ᠬᠦᠬᠡᠬᠤᠳᠠ 585 ᠲᠦᠮᠡᠨ ᠲᠦᠬᠦᠷᠢᠭ ᠤᠨ ᠤᠶᠤᠳᠠᠨ ᠢ ᠳᠤᠰᠠᠯᠠᠨ ᠳᠡᠮᠵᠢᠬᠦ ᠵᠠᠷᠤᠳᠠᠯ ᠮᠦᠩᠬᠦ ᠪᠠᠭᠤᠯᠭᠠᠵᠠᠢ
ᠨᠡᠶᠢᠲᠡᠯᠡᠭᠰᠡᠨ ᠴᠠᠭ᠄
2018-03-13
        ᠤᠢᠢᠷ᠎ᠠ ᠳᠤ᠂ ᠬᠦᠬᠡᠬᠤᠳᠠ ᠶᠢᠨ ᠡᠳ᠋ ᠤᠨ ᠵᠠᠰᠠᠭ ᠤᠨ ᠳᠤᠪᠴᠢᠶ᠎ᠠ ᠠᠴᠠ 2017 ᠤᠨ ᠤ  ᠬᠤᠶᠠᠳᠤᠭᠠᠷ  ᠪᠦᠯᠦᠭ‌ᠬᠤᠳᠠ ᠬᠦᠳᠡᠭᠡ ᠶᠢᠨ  ᠠᠮᠢᠳᠤᠷᠠᠯ ᠤᠨ  ᠨᠠᠭᠠᠳᠤ  ᠵᠠᠬ᠎ᠠ ᠶᠢᠨ  ᠪᠠᠳᠤᠯᠠᠪᠤᠷᠢ  ᠬᠦᠷᠳᠡᠵᠦ  ᠪᠠᠶᠢᠭ᠎ᠠ  ᠬᠡᠷ  ᠪᠦᠯᠢ ᠶᠢᠨ  ᠦᠷ᠎ᠡ‌‍ᠬᠡᠦᠬᠡᠳ ᠤᠨ ᠶᠡᠭᠡ ᠳᠡᠬᠡᠳᠤ ᠰᠤᠷᠭᠠᠭᠤᠯᠢ ᠳᠤ ᠰᠢᠯᠭᠠᠨ ᠤᠷᠤᠭᠰᠠᠨ ᠰᠤᠷᠤᠬᠴᠢ ᠶᠢ ᠳᠤᠰᠠᠯᠠᠨ  ᠳᠡᠮᠵᠢᠬᠦ  ᠵᠠᠷᠤᠳᠠᠯ  ᠮᠦᠩᠬᠦ ᠶᠢ585 ᠲᠦᠮᠡᠨ ᠲᠦᠬᠦᠷᠢᠭ ᠪᠠᠭᠤᠯᠭᠠᠪᠠ᠃        ᠡᠨᠡ ᠤᠳᠠᠭ᠎ᠠ ᠡᠩ ᠤᠨ ᠶᠡᠭᠡ ᠳᠡᠬᠡᠳᠤ ᠰᠤᠷᠭᠠᠭᠤᠯᠢ ᠶᠢᠨ ᠵᠢᠩᠬᠢᠨᠢ ᠠᠩᠬᠢ ᠶᠢᠨ  ᠳᠤᠰᠬᠠᠢ  ᠮᠡᠷᠬᠡᠵᠢᠯ ᠳᠤ  ᠰᠢᠯᠭᠠᠨ‌ᠤᠷᠤᠭᠰᠠᠨ ᠰᠤᠷᠤᠭᠴᠢ ᠶᠢ ᠨᠢᠬᠡ ᠯᠡ ᠤᠳᠠᠭ᠎ᠠ ᠳᠤ 4 ᠲᠦᠮᠡᠨ ᠲᠦᠬᠦᠷᠢᠭ ᠢᠶᠠᠷ ᠳᠡᠮᠵᠢᠨ ᠳᠤᠰᠠᠯᠠᠵᠤ᠂ ᠡᠩ ᠤᠨ ᠶᠡᠭᠡ ᠳᠡᠬᠡᠳᠤ‌‍ᠰᠤᠷᠭᠠᠭᠤᠯᠢ ᠶᠢᠨ ᠳᠤᠰᠬᠠᠢ ᠮᠡᠷᠬᠡᠵᠢᠯ ᠤᠨ ᠰᠤᠷᠭᠠᠭᠤᠯᠢ  ᠪᠠ  ᠳᠡᠬᠡᠳᠤ  ᠵᠡᠷᠬᠡ ᠶᠢᠨ  ᠠᠵᠢᠯ  ᠮᠡᠷᠬᠡᠵᠢᠯ ᠤᠨ  ᠰᠤᠷᠭᠠᠭᠤᠯᠢ ᠳ᠋ᠤ᠋‌‍ᠰᠢᠯᠭᠠᠨ ᠤᠷᠤᠭᠰᠠᠨ ᠰᠤᠷᠤᠬᠴᠢ ᠶᠢ ᠨᠢᠬᠡ ᠯᠡ ᠤᠳᠠᠭ᠎ᠠ ᠳᠤ 3 ᠲᠦᠮᠡᠨ ᠲᠦᠬᠦᠷᠢᠭ ᠢᠶᠠᠷ ᠳᠤᠰᠠᠯᠠᠨ ᠳᠡᠮᠵᠢᠵᠡᠢ᠃ ᠨᠢᠳᠤᠨᠤᠨ᠂ᠬᠦᠬᠡᠬᠤᠳᠠ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠠᠮᠢᠳᠤᠷᠠᠯ ᠤᠨ  ᠪᠠᠳᠤᠯᠠᠪᠤᠷᠢ  ᠬᠦᠷᠳᠡᠵᠦ  ᠪᠠᠶᠢᠭ᠎ᠠ  ᠬᠡᠷ  ᠪᠦᠯᠢ ᠵᠢᠨ‌ᠦᠷ᠎ᠠ ᠬᠡᠦᠬᠡᠳ ᠤᠨ ᠶᠡᠭᠡ ᠳᠡᠬᠡᠳᠤ ᠰᠤᠷᠭᠠᠭᠤᠯᠢ ᠳᠤ  ᠰᠢᠯᠭᠠᠨ  ᠤᠷᠤᠭᠰᠠᠨ  ᠰᠤᠷᠤᠬᠴᠢ ᠶᠢ  ᠨᠡᠶᠢᠳᠠ  3237  ᠲᠦᠮᠡᠨ‌‍ᠲ᠋ᠦ᠋ᠬᠦᠷᠢᠭ ᠢᠶᠠᠷ ᠳᠤᠰᠠᠯᠠᠨ ᠳᠡᠮᠵᠢᠭᠰᠡᠨ ᠪᠠᠶᠢᠨ᠎ᠠ᠃
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号