᠤ  ᠠᠬᠤᠢ ᠶᠢᠨ  ᠠᠮᠢᠳᠤᠷᠠᠯ ᠤᠨ  ᠶᠡᠭᠡ  ᠪᠠᠶᠢᠴᠠᠭᠠᠯᠲᠠ  ᠪᠣᠯ‌‍ᠲ᠋ᠥ᠋ᠪ ᠤᠨ ᠲᠧᠯᠸᠢᠰ ᠬᠤᠷᠢᠶ᠎ᠠ᠂ ᠤᠯᠤᠰ ᠤᠨ  ᠲᠤᠭ᠎ᠠ  ᠪᠦᠷᠢᠳᠭᠡᠯ ᠤᠨ  ᠲᠣᠪᠴᠢᠶ᠎ᠠ᠂  ᠳᠤᠮᠳᠠᠳᠤ  ᠤᠯᠤᠰ ᠤᠨ  ᠰᠢᠤᠳᠠᠨ ‍ᠤ‌‍ᠪᠦ᠋ᠯᠦᠭᠯᠡᠯᠲᠦ ᠺᠣᠮᠫᠠᠨᠢ᠂  ᠪᠡᠭᠡᠵᠢᠩ  ᠶᠡᠭᠡ  ᠰᠤᠷᠭᠠᠭᠤᠯᠢ ᠶᠢᠨ  ᠤᠯᠤᠰ ᠤᠨ  ᠬᠦᠭᠵᠢᠯᠲᠡ ᠶᠢᠨ  ᠰᠤᠳᠤᠯᠭᠠᠨ ᠤ  ᠬᠦᠷᠢᠶᠡᠯᠡᠩ‌ᠬᠠᠮᠲᠤᠷᠠᠨ ᠡᠷᠬᠢᠯᠡᠭᠰᠡᠨ ᠪᠦᠬᠦ ᠪᠦᠮᠪᠦᠷᠴᠡᠭ ᠤᠨ ᠬᠠᠮᠤᠭ ᠤᠨ ᠲᠣᠮᠣ ᠬᠦᠷᠢᠶ᠎ᠡ ᠬᠡᠪᠴᠢᠶ᠎ᠡ  ᠪᠦᠬᠦᠢ  ᠵᠠᠭᠤᠴᠢᠯᠠᠭᠤᠷ ᠤᠨ   ᠬᠢᠨ ‍ᠦ‌ᠡᠷᠦᠬᠡ ᠳᠤ ᠠᠰᠠᠭᠤᠯᠲᠠ ᠶᠢᠨ ᠬᠠᠭᠤᠳᠠᠰᠤ ᠪᠠᠷ ᠠᠰᠠᠭᠤᠭᠰᠠᠨ ᠪᠠᠶᠢᠴᠠᠭᠠᠯᠲᠠ ᠪᠣᠯᠣᠨ᠎ᠠ᠃ 2006 ᠣᠨ ᠠᠴᠠ 2017 ᠣᠨ‌‍ᠪᠣᠯᠲᠠᠯ᠎ᠠ᠂ ᠶᠡᠭᠡ ᠪᠠᠶᠢᠴᠠᠭᠠᠯᠲᠠ ᠶᠢ ᠨᠢᠭᠡᠨᠲᠡ 12 ᠵᠢᠯ ᠦᠷᠭᠦᠯᠵᠢᠯᠡᠭᠦᠯᠵᠦ ᠪᠠᠶᠢᠨ᠎ᠠ᠃        2017 ᠣᠨ ᠳᠤ᠂ ᠶᠡᠭᠡ ᠪᠠᠶᠢᠴᠠᠭᠠᠯᠲᠠ ᠨᠢ ᠪᠦᠬᠦ ᠲᠠᠯ᠎ᠠ ᠪᠠᠷ ᠰᠢᠨᠡᠴᠢᠯᠡᠨ ᠳᠡᠰ ᠳᠡᠪᠰᠢᠵᠡᠢ᠃ ᠶᠡᠭᠡ ᠪᠠᠶᠢᠴᠠᠭᠠᠯᠲᠠ‌ᠨᠢ ᠤᠯᠤᠰ ᠤᠨ ᠳᠣᠲᠣᠭᠠᠳᠤ ᠶᠢᠨ ᠡᠷᠬᠡ  ᠰᠥᠷᠲᠤ  ᠵᠠᠰᠠᠭ ᠤᠨ  ᠣᠷᠳᠣᠨ ᠤ  ᠰᠠᠯᠠᠭ᠎ᠠ  ᠮᠦᠴᠢᠷ᠂  ᠣᠶᠤᠨᠴᠢ  ᠬᠥᠮᠥᠷᠭᠡ᠂ᠲᠡᠷᠢᠭᠦᠨ ᠤ ᠳᠡᠰ ᠤᠨ ᠢᠨᠲ᠋ᠧᠷ ᠰᠦᠯᠵᠢᠶᠡᠨ ᠤ ᠺᠣᠮᠫᠠᠨᠢ᠂ ᠶᠡᠭᠡ ᠳ᠋ᠠᠶᠢᠲ᠋ᠠ ᠶᠢᠨ ᠰᠤᠳᠤᠯᠭᠠᠨ ᠤ ᠬᠦᠷᠢᠶᠡᠯᠡᠩ   ᠲᠠᠢ  ᠬᠠᠮᠲᠤᠷᠠᠨ᠂ᠬᠠᠮᠲᠤ ᠳᠤ ᠪᠠᠨ ᠳᠤᠮᠳᠠᠳᠤ ᠤᠯᠤᠰ ᠤᠨ ᠠᠵᠤ ᠠᠬᠤᠢ ᠶᠢᠨ ᠠᠮᠢᠳᠤᠷᠠᠯ ᠤᠨ ᠶᠡᠭᠡ ᠪᠠᠶᠢᠴᠠᠭᠠᠯᠲᠠ ᠶᠢᠨ  ᠲᠤᠭ᠎ᠠ  ᠪᠠᠷᠢᠮᠲᠠ ᠵᠢᠨ‌ᠬᠤᠯᠪᠣᠭ᠎ᠠ ᠵᠢᠴᠢ ᠲᠥᠪ ᠲᠧᠯᠸᠢᠰ ᠤᠨ ᠡᠳ᠋ ᠤᠨ ᠵᠠᠰᠠᠭ ᠠᠵᠤ ᠠᠬᠤᠢ ᠶᠢᠨ  ︽ᠳᠤᠮᠳᠠᠳᠤ᠂  ᠤᠯᠤᠰ ᠤᠨ  ᠰᠠᠶᠢᠨ  ᠰᠠᠶᠢᠬᠠᠨ‌ᠠᠮᠢᠳᠤᠷᠠᠯ ᠤᠨ ᠵᠢᠭᠠᠯᠲᠠ ᠲᠤᠭ᠎ᠠ︾ ᠶᠢ ᠰᠤᠳᠤᠯᠬᠤ ᠬᠦᠷᠢᠶᠡᠯᠡᠩ ᠢ ᠪᠠᠶᠢᠭᠤᠯᠵᠠᠢ᠃  ᠬᠤᠯᠪᠣᠭᠠᠨ ᠤ  ᠭᠡᠰᠢᠭᠦᠨ   ᠨᠢ  ᠡᠭᠦᠰᠬᠡᠨ‌ᠡᠷᠭᠢᠯᠡᠭᠰᠡᠨ ᠳᠦᠷᠪᠡᠨ ᠨᠢᠭᠡᠴᠡ ᠠᠴᠠ ᠭᠠᠳᠠᠨ᠎ᠠ ᠪᠠᠰᠠ ᠠᠷᠪᠠ ᠭᠠᠷᠤᠢ ᠢᠨᠲ᠋ᠧᠷ ᠰᠦᠯᠵᠢᠶᠡᠨ ᠤ ᠺᠣᠮᠫᠠᠨᠢ ᠪᠤᠢ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号