ᠦᠪᠤᠷ ᠮᠤᠩᠭᠤᠯ ᠰᠣᠮᠣ ᠪᠠᠯᠭᠠᠰᠣᠨ ᠤ ᠪᠠᠭᠰᠢ ᠶᠢᠨ ᠡᠩᠨᠡᠭᠡᠨ ᠤ ᠪᠦᠬᠦ᠋ᠢᠯᠡ ᠴᠤᠭᠴᠠ ᠶᠢᠨ ᠴᠢᠨᠠᠷ ᠴᠢᠨᠰᠠᠭ᠎ᠠ ᠪᠠ ᠰᠤᠷᠭᠠᠨ  ᠬᠦᠮᠦᠵᠢᠯ ᠤᠨ ᠶᠠᠰᠤ ᠴᠢᠨᠠᠷ ᠢ ᠲᠡᠭᠡᠭᠰᠢᠯᠡᠬᠦᠯᠬᠦ ᠰᠢᠨ᠎ᠠ ᠲᠣᠭᠳᠠᠭᠠᠯ ᠲᠠᠢ ᠪᠣᠯᠪᠠ
ᠨᠡᠶᠢᠲᠡᠯᠡᠭᠰᠡᠨ ᠴᠠᠭ᠄
2018-03-13
        ᠦᠪᠤᠷ  ᠮᠤᠩᠭᠤᠯ ᠤᠨ  ᠦᠪᠡᠷᠳᠡᠭᠡᠨ  ᠵᠠᠰᠠᠬᠤ  ᠤᠷᠣᠨ  ᠠᠩᠬᠠᠳᠠᠭᠴᠢ  ᠪᠦᠯᠦᠭ  ᠰᠦᠢᠳᠭᠡᠯ   ᠭᠡᠯᠳᠦᠷᠢᠬᠦᠯᠦᠨ‌ᠬᠠᠨᠳᠤᠯᠭ᠎ᠠ ᠲᠠᠢ ᠪᠠᠷ ᠪᠠᠭᠰᠢ ᠶᠢᠨ ᠰᠤᠷᠭᠠᠭᠤᠯᠢ ᠳᠤ ᠰᠤᠷᠤᠭᠴᠢ ᠡᠯᠰᠡᠬᠦ ᠠᠵᠢᠯ ᠢ ᠡᠬᠢᠯᠡᠬᠦᠯᠵᠦ᠂ ᠠᠯᠢ ᠤᠯᠠᠨ ᠰᠤᠷᠤᠭᠴᠢ ᠳ᠋ᠤ᠋‌ᠠᠰᠢᠬ ᠬᠦᠷᠲᠡᠭᠡᠬᠦ ᠪᠠᠷ ᠪᠠᠶᠢᠨ᠎ᠠ᠃ ᠶᠤᠰᠤ ᠰᠤᠷᠳᠠᠬᠤᠨ  ᠰᠠᠶᠢᠨ᠂  ᠰᠣᠷᠣᠯᠭ᠎ᠠ  ᠰᠠᠶᠢᠳᠠᠢ᠂  ᠠᠤᠭ᠎ᠠ  ᠬᠦᠰᠡᠯ ᠲᠠᠢ᠂  ᠰᠣᠮᠣ‌‍ᠰᠢᠶᠠᠩ ᠪᠠᠯᠭᠠᠰᠣᠨ ᠳᠤ ᠪᠠᠭᠰᠢᠯᠠᠬᠤ ᠳᠤᠷᠠᠳᠠᠢ ᠪᠠᠭᠰᠢ ᠶᠢᠨ ᠡᠩᠨᠡᠭᠡ ᠶᠢ  ᠬᠦᠮᠦᠵᠢᠬᠦᠯᠬᠦ ᠪᠠᠷ  ᠬᠠᠷᠠᠯᠳᠠ  ᠪᠤᠯᠭᠠᠵᠤ᠂  ᠦᠪᠤᠷ‌ᠮᠤᠩᠭᠤᠯ ᠤᠨ ᠦᠪᠡᠷᠳᠡᠭᠡᠨ ᠵᠠᠰᠠᠬᠤ ᠤᠷᠣᠨ ᠤ ᠰᠣᠮᠣ ᠰᠢᠶᠠᠩ ᠪᠠᠯᠭᠠᠰᠣᠨ ᠤ ᠪᠠᠭᠰᠢ ᠶᠢᠨ ᠡᠩᠨᠡᠭᠡᠨ ᠤ ᠪᠦᠳᠦᠴᠡ ᠶᠢ ᠦᠨᠡᠨᠬᠦ‌‍ᠰᠢᠯᠢᠳᠡᠭᠵᠢᠬᠦᠯᠵᠣ᠂ ᠰᠣᠮᠣ ᠰᠢᠶᠠᠩ ᠪᠠᠯᠭᠠᠰᠣᠨ ᠤ ᠪᠠᠭᠰᠢ ᠶᠢᠨ ᠡᠩᠨᠡᠭᠡᠨ ᠤ ᠪᠦᠬᠦ᠋ᠢᠯᠡ ᠴᠤᠭᠴᠠ ᠶᠢᠨ ᠴᠢᠨᠠᠷ  ᠴᠢᠨᠰᠠᠭ᠎ᠠ  ᠪᠠ‌‍ᠰᠣᠮᠣ ᠰᠢᠶᠠᠩ ᠪᠠᠯᠭᠠᠰᠣᠨ ᠤ ᠰᠤᠷᠭᠠᠨ ᠬᠦᠮᠦᠵᠢᠯ ᠤᠨ ᠶᠠᠰᠤ ᠴᠢᠨᠠᠷ ᠢ  ᠲᠡᠭᠡᠭᠰᠢᠯᠡᠬᠦᠯᠦᠨ᠂  ᠬᠤᠳᠠ  ᠬᠦᠳᠡᠭᠡ ᠶᠢᠨ  ᠠᠯᠪᠠᠨ‌ᠵᠢᠷᠤᠮ ᠤᠨ  ᠰᠤᠷᠭᠠᠨ  ᠬᠦᠮᠦᠵᠢᠯ ᠢ  ᠨᠢᠭᠡ   ᠴᠤᠭᠴᠠᠵᠢᠭᠤᠯᠬᠤ   ᠦᠭᠡᠷᠡᠴᠢᠯᠡᠯᠳᠡ ᠶᠢᠨ   ᠬᠦᠭᠵᠢᠯᠳᠡ ᠶᠢ   ᠨᠢᠭᠡᠳᠦᠯᠳᠡᠢ‌‍ᠪᠠᠶᠢᠷᠢᠯᠠᠭᠤᠯᠬᠤ ᠶᠢᠨ ᠲᠦᠯᠦᠭᠡ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠣᠨ ︽ᠦᠪᠦᠷ ᠮᠤᠩᠭᠤᠯ ᠤᠨ ᠦᠪᠡᠷᠲᠡᠭᠡᠨ‌ᠵᠠᠰᠠᠬᠤ ᠤᠷᠤᠨ ᠤ ᠰᠦᠢᠳᠭᠡᠯ ᠭᠡᠯᠳᠦᠷᠢᠬᠦᠯᠦᠨ ᠬᠠᠨᠳᠤᠯᠭ᠎ᠠ ᠲᠠᠢ ᠪᠠᠭᠰᠢ ᠬᠦᠮᠦᠵᠢᠬᠦᠯᠬᠦ  ᠲᠦᠯᠦᠪᠯᠡᠭᠡ ᠶᠢᠨ  ᠳᠤᠷᠰᠢᠯᠳᠠ ᠵᠢᠨ‌‍ᠴᠢᠬ ᠤᠨ ᠠᠵᠢᠯ ᠢ ᠭᠡᠷᠡᠭᠵᠢᠬᠦᠯᠬᠦ ᠳᠤᠬᠠᠢ ᠲᠦᠰᠦᠯ︾ ᠢ ᠳᠤᠭᠳᠠᠭᠠᠵᠤ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠣᠨ‌‍ᠤ ︽ᠰᠦᠢᠳᠭᠡᠯ ᠭᠡᠯᠳᠦᠷᠢᠬᠦᠯᠦᠨ ᠬᠠᠨᠳᠤᠯᠭ᠎ᠠ ᠲᠠᠢ  ᠪᠠᠭᠰᠢ  ᠬᠦᠮᠦᠵᠢᠬᠦᠯᠬᠦ  ᠲᠦᠯᠦᠪᠯᠡᠭᠡ︾ ᠳᠤ  ᠨᠠᠷᠢᠨ  ᠪᠠᠶᠢᠷᠢᠯᠠᠭᠤᠯᠤᠯᠳᠠ‌‍ᠬᠢᠪᠡ᠃        ᠲᠡᠭᠡᠪᠡᠯ ︽ᠰᠦᠢᠳᠭᠡᠯ ᠭᠡᠯᠳᠦᠷᠢᠬᠦᠯᠦᠨ ᠬᠠᠨᠳᠤᠯᠭ᠎ᠠ ᠲᠠᠢ ᠪᠠᠷ ᠪᠠᠭᠰᠢ ᠬᠦᠮᠦᠵᠢᠬᠦᠯᠬᠦ ᠲᠦᠯᠦᠪᠯᠡᠭᠡ︾  ᠭᠡᠵᠦ  ᠶᠠᠭᠤ‌‍ᠪᠤᠢ︖ ᠲᠡᠷᠡ ᠨᠢ ᠶᠠᠮᠠᠷᠰᠢᠤ ᠰᠤᠷᠤᠭᠴᠢ ᠡᠯᠰᠡᠬᠦ ᠨᠦᠬᠦᠴᠡᠯ ᠲᠠᠢ ᠪᠤᠢ︖ ᠰᠤᠷᠤᠭᠴᠢ  ᠡᠯᠰᠡᠬᠦ  ᠭᠡᠯᠪᠡᠷᠢ ᠨᠢ  ᠶᠠᠮᠠᠷ  ᠠᠳᠠᠯᠢ‌‍ᠪᠤᠰᠤ  ᠵᠦᠢᠯ  ᠪᠠᠶᠢᠳᠠᠭ  ᠪᠤᠢ︖   ᠰᠦᠢᠳᠭᠡᠯ   ᠭᠡᠯᠳᠦᠷᠢᠬᠦᠯᠦᠨ   ᠬᠠᠨᠳᠤᠯᠭ᠎ᠠ ᠲᠠᠢ ᠪᠠᠷ   ᠡᠯᠰᠡᠭᠳᠡᠭᠰᠡᠨ   ᠪᠠᠭᠰᠢ ᠵᠢᠨ‌‍ᠰᠤᠷᠭᠠᠭᠤᠯᠢ ᠶᠢᠨ ᠰᠤᠷᠤᠭᠴᠢ ᠨᠢ ᠶᠠᠮᠠᠷᠰᠢᠤ ᠲᠦᠷᠦ ᠶᠢᠨ ᠪᠤᠳᠤᠯᠭ᠎ᠠ ᠶᠢᠨ ᠬᠠᠷᠠᠭᠠᠯᠵᠠᠯ ᠢ ᠬᠦᠷᠲᠡᠬᠦ ᠪᠤᠢ︖        ᠲᠦᠯᠦᠪᠯᠡᠭᠡ ᠶᠢ ᠭᠡᠷᠡᠭᠵᠢᠬᠦᠯᠬᠦ ᠵᠠᠷᠴᠢᠮ᠄        ᠨᠢᠬᠡ ᠳᠤ᠂  ᠳᠤᠮᠳᠠᠳᠤ  ᠪᠠᠭ᠎ᠠ  ᠰᠤᠷᠭᠠᠭᠤᠯᠢ ᠶᠢᠨ  ᠤᠷᠤᠨ  ᠳᠤᠭᠠᠨ ᠤ  ᠬᠠᠮᠢᠶᠠᠷᠤᠯᠳᠠ ᠲᠠᠢ   ᠤᠶᠠᠯᠳᠤᠭᠤᠯᠬᠤ‌‍ᠭᠡᠷᠡᠭᠳᠡᠢ᠃ ᠡᠯ᠎ᠡ ᠠᠶᠢᠮᠠᠬ ᠬᠤᠳᠠ᠂ ᠬᠤᠰᠢᠭᠤ ᠰᠢᠶᠠᠨ ᠳᠤᠮᠳᠠᠳᠤ ᠪᠠᠭ᠎ᠠ  ᠰᠤᠷᠭᠠᠭᠤᠯᠢ ᠶᠢᠨ  ᠪᠠᠭᠰᠢ  ᠠᠵᠢᠯᠳᠠᠨ ᠤ  ᠤᠷᠤᠨ‌‍ᠲ᠋ᠤᠭᠠᠨ ᠤ ᠶᠡᠷᠦᠩᠭᠡᠢ ᠨᠤᠷᠮ᠎ᠠ ᠶᠢᠨ ᠳᠤᠳᠤᠷ᠎ᠠ ᠬᠠᠷᠭᠤᠭᠤᠯᠤᠨ ᠳᠤᠭᠳᠠᠭᠠᠵᠤ᠂ ᠪᠠᠭᠰᠢ ᠶᠢᠨ  ᠶᠡᠷᠦᠩᠭᠡᠢ  ᠴᠤᠭᠴᠠ ᠨᠢ  ᠤᠷᠤᠨ‌‍ᠲ᠋ᠤᠭ᠎ᠠ ᠳᠤᠳᠠᠭᠳᠠᠵᠤ ᠪᠠᠶᠢᠳᠠᠭ᠂ ᠪᠦᠳᠦᠴᠡ ᠶᠢᠨ ᠴᠢᠨᠠᠷᠳᠠᠢ ᠵᠦᠷᠢᠴᠠᠯ ᠨᠢ ᠳᠤᠪᠤᠶᠢᠮ᠎ᠠ ᠪᠤᠯᠪᠠᠴᠤ ᠤᠳᠤ ᠪᠠᠶᠢᠭ᠎ᠠ  ᠪᠠᠭᠰᠢ ᠵᠢᠨ‌ᠤᠷᠤᠨ ᠳᠤᠭ᠎ᠠ ᠳᠤᠳᠠᠭᠳᠠᠵᠤ ᠪᠠᠶᠢᠬᠤ ᠪᠠ ᠠᠶᠠᠨᠳᠠᠭᠠᠨ ᠬᠦᠮᠦᠨ ᠬᠠᠰᠤᠭᠳᠠᠭᠠᠳ ᠬᠤᠭᠤᠰᠤᠨ ᠪᠤᠯᠤᠭᠰᠠᠨ ᠤᠷᠤᠨ  ᠳᠤᠭ᠎ᠠ ᠵᠢ‌‍ᠪᠠᠳᠤᠯᠠᠵᠤ᠂ 4 ᠵᠢᠯ ᠤᠨ ᠳᠠᠷᠠᠭ᠎ᠠ ᠲᠡᠬᠦᠰᠬᠦ ᠰᠦᠢᠳᠭᠡᠯ ᠭᠡᠯᠳᠦᠷᠢᠬᠦᠯᠦᠨ  ᠬᠠᠨᠳᠤᠯᠭ᠎ᠠ ᠲᠠᠢ ᠪᠠᠷ  ᠬᠦᠮᠦᠵᠢᠬᠦᠯᠬᠦ  ᠪᠠᠭᠰᠢ ᠵᠢᠨ‌‍ᠰᠤᠷᠭᠠᠭᠤᠯᠢ ᠶᠢᠨ ᠰᠤᠷᠤᠭᠴᠢ ᠶᠢ ᠨᠠᠶᠢᠳᠠᠪᠤᠷᠢᠵᠢᠭᠤᠯᠬᠤ ᠭᠡᠷᠡᠭᠳᠡᠢ᠃         ᠬᠤᠶᠠᠷ ᠲᠤ᠂ ᠡᠷᠭᠡᠪᠰᠢ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠶᠢᠨ ᠡᠩᠨᠡᠭᠡᠨ ᠤ ᠪᠠᠶᠢᠭᠤᠯᠤᠯᠳᠠ ᠶᠢᠨ ᠶᠡᠷᠦᠩᠭᠡᠢ‌‍ᠴᠤᠭᠴᠠ ᠶᠢᠨ ᠲᠦᠯᠦᠪᠵᠢᠬᠦᠯᠭᠡ ᠲᠠᠢ ᠤᠶᠠᠯᠳᠤᠭᠤᠯᠬᠤ  ᠭᠡᠷᠡᠭᠳᠡᠢ᠃  ᠡᠯ᠎ᠡ  ᠠᠶᠢᠮᠠᠬ  ᠬᠤᠳᠠ᠂  ᠬᠤᠰᠢᠭᠤ  ᠰᠢᠶᠠᠨ  ᠳᠤᠰ‌ᠭᠠᠵᠠᠷ ᠤᠨ ᠢᠶᠠᠨ   ᠠᠯᠪᠠᠨ   ᠵᠢᠷᠤᠮ ᠤᠨ   ᠰᠤᠷᠭᠠᠨ   ᠬᠦᠮᠦᠵᠢᠯ ᠤᠨ   ᠰᠤᠷᠭᠠᠭᠤᠯᠢ ᠶᠢᠨ   ᠪᠠᠭᠰᠢ ᠶᠢᠨ    ᠡᠩᠨᠡᠭᠡᠨ ‍ᠤ‌‍ᠪᠠᠶᠢᠭᠤᠯᠤᠯᠳᠠ ᠶᠢᠨ ᠬᠠᠷᠠᠯᠳᠠ᠂ ᠤᠳᠤ  ᠪᠠᠶᠢᠭ᠎ᠠ  ᠪᠠᠭᠰᠢ ᠶᠢᠨ  ᠡᠩᠨᠡᠭᠡᠨ ᠤ  ᠪᠠᠶᠢᠳᠠᠯ  ᠵᠢᠴᠢ  ᠰᠤᠷᠭᠠᠭᠤᠯᠢ ᠶᠢᠨ  ᠰᠤᠷᠭᠠᠨ‌‍ᠬᠦ᠋ᠮᠦᠵᠢᠯ ᠵᠢᠭᠠᠨ ᠰᠤᠷᠭᠠᠯᠳᠠ ᠶᠢᠨ ᠪᠤᠳᠠᠳᠠᠢ ᠱᠠᠭᠠᠷᠳᠠᠯᠭ᠎ᠠ ᠶᠢ  ᠦᠨᠳᠦᠰᠦᠯᠡᠨ᠂  ᠤᠷᠤᠨ  ᠳᠤᠭᠤᠷᠢᠭ᠂  ᠰᠤᠷᠬᠤ  ᠬᠢᠴᠢᠶᠡᠯ‌‍ᠲ᠋ᠦ᠋ᠷᠦᠯ ᠵᠡᠷᠭᠡ  ᠡᠯᠧᠮᠧᠨ᠋ᠲ ᠢ  ᠨᠢᠭᠡᠳᠦᠯᠳᠡᠢ  ᠪᠤᠳᠤᠯᠬᠢᠯᠠᠭᠰᠠᠨ  ᠰᠠᠭᠤᠷᠢᠨ  ᠲᠡᠭᠡᠷ᠎ᠡ  ᠶᠡᠷᠦᠩᠭᠡᠢ ᠳᠤᠨᠢ  ᠲᠦᠯᠦᠪᠵᠢᠬᠦᠯᠵᠦ᠂ᠰᠢᠨᠵᠢᠯᠡᠬᠦ  ᠤᠬᠠᠭᠠᠨᠴᠢ ᠪᠠᠷ  ᠳᠤᠬᠢᠷᠠᠭᠤᠯᠤᠨ᠂  ᠱᠠᠳᠤᠯᠵᠢᠨ  ᠡᠩᠨᠡᠭᠡ ᠶᠢ   ᠪᠦᠷᠢᠯᠳᠦᠬᠦᠯᠵᠦ᠂   ᠪᠠᠴᠢᠮ   ᠱᠠᠭᠠᠷᠳᠠᠭᠳᠠᠬᠤ‌‍ᠰᠤᠳᠤᠯᠭᠠᠨ ᠤ ᠲᠦᠷᠦᠯ ᠢ ᠤᠷᠢᠳᠠᠪᠠᠷ ᠬᠠᠷᠠᠭᠠᠯᠵᠠᠬᠤ᠂ ᠮᠤᠩᠭᠤᠯ ᠢᠶᠠᠷ ᠬᠢᠴᠢᠶᠡᠯᠯᠡᠭᠰᠡᠨ ᠰᠤᠳᠤᠯᠭᠠᠨ ᠤ ᠲᠦᠷᠦᠯ ᠢ  ᠤᠷᠢᠳᠠᠪᠠᠷ‌ᠬᠠᠷᠠᠭᠠᠯᠵᠠᠬᠤ᠂ ᠤᠨᠴᠠᠭᠠᠢᠢᠯᠠᠨ ᠳᠠᠭᠤᠤ ᠬᠦᠭᠵᠢᠮ᠂ ᠪᠡᠶ᠎ᠡ ᠶᠢᠨ ᠳᠠᠮᠢᠷ᠂  ᠤᠷᠠᠨ  ᠵᠢᠷᠤᠭ᠂  ᠬᠦᠯ  ᠪᠦᠮᠪᠦᠭᠡ᠂  ᠭᠠᠳᠠᠭᠠᠳᠤ‌‍ᠭᠡᠯᠡ᠂ ᠮᠡᠳᠡᠭᠡ ᠵᠠᠩᠬᠢ ᠶᠢᠨ ᠮᠡᠷᠭᠡᠵᠢᠯ᠂ ᠰᠡᠳᠬᠢᠴᠡ ᠶᠢᠨ  ᠡᠷᠡᠬᠦᠯᠵᠢᠯ  ᠵᠡᠷᠭᠡ ᠶᠢ  ᠤᠷᠢᠳᠠᠪᠠᠷ  ᠬᠠᠷᠠᠭᠠᠯᠵᠠᠬᠤ  ᠵᠠᠷᠴᠢᠮ ᠵᠶ᠋ᠠᠷ‌ᠠᠵᠢᠯ ᠤᠨ ᠪᠠᠶᠢᠷᠢ ᠳᠤᠭᠳᠠᠭᠠᠬᠤ ᠭᠡᠷᠡᠭᠳᠡᠢ᠃        ᠠᠯᠢ ᠠᠯᠢ ᠭᠠᠵᠠᠷ ᠤᠷᠤᠨ ᠳᠤᠰ  ᠲᠦᠯᠦᠪᠯᠡᠭᠡ ᠶᠢ  ᠭᠡᠷᠡᠭᠵᠢᠬᠦᠯᠵᠦ  ᠪᠤᠯᠬᠤ  ᠪᠤᠢ︖  ᠶᠠᠮᠠᠷᠰᠢᠤ  ᠰᠤᠷᠤᠭᠴᠢᠳ‌ᠡᠬᠦᠨ ᠳᠤ ᠨᠡᠷ᠎ᠡ ᠮᠡᠳᠡᠬᠦᠯᠦᠨ ᠰᠢᠯᠭᠠᠭᠤᠯᠵᠤ ᠪᠤᠯᠬᠤ ᠪᠤᠢ︖ ᠳᠤᠷᠰᠢᠯᠳᠠ ᠶᠢᠨ ᠴᠢᠬ ᠤᠨ ᠲᠡᠭᠡᠳᠦ  ᠰᠤᠷᠭᠠᠭᠤᠯᠢ ᠨᠢ  ᠭᠡᠷᠬᠢᠨ‌‍ᠬᠦ᠋ᠮᠦᠵᠢᠬᠦᠯᠬᠦ ᠪᠤᠢ︖        ᠰᠦᠢᠳᠭᠡᠯ  ᠭᠡᠯᠳᠦᠷᠢᠬᠦᠯᠦᠨ  ᠬᠠᠨᠳᠤᠯᠭ᠎ᠠ ᠲᠠᠢ ᠪᠠᠷ  ᠪᠠᠭᠰᠢ ᠶᠢᠨ  ᠰᠤᠷᠭᠠᠭᠤᠯᠢ ᠳᠤ  ᠰᠤᠷᠤᠭᠴᠢ   ᠬᠦᠮᠦᠵᠢᠬᠦᠯᠬᠦ‌‍ᠲ᠋ᠦ᠋ᠯᠦᠪᠯᠡᠭᠡ ᠶᠢ ᠭᠡᠷᠡᠭᠵᠢᠬᠦᠯᠬᠦ ᠭᠡᠪᠴᠢᠶ᠎ᠡ ᠪᠤᠯ ᠰᠤᠮᠤ ᠰᠢᠶᠠᠩ ᠪᠠᠯᠭᠠᠰᠤᠨ ᠤ  ᠲᠦᠪ᠂  ᠭᠠᠴᠠᠭ᠎ᠠ  ᠳᠤᠰᠬᠤᠨ  ᠵᠢᠴᠢ  ᠰᠣᠮᠣ‌‍ᠪᠠᠯᠭᠠᠰᠤᠨ ᠤ ᠮᠠᠯᠵᠢᠬᠤ ᠳᠠᠷᠢᠶᠠᠯᠠᠬᠤ ᠤᠷᠤᠨ ᠤ ᠠᠯᠪᠠᠨ  ᠵᠢᠷᠤᠮ ᠤᠨ  ᠰᠤᠷᠭᠠᠨ  ᠬᠦᠮᠦᠵᠢᠯ ᠤᠨ  ᠰᠤᠷᠭᠠᠭᠤᠯᠢ  ᠪᠤᠯᠤᠨ᠎ᠠ᠃ᠡᠯᠰᠡᠭᠳᠡᠬᠦ ᠡᠳᠡᠬᠡᠳ ᠨᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠡᠷᠦᠭᠡ ᠠᠮᠠ ᠶᠢᠨ ᠳᠠᠩᠰᠠ ᠲᠠᠢ  ᠮᠦᠷᠲᠡᠭᠡᠨ‌ᠮᠠᠨ ᠤ ᠤᠷᠤᠨ ᠤ ᠶᠡᠭᠡ ᠲᠡᠭᠡᠳᠦ  ᠰᠤᠷᠭᠠᠭᠤᠯᠢ ᠶᠢᠨ  ᠰᠢᠯᠭᠠᠯᠳᠠ ᠳᠤ  ᠤᠷᠤᠯᠴᠠᠬᠤ  ᠨᠦᠬᠦᠴᠡᠯ ᠳᠤ  ᠬᠦᠷᠦᠭᠰᠡᠨ  ᠦᠨᠳᠦᠷ‌‍ᠲ᠋ᠤᠮᠳᠠᠳᠤ ᠠᠴᠠ ᠲᠡᠬᠦᠰᠦᠭᠰᠡᠨ ᠰᠢᠯᠢᠳᠡᠭ ᠰᠤᠷᠤᠭᠴᠢᠳ ᠪᠤᠯᠤᠨ᠎ᠠ᠃         ᠮᠠᠨ ᠤ ᠤᠷᠤᠨ ᠤ  ᠠᠩᠬᠠᠳᠠᠭᠴᠢ  ︽ᠰᠦᠢᠳᠭᠡᠯ  ᠭᠡᠯᠳᠦᠷᠢᠬᠦᠯᠦᠨ  ᠬᠠᠨᠳᠤᠯᠭ᠎ᠠ ᠲᠠᠢ ᠪᠠᠷ  ᠪᠠᠭᠰᠢ  ᠬᠦᠮᠦᠵᠢᠬᠦᠯᠬᠦ‌‍ᠲ᠋ᠦ᠋ᠯᠦᠪᠯᠡᠭᠡ︾ ᠶᠢᠨ ᠳᠤᠷᠰᠢᠯᠳᠠ ᠶᠢᠨ ᠴᠢᠬ ᠤᠨ ᠰᠤᠷᠭᠠᠭᠤᠯᠢ ᠪᠤᠯᠬᠤ ᠦᠪᠦᠷ ᠮᠤᠩᠭᠤᠯ ᠤᠨ ᠪᠠᠭᠰᠢ ᠶᠢᠨ ᠶᠡᠭᠡ  ᠰᠤᠷᠭᠠᠭᠤᠯᠢ2017 ᠤᠨ ᠳᠤ ᠬᠢᠳᠠᠳ ᠭᠡᠯᠡ ᠤᠳᠬ᠎ᠠ ᠵᠤᠬᠢᠶᠠᠯ᠂ ᠮᠤᠩᠭᠤᠯ ᠭᠡᠯᠡ ᠤᠳᠬ᠎ᠠ  ᠵᠤᠬᠢᠶᠠᠯ᠂  ᠳᠤᠭᠠᠨ ᠤ  ᠤᠬᠠᠭᠠᠨ  ᠵᠢᠴᠢ‌‍ᠭᠡᠷᠡᠭᠯᠡᠭᠡᠨ ᠤ ᠳᠤᠭᠠᠨ ᠤ ᠤᠬᠠᠭᠠᠨ᠂ ᠠᠩᠭ᠍ᠯᠢ  ᠭᠡᠯᠡ᠂  ᠦᠵᠡᠯ  ᠰᠠᠨᠠᠭ᠎ᠠ  ᠤᠯᠤᠰ  ᠲᠦᠷᠦ ᠶᠢᠨ  ᠬᠦᠮᠦᠵᠢᠯ᠂  ᠲᠡᠤᠭᠡ ᠵᠢᠨ‌ᠤᠬᠠᠭᠠᠨ᠂ ᠭᠠᠵᠠᠷ ᠵᠦᠢ ᠶᠢᠨ ᠰᠢᠨᠵᠢᠯᠡᠬᠦ ᠤᠬᠠᠭᠠᠨ᠂ ᠠᠮᠢᠳᠤ ᠪᠤᠳᠠᠰ ᠤᠨ ᠰᠢᠨᠵᠢᠯᠡᠬᠦ ᠤᠬᠠᠭᠠᠨ᠂ ᠹᠢᠽᠢᠺ᠂  ᠬᠢᠮᠢ᠂  ᠳᠠᠭᠤᠤ‌‍ᠬᠦ᠋ᠭᠵᠢᠮ᠂ ᠪᠡᠶ᠎ᠡ ᠶᠢᠨ ᠳᠠᠮᠢᠷ ᠤᠨ ᠬᠦᠮᠦᠵᠢᠯ᠂ ᠤᠷᠠᠨ ᠵᠢᠷᠤᠭ᠂ ᠪᠦᠵᠢᠭ᠂ ᠺᠤᠮᠫᠢᠦ᠋ᠲ᠋ᠧᠷ ᠤᠨ ᠰᠢᠨᠵᠢᠯᠡᠬᠦ  ᠤᠬᠠᠭᠠᠨ  ᠬᠢᠭᠡᠳ‌ᠮᠡᠷᠭᠡᠵᠢᠯ᠂ ᠰᠡᠳᠬᠢᠴᠡ ᠵᠦᠢ᠂ ᠪᠠᠭ᠎ᠠ ᠰᠤᠷᠭᠠᠭᠤᠯᠢ ᠶᠢᠨ ᠰᠤᠷᠭᠠᠨ ᠬᠦᠮᠦᠵᠢᠯ ᠵᠡᠷᠭᠡ 17  ᠳᠤᠰᠬᠠᠢ  ᠮᠡᠷᠭᠡᠵᠢᠯ ᠳᠤ  386ᠰᠤᠷᠤᠭᠴᠢ ᠡᠯᠰᠡᠨ᠂ ᠬᠦᠯᠦᠨ ᠪᠤᠶᠢᠷ ᠬᠤᠳᠠ᠂ ᠬᠢᠩᠭᠠᠨ ᠠᠶᠢᠮᠠᠬ᠂ ᠤᠯᠠᠭᠠᠨᠴᠠᠪ ᠬᠤᠳᠠ᠂ ᠤᠷᠳᠤᠰ  ᠬᠤᠳᠠ᠂  ᠪᠠᠶᠠᠨᠨᠠᠭᠤᠷ‌ᠬᠤᠳᠠ ᠵᠡᠷᠭᠡ 5 ᠠᠶᠢᠮᠠᠬ ᠬᠤᠳᠠ ᠳᠤ ᠬᠠᠨᠳᠤᠯᠭ᠎ᠠ ᠲᠠᠢ ᠪᠠᠷ ᠠᠵᠢᠯ ᠤᠯᠭᠤᠬᠤ ᠪᠠᠷ ᠪᠤᠢ᠃       ᠮᠠᠨ ᠤ ᠤᠷᠤᠨ ᠤ  ᠰᠦᠢᠳᠭᠡᠯ  ᠭᠡᠯᠳᠦᠷᠢᠬᠦᠯᠦᠨ  ᠬᠠᠨᠳᠤᠯᠭ᠎ᠠ ᠲᠠᠢ ᠪᠠᠷ  ᠪᠠᠭᠰᠢ  ᠬᠦᠮᠦᠵᠢᠬᠦᠯᠬᠦ  ᠲᠦᠯᠦᠪᠯᠡᠭᠡ ᠵᠢ‌ᠡᠩ ᠤᠨ ᠦᠨᠳᠦᠰᠦᠨ ᠠᠩᠬᠢ ᠳᠤ ᠭᠡᠷᠡᠭᠵᠢᠬᠦᠯᠵᠦ᠂  ᠬᠦᠮᠦᠵᠢᠬᠦᠯᠬᠦ  ᠠᠵᠢᠯ ᠢ  ᠦᠪᠦᠷ  ᠮᠤᠩᠭᠤᠯ ᠤᠨ  ᠪᠠᠭᠰᠢ ᠶᠢᠨ  ᠶᠡᠭᠡ‌‍ᠰᠤᠷᠭᠠᠭᠤᠯᠢ ᠪᠠ ᠦᠪᠦᠷ ᠮᠤᠩᠭᠤᠯ ᠤᠨ ᠦᠨᠳᠦᠰᠦᠳᠡᠨ ᠤ ᠶᠡᠭᠡ ᠰᠤᠷᠭᠠᠭᠤᠯᠢ ᠠᠴᠠ ᠬᠠᠷᠢᠭᠤᠴᠠᠨ᠎ᠠ᠃ 2017  ᠤᠨ ᠳᠤ᠂ᠦᠪᠦᠷ  ᠮᠤᠩᠭᠤᠯ ᠤᠨ  ᠪᠠᠭᠰᠢ ᠶᠢᠨ  ᠶᠡᠭᠡ  ᠰᠤᠷᠭᠠᠭᠤᠯᠢ  ᠡᠩ  ᠲᠦᠷᠦᠬᠦᠨ ᠳᠤ  ᠳᠤᠷᠰᠢᠯᠳᠠ ᠶᠢᠨ  ᠴᠢᠬ ᠤᠨ   ᠠᠵᠢᠯ ᠢ‌ᠡᠬᠢᠯᠡᠬᠦᠯᠪᠠ᠃ ᠬᠠᠮᠢᠶ᠎ᠠ ᠪᠦᠬᠦᠢ ᠳᠤᠭᠳᠠᠭᠠᠯ ᠶᠤᠰᠤᠭᠠᠷ ᠳᠤᠰ  ᠡᠬᠦᠷᠭᠡ ᠶᠢ  ᠬᠠᠷᠢᠭᠤᠴᠠᠬᠤ  ᠰᠤᠷᠭᠠᠭᠤᠯᠢ  ᠡᠷᠭᠡᠪᠰᠢ  ᠶᠤᠰᠤ‌‍ᠰᠤᠷᠳᠠᠬᠤᠨ ᠤ  ᠬᠦᠮᠦᠵᠢᠯ ᠢᠶᠠᠷ  ᠤᠷᠢᠳᠠᠯ  ᠪᠤᠯᠭᠠᠨ᠂  ᠰᠤᠷᠭᠠᠨ  ᠬᠦᠮᠦᠵᠢᠯ ᠤᠨ  ᠮᠡᠳᠡᠭᠡ  ᠵᠠᠩᠬᠢᠵᠢᠯᠳᠠ ᠶᠢᠨ   ᠪᠦᠳᠦᠭᠡᠨ‌‍ᠪᠠᠶᠢᠭᠤᠯᠤᠯᠳᠠ  ᠪᠠ  ᠪᠠᠭᠰᠢ ᠶᠢᠨ  ᠳᠤᠰᠬᠠᠢᠢᠵᠢᠬᠰᠠᠨ   ᠬᠦᠮᠦᠵᠢᠯ ᠤᠨ   ᠰᠢᠨ᠎ᠡ   ᠱᠠᠭᠠᠷᠳᠠᠯᠭ᠎ᠠ ᠲᠠᠢ   ᠤᠶᠠᠯᠳᠤᠭᠤᠯᠤᠨ᠂ᠬᠦᠮᠦᠵᠢᠬᠦᠯᠬᠦ ᠬᠢᠴᠢᠶᠡᠯ ᠲᠦᠷᠦᠯ ᠤᠨ ᠰᠢᠰᠲ᠋ᠧᠮ ᠢᠶᠠᠨ  ᠰᠢᠨᠵᠢᠯᠡᠬᠦ  ᠤᠬᠠᠭᠠᠨᠴᠢ ᠪᠠᠷ  ᠳᠤᠬᠢᠷᠠᠭᠤᠯᠤᠨ᠂  ᠵᠢᠭᠠᠨ  ᠰᠤᠷᠭᠠᠬᠤ‌ᠭᠤᠭᠴᠤᠭ᠎ᠠ ᠶᠢᠨ  ᠭᠡᠷᠡᠭᠵᠢᠬᠦᠯᠦᠯᠳᠡ ᠪᠠᠨ   ᠴᠢᠩᠭᠠᠷᠠᠭᠤᠯᠤᠨ᠎ᠡ᠃   ᠰᠤᠷᠭᠠᠭᠤᠯᠢ ᠶᠢᠨ   ᠳᠤᠳᠤᠷᠠᠬᠢ   ᠰᠢᠯᠢᠳᠡᠭ   ᠵᠢᠭᠠᠨ‌‍ᠰᠤᠷᠭᠠᠯᠳᠠ ᠶᠢᠨ ᠡᠬᠢ  ᠪᠠᠶᠠᠯᠢᠬ ᠢᠶᠠᠨ  ᠨᠡᠶᠢᠳᠭᠡᠨ᠂  ᠰᠢᠯᠢᠳᠡᠭ  ᠪᠠᠭᠰᠢ  ᠪᠠ  ᠨᠡᠷᠡᠳᠦ  ᠪᠠᠭᠰᠢ ᠶᠢ  ᠰᠤᠩᠭᠤᠨ  ᠬᠢᠴᠢᠶᠡᠯ‌ᠤᠷᠤᠭᠤᠯᠵᠤ᠂  ᠰᠦᠢᠳᠭᠡᠯ   ᠭᠡᠯᠳᠦᠷᠢᠬᠦᠯᠦᠨ   ᠬᠠᠨᠳᠤᠯᠭ᠎ᠠ ᠲᠠᠢ ᠪᠠᠷ   ᠬᠦᠮᠦᠵᠢᠬᠦᠯᠬᠦ   ᠪᠠᠭᠰᠢ ᠶᠢᠨ   ᠰᠤᠷᠭᠠᠭᠤᠯᠢ ᠵᠢᠨ‌‍ᠰᠤᠷᠤᠭᠴᠢᠳ ᠲᠤ ᠦᠨᠳᠦᠷ ᠶᠠᠰᠤ ᠴᠢᠨᠠᠷ ᠲᠠᠢ ᠰᠤᠷᠭᠠᠨ ᠬᠦᠮᠦᠵᠢᠯ ᠬᠠᠩᠭᠠᠨ᠎ᠡ︔ ᠵᠢᠯᠤᠭᠤᠳᠤᠭᠴᠢ ᠪᠠᠭᠰᠢ  ᠳᠤᠬᠢᠷᠠᠭᠤᠯᠤᠨ᠂ᠬᠢᠴᠢᠶᠡᠯ  ᠲᠦᠷᠦᠯ ᠤᠨ  ᠰᠤᠷᠤᠯᠴᠠᠯᠭ᠎ᠠ ᠠᠴᠠ  ᠵᠢᠭᠠᠨ  ᠰᠤᠷᠭᠠᠯᠳᠠ ᠶᠢᠨ  ᠦᠢᠯᠡᠳᠦᠯᠭᠡ  ᠬᠦᠷᠲᠡᠭᠡᠬᠦ  ᠪᠦᠬᠦ  ᠶᠠᠪᠤᠴᠠ ᠳ᠋ᠤ᠋‌ᠵᠢᠯᠤᠭᠤᠳᠤᠯᠭ᠎ᠠ ᠬᠠᠩᠭᠠᠨ᠎ᠠ︔ ᠰᠦᠢᠳᠭᠡᠯ ᠭᠡᠯᠳᠦᠷᠢᠬᠦᠯᠦᠨ ᠬᠠᠨᠳᠤᠯᠭ᠎ᠠ ᠲᠠᠢ ᠪᠠᠷ ᠬᠦᠮᠦᠵᠢᠬᠦᠯᠬᠦ ᠪᠠᠭᠰᠢ ᠶᠢᠨ ᠰᠤᠷᠭᠠᠭᠤᠯᠢ ᠵᠢᠨ‌‍ᠰᠤᠷᠤᠭᠴᠢᠳ ᠰᠤᠷᠭᠠᠭᠤᠯᠢ ᠳᠤ ᠰᠣᠷᠣᠯᠴᠠᠵᠣ ᠪᠠᠶᠢᠬᠤ ᠬᠤᠭᠤᠴᠠᠭᠠᠨ ᠳᠠᠭᠠᠨ ᠰᠢᠯᠢᠳᠡᠭ  ᠳᠤᠮᠳᠠᠳᠤ  ᠪᠠᠭ᠎ᠠ  ᠰᠤᠷᠭᠠᠭᠤᠯᠢ ᠳ᠋ᠤ᠋‌‍ᠬᠦ᠋ᠷᠴᠦ ᠬᠠᠭᠠᠰ ᠵᠢᠯ ᠤᠨ ᠳᠠᠳᠤᠯᠭ᠎ᠠ ᠬᠢᠯᠭᠡᠬᠦ  ᠲᠦᠷᠢᠮ ᠢ  ᠪᠠᠶᠢᠭᠤᠯᠤᠨ  ᠲᠡᠬᠦᠯᠳᠡᠷᠵᠢᠬᠦᠯᠵᠦ᠂  ᠰᠦᠢᠳᠭᠡᠯ  ᠭᠡᠯᠳᠦᠷᠢᠬᠦᠯᠦᠨ‌ᠬᠠᠨᠳᠤᠯᠭ᠎ᠠ ᠲᠠᠢ ᠪᠠᠷ ᠬᠦᠮᠦᠵᠢᠬᠦᠯᠬᠦ ᠪᠠᠭᠰᠢ ᠶᠢᠨ ᠰᠤᠷᠭᠠᠭᠤᠯᠢ ᠶᠢᠨ ᠰᠤᠷᠤᠭᠴᠢᠳ ᠤᠨ ᠶᠡᠷᠦᠩᠭᠡᠶᠢᠯᠡᠭᠰᠡᠨ ᠴᠢᠨᠠᠷ ᠴᠢᠨᠰᠠᠭ᠎ᠠ ᠪᠠ‌ᠦᠢᠯᠡᠳᠦᠯᠭᠡ ᠶᠢᠨ ᠴᠢᠳᠠᠪᠤᠷᠢ ᠶᠢ ᠦᠨᠡᠨᠬᠦ ᠲᠡᠭᠡᠭᠰᠢᠯᠡᠬᠦᠯᠦᠨ᠂ ᠲᠡᠳᠡᠨ ᠤ ᠰᠤᠷᠭᠠᠨ ᠬᠦᠮᠦᠵᠢᠯ ᠳᠤ  ᠤᠷᠳᠤ  ᠬᠤᠭᠤᠴᠠᠭ᠎ᠠ ᠪᠠᠷ‌ᠦᠢᠯᠡᠴᠢᠯᠡᠬᠦ ᠢᠳᠡᠭᠡᠯ ᠪᠢᠰᠢᠷᠡᠯ ᠢ ᠨᠢ ᠪᠠᠳᠤᠳᠬᠠᠵᠤ᠂ ᠮᠠᠨ ᠤ  ᠤᠷᠤᠨ ᠤ  ᠰᠤᠮᠤ  ᠰᠢᠶᠠᠩ  ᠪᠠᠯᠭᠠᠰᠤᠨ ᠤ  ᠰᠤᠷᠭᠠᠭᠤᠯᠢ ᠳ᠋ᠤ᠋‌ᠤᠴᠢᠵᠤ ᠲᠡᠶᠢᠯᠬᠦ᠂ ᠰᠠᠭᠤᠵᠤ ᠲᠡᠶᠢᠯᠬᠦ᠂ ᠰᠠᠶᠢᠳᠤᠷ ᠵᠢᠭᠠᠨ ᠰᠤᠷᠭᠠᠬᠤ ᠨᠢᠭᠡ ᠪᠦᠯᠦᠭ ᠪᠠᠭᠰᠢ ᠶᠢ ᠬᠦᠮᠦᠵᠢᠬᠦᠯᠦᠨ᠎ᠡ᠃         ᠰᠦᠢᠳᠭᠡᠯ ᠭᠡᠯᠳᠦᠷᠢᠬᠦᠯᠦᠨ ᠬᠠᠨᠳᠤᠯᠭ᠎ᠠ ᠲᠠᠢ ᠪᠠᠷ  ᠬᠦᠮᠦᠵᠢᠬᠦᠯᠬᠦ  ᠰᠤᠷᠤᠭᠴᠢᠳ ᠢ  ᠶᠠᠭᠠᠬᠢᠵᠣ  ᠡᠯᠰᠡᠬᠦ  ᠪᠤᠢ︖ᠲᠡᠬᠦᠰᠦᠭᠰᠡᠨ ᠤ ᠳᠠᠷᠠᠭ᠎ᠠ ᠬᠠᠮᠢᠭ᠎ᠠ ᠠᠵᠢᠯ ᠤᠯᠭᠤᠬᠤ ᠪᠤᠢ︖         ᠰᠦᠢᠳᠭᠡᠯ  ᠭᠡᠯᠳᠦᠷᠢᠬᠦᠯᠦᠨ  ᠬᠠᠨᠳᠤᠯᠭ᠎ᠠ ᠲᠠᠢ ᠪᠠᠷ  ᠬᠦᠮᠦᠵᠢᠬᠦᠯᠬᠦ  ᠪᠠᠭᠰᠢ ᠶᠢᠨ  ᠡᠩᠨᠡᠭᠡᠨ ᠤ   ᠲᠦᠯᠦᠪᠯᠡᠭᠡ ᠳ᠋ᠤ᠋‌‍ᠰᠤᠷᠤᠭᠴᠢ ᠡᠯᠰᠡᠬᠦ ᠶᠢ ᠮᠠᠨ ᠤ ᠤᠷᠤᠨ ᠤ ᠡᠩ ᠤᠨ ᠶᠡᠭᠡ ᠲᠡᠭᠡᠳᠦ ᠰᠤᠷᠭᠠᠭᠤᠯᠢ ᠶᠢᠨ  ᠦᠨᠳᠦᠰᠦᠨ  ᠠᠩᠬᠢ ᠶᠢᠨ  ᠨᠢᠬᠡᠳᠦᠬᠡᠷ‌‍ᠪᠦ᠋ᠯᠦᠭ ᠡᠯᠰᠡᠬᠦ ᠲᠦᠯᠦᠪᠯᠡᠭᠡ ᠳᠤ ᠤᠷᠤᠭᠤᠯᠤᠨ᠎ᠡ︔ ᠨᠢᠬᠡᠳᠦᠬᠡᠷ ᠪᠦᠯᠦᠭ ᠰᠤᠷᠤᠭᠴᠢ ᠡᠯᠰᠡᠬᠦ  ᠳᠤᠮᠳᠠ  ᠰᠤᠷᠤᠭᠴᠢ  ᠡᠯᠰᠡᠬᠦ‌‍ᠲ᠋ᠦ᠋ᠯᠦᠪᠯᠡᠭᠡ ᠶᠢ ᠪᠡᠶᠡᠯᠡᠬᠦᠯᠵᠦ ᠲᠡᠶᠢᠯᠦᠭᠰᠡᠨ ᠦᠭᠡᠢ ᠪᠤᠯ ᠰᠤᠷᠭᠠᠭᠤᠯᠢ ᠶᠢᠨ ᠠᠳᠠᠯᠢ ᠪᠦᠯᠦᠭ  ᠤᠳᠠᠭᠠᠨ ᠤ  ᠨᠦᠬᠦᠨ  ᠡᠯᠰᠡᠬᠦ‌ᠡᠷᠡᠮᠡᠯᠵᠡᠯ ᠲᠠᠢ ᠬᠠᠮᠳᠤ ᠦᠯᠡᠳᠡᠭᠰᠡᠨ ᠲᠦᠯᠦᠪᠯᠡᠭᠡ ᠶᠢ ᠨᠡᠶᠢᠳᠡᠯᠡᠵᠦ᠂  ᠨᠦᠬᠦᠨ  ᠡᠯᠰᠡᠬᠦ  ᠰᠤᠷᠤᠭᠴᠢ ᠶᠢᠨ  ᠡᠷᠡᠮᠡᠯᠵᠡᠯ  ᠵᠢᠴᠢ‌ᠡᠯᠰᠡᠬᠦ ᠱᠠᠭᠠᠷᠳᠠᠯᠭ᠎ᠠ ᠶᠤᠰᠤᠭᠠᠷ ᠦᠨᠳᠦᠷ ᠬᠤᠪᠢ ᠠᠴᠠ ᠳᠤᠤᠷ᠎ᠠ ᠬᠤᠪᠢ ᠶᠢᠨ ᠲᠡᠰ ᠳᠠᠷᠠᠭᠠᠯᠠᠯ ᠢᠶᠠᠷ  ᠡᠯᠰᠡᠨ᠎ᠡ︔  ᠨᠦᠬᠦᠵᠦ‌ᠡᠯᠰᠡᠭᠰᠡᠨ ᠤ ᠳᠠᠷᠠᠭ᠎ᠠ᠂ ᠰᠤᠷᠤᠭᠴᠢ ᠡᠯᠰᠡᠬᠦ ᠲᠦᠯᠦᠪᠯᠡᠭᠡ ᠪᠠᠨ ᠮᠦᠨ ᠪᠡᠶᠡᠯᠡᠬᠦᠯᠦᠭᠰᠡᠨ  ᠦᠭᠡᠢ  ᠪᠤᠯ  ᠪᠤᠰᠤᠳ  ᠰᠦᠢᠳᠭᠡᠯ‌‍ᠭᠡᠯᠳᠦᠷᠢᠬᠦᠯᠬᠦ ᠦᠭᠡᠢ ᠪᠠᠭᠰᠢ ᠶᠢᠨ ᠰᠤᠷᠭᠠᠭᠤᠯᠢ ᠶᠢᠨ ᠰᠤᠷᠤᠭᠴᠢ ᠡᠯᠰᠡᠬᠦ ᠳᠤ ᠵᠤᠬᠢᠴᠠᠭᠤᠯᠤᠨ ᠳᠤᠬᠢᠷᠠᠭᠤᠯᠤᠨ᠎ᠠ᠃        ᠤᠢᠢᠯᠠᠭᠠᠭᠰᠠᠨ ᠢᠶᠠᠷ᠂ ᠶᠡᠭᠡ ᠲᠡᠭᠡᠳᠦ ᠰᠤᠷᠭᠠᠭᠤᠯᠢ ᠶᠢᠨ ᠰᠢᠯᠭᠠᠯᠳᠠ ᠳᠤ ᠤᠷᠤᠯᠴᠠᠭᠰᠠᠨ ᠡᠩ ᠤᠨ  ᠰᠤᠷᠤᠭᠴᠢ ᠲᠠᠢ‌ᠠᠳᠠᠯᠢ ᠪᠤᠰᠤ ᠨᠢ ᠰᠦᠢᠳᠭᠡᠯ ᠭᠡᠯᠳᠦᠷᠢᠬᠦᠯᠦᠨ ᠬᠠᠨᠳᠤᠯᠭ᠎ᠠ ᠲᠠᠢ ᠪᠠᠷ ᠬᠦᠮᠦᠵᠢᠬᠦᠯᠬᠦ ᠪᠠᠭᠰᠢ ᠶᠢᠨ ᠡᠩᠨᠡᠭᠡᠨ ᠤ ᠲᠦᠯᠦᠪᠯᠡᠭᠡ ᠳ᠋ᠤ᠋‌‍ᠰᠢᠯᠭᠠᠭᠤᠯᠬᠤ ᠰᠤᠷᠤᠭᠴᠢᠳ ᠢ ᠬᠦᠮᠦᠵᠢᠬᠦᠯᠬᠦ  ᠰᠤᠷᠭᠠᠭᠤᠯᠢ ᠨᠢ  ᠰᠤᠷᠤᠭᠴᠢ  ᠡᠯᠰᠡᠭᠰᠡᠨ ᠤ  ᠳᠠᠷᠠᠭᠠᠬᠢ  ᠨᠢᠭᠡ  ᠭᠠᠷᠠᠭ ‍ᠤᠨ‌‍ᠲ᠋ᠤᠳᠤᠷ᠎ᠠ ᠰᠦᠢᠳᠭᠡᠯ ᠭᠡᠯᠳᠦᠷᠢᠬᠦᠯᠦᠨ ᠬᠠᠨᠳᠤᠯᠭ᠎ᠠ ᠲᠠᠢ ᠪᠠᠷ ᠬᠦᠮᠦᠵᠢᠬᠦᠯᠬᠦ ᠪᠠᠭᠰᠢ ᠶᠢᠨ ᠰᠤᠷᠭᠠᠭᠤᠯᠢ ᠶᠢᠨ  ᠰᠤᠷᠤᠭᠴᠢᠳ ‍ᠤᠨ‌ᠦᠢᠯᠡᠴᠢᠯᠡᠬᠦ ᠤᠷᠤᠨ ᠳᠤᠭᠤᠷᠢᠭ ᠢ ᠦᠨᠳᠦᠰᠦᠯᠡᠨ᠂ ᠭᠤᠷᠪᠠᠨ ᠳᠠᠯ᠎ᠠ ᠶᠢᠨ ᠵᠦᠪᠳᠡᠯᠴᠡᠭᠡᠷ ᠤᠨ  ᠪᠢᠴᠢᠭ ᠲᠤ  ᠰᠤᠷᠤᠭᠴᠢ ᠵᠢᠨ‌ᠬᠠᠮᠢᠶ᠎ᠠ ᠪᠦᠬᠦᠢ ᠮᠡᠳᠡᠭᠡ ᠵᠠᠩᠬᠢ ᠶᠢ ᠳᠠᠭᠯᠠᠬᠤ ᠶᠢᠨ ᠬᠠᠮᠳᠤ ᠰᠤᠷᠭᠠᠭᠤᠯᠢ ᠶᠢᠨ ᠠᠯᠪᠠᠨ  ᠳᠠᠮᠠᠭ᠎ᠠ ᠶᠢ  ᠳᠠᠷᠤᠭᠰᠠᠨ ᠤ  ᠳᠠᠷᠠᠭ᠎ᠠ‌‍ᠰᠤᠷᠤᠭᠴᠢ ᠶᠢᠨ ᠦᠢᠯᠡᠴᠢᠯᠡᠬᠦ ᠬᠤᠰᠢᠭᠤ  ᠰᠢᠶᠠᠨ  ︵ᠬᠤᠳᠠ᠂  ᠳᠤᠭᠤᠷᠢᠭ︶ ᠤ  ᠰᠤᠷᠭᠠᠨ  ᠬᠦᠮᠦᠵᠢᠯ ᠤᠨ  ᠳᠤᠪᠴᠢᠶ᠎ᠠ ᠳ᠋ᠤ᠋‌ᠢᠯᠡᠭᠡᠨ᠎ᠡ᠃ ᠬᠤᠰᠢᠭᠤ ᠰᠢᠶᠠᠨ  ︵ᠬᠤᠳᠠ᠂  ᠳᠤᠭᠤᠷᠢᠭ︶ ᠤ  ᠰᠤᠷᠭᠠᠨ  ᠬᠦᠮᠦᠵᠢᠯ ᠤᠨ  ᠳᠤᠪᠴᠢᠶ᠎ᠠ ᠠᠴᠠ  ᠵᠤᠬᠢᠴᠠᠭᠤᠯᠤᠨ‌ᠭᠤᠷᠪᠠᠨ ᠳᠠᠯ᠎ᠠ ᠶᠢᠨ  ᠵᠦᠪᠳᠡᠯᠴᠡᠭᠡᠷ ᠤᠨ  ᠪᠢᠴᠢᠭ  ᠲᠡᠭᠡᠷ᠎ᠡ  ᠬᠤᠰᠢᠭᠤ  ᠰᠢᠶᠠᠨ  ︵ᠬᠤᠳᠠ᠂  ᠳᠤᠭᠤᠷᠢᠭ︶ ᠤ  ᠠᠷᠠᠳ ‍ᠤᠨ‌ᠵᠠᠰᠠᠭ ᠤᠨ  ᠤᠷᠳᠤᠨ ᠤ  ᠠᠯᠪᠠᠨ  ᠳᠠᠮᠠᠭ᠎ᠠ ᠶᠢ  ᠳᠠᠷᠤᠭᠤᠯᠤᠨ᠎ᠠ᠃  ᠡᠬᠦᠨ ᠤ   ᠬᠠᠮᠳᠤ᠂   ᠵᠦᠪᠳᠡᠯᠴᠡᠭᠡᠷ ᠤᠨ   ᠪᠢᠴᠢᠭ ᠢ‌ᠭᠠᠷᠳᠠᠭᠰᠠᠨ ᠠᠴᠠ ᠬᠤᠶᠢᠰᠢᠬᠢ 20 ᠠᠵᠢᠯᠯᠠᠬᠤ ᠡᠳᠦᠷ ᠤᠨ ᠳᠤᠳᠤᠷ᠎ᠠ ᠭᠠᠷ ᠤᠨ  ᠦᠰᠦᠭ  ᠵᠢᠷᠤᠵᠤ  ᠳᠠᠮᠠᠭ᠎ᠠ  ᠳᠠᠷᠤᠭᠰᠠᠨ‌ᠭᠤᠷᠪᠠᠨ  ᠳᠠᠯ᠎ᠠ ᠶᠢᠨ  ᠵᠦᠪᠳᠡᠯᠴᠡᠭᠡᠷ ᠤᠨ   ᠪᠢᠴᠢᠭ ᠢ   ᠬᠦᠮᠦᠵᠢᠬᠦᠯᠬᠦ   ᠰᠤᠷᠭᠠᠭᠤᠯᠢ ᠳᠤᠨᠢ   ᠢᠯᠡᠭᠡᠨ᠎ᠡ᠃   ᠰᠦᠢᠳᠭᠡᠯ‌‍ᠭᠡᠯᠳᠦᠷᠢᠬᠦᠯᠦᠨ ᠬᠠᠨᠳᠤᠯᠭ᠎ᠠ ᠲᠠᠢ ᠪᠠᠷ ᠬᠦᠮᠦᠵᠢᠬᠦᠯᠬᠦ ᠳᠤ  ᠡᠯᠰᠡᠭᠳᠡᠬᠦ ᠪᠠᠷ  ᠪᠠᠶᠢᠭ᠎ᠠ  ᠰᠤᠷᠤᠭᠴᠢ  ᠡᠷᠭᠡᠪᠰᠢ  ᠡᠯᠰᠡᠭᠳᠡᠬᠦ ᠡᠴᠠ‌ᠤᠷᠢᠳ ᠬᠤᠰᠢᠭᠤ ᠰᠢᠶᠠᠨ ︵ᠬᠤᠳᠠ᠂ ᠳᠤᠭᠤᠷᠢᠭ︶   ᠤ  ᠰᠤᠷᠭᠠᠨ  ᠬᠦᠮᠦᠵᠢᠯ ᠤᠨ  ᠳᠤᠪᠴᠢᠶᠠᠨ ᠳᠤ  ᠬᠦᠷᠴᠦ᠂  ᠭᠤᠷᠪᠠᠨ‌‍ᠲ᠋ᠠᠯ᠎ᠠ ᠶᠢᠨ ᠵᠦᠪᠳᠡᠯᠴᠡᠭᠡᠷ ᠤᠨ ᠪᠢᠴᠢᠭ ᠲᠤ ᠭᠠᠷ ᠤᠨ ᠦᠰᠦᠭ ᠵᠢᠷᠤᠪᠠᠯ ᠡᠯᠰᠡᠬᠦ  ᠮᠡᠳᠡᠭᠳᠡᠯ ᠤᠨ  ᠪᠢᠴᠢᠭ ᠨᠢ  ᠬᠦᠴᠦᠨ ᠲᠠᠢ‌‍ᠪᠤᠯᠤᠨ᠎ᠠ︔ ᠭᠡᠷᠪᠡ ᠰᠤᠷᠤᠭᠴᠢ ᠪᠠ ᠭᠡᠷ ᠤᠨ ᠠᠬᠠᠮᠠᠳ ᠨᠢ ᠵᠦᠪᠳᠡᠯᠴᠡᠭᠡᠷ ᠤᠨ ᠪᠢᠴᠢᠭ ᠲᠡᠭᠡᠷ᠎ᠡ ᠭᠠᠷ ᠤᠨ ᠦᠰᠦᠭ ᠵᠢᠷᠤᠬᠤ ᠵᠢ‌‍ᠲ᠋ᠡᠪᠴᠢᠪᠡᠯ᠂ ᠰᠦᠢᠳᠭᠡᠯ ᠭᠡᠯᠳᠦᠷᠢᠬᠦᠯᠦᠨ ᠬᠠᠨᠳᠤᠯᠭ᠎ᠠ ᠲᠠᠢ ᠪᠠᠷ  ᠬᠦᠮᠦᠵᠢᠬᠦᠯᠬᠦ  ᠪᠠᠭᠰᠢ ᠶᠢᠨ  ᠰᠤᠷᠭᠠᠭᠤᠯᠢ ᠶᠢᠨ  ᠰᠤᠷᠤᠭᠴᠢ‌ᠡᠯᠰᠡᠬᠦ ᠬᠢᠷᠢ ᠭᠡᠮ ᠢᠶᠠᠨ ᠰᠠᠶᠢᠨ ᠳᠤᠷ᠎ᠠ ᠠᠴᠠ ᠪᠠᠨ ᠳᠡᠪᠴᠢᠭᠰᠡᠨ ᠢᠶᠠᠷ  ᠦᠵᠡᠨ᠂  ᠡᠯᠰᠡᠬᠦ  ᠰᠤᠷᠭᠠᠭᠤᠯᠢ ᠨᠢ  ᠵᠤᠬᠢᠴᠠᠭᠤᠯᠤᠨ‌‍ᠲ᠋ᠤᠬᠢᠷᠠᠭᠤᠯᠬᠤ ᠦᠭᠡᠢ ᠳᠤᠯᠠ ᠡᠬᠦᠨ ᠠᠴᠠ ᠪᠤᠯᠤᠭᠰᠠᠨ ᠠᠯᠢᠪᠠ  ᠬᠠᠷᠢᠭᠤᠴᠠᠯᠭ᠎ᠠ ᠶᠢ  ᠰᠤᠷᠤᠭᠴᠢ  ᠪᠠ  ᠭᠡᠷ ᠤᠨ  ᠠᠬᠠᠮᠠᠳ‌ᠦᠪᠡᠰᠦᠪᠡᠨ ᠬᠠᠷᠢᠭᠤᠴᠠᠨ᠎ᠠ᠃ ᠡᠬᠦᠨ ᠠᠴᠠ ᠭᠠᠳᠠᠨ᠎ᠠ᠂  ᠰᠦᠢᠳᠭᠡᠯ  ᠭᠡᠯᠳᠦᠷᠢᠬᠦᠯᠦᠨ  ᠬᠠᠨᠳᠤᠯᠭ᠎ᠠ ᠲᠠᠢ ᠪᠠᠷ  ᠬᠦᠮᠦᠵᠢᠬᠦᠯᠬᠦ‌‍ᠪᠠᠭᠰᠢ ᠶᠢᠨ  ᠰᠤᠷᠭᠠᠭᠤᠯᠢ ᠶᠢᠨ  ᠰᠤᠷᠤᠭᠴᠢ  ᠰᠤᠷᠭᠠᠭᠤᠯᠢ  ᠪᠠ  ᠳᠤᠰᠬᠠᠢ  ᠮᠡᠷᠭᠡᠵᠢᠯ ᠳᠡᠭᠡᠨ  ᠳᠤᠬᠢᠷᠠᠭᠤᠯᠤᠯᠳᠠ  ᠬᠢᠬᠦ ᠪᠠᠷ‌ᠭᠤᠶᠤᠴᠢᠯᠠᠵᠤ ᠪᠤᠯᠬᠤ ᠦᠭᠡᠢ᠂ ᠰᠤᠷᠭᠠᠭᠤᠯᠢ ᠳᠤ ᠰᠤᠷᠤᠯᠴᠠᠵᠤ ᠪᠠᠶᠢᠭ᠎ᠠ ᠬᠤᠭᠤᠴᠠᠭᠠᠨ ᠳᠠᠭᠠᠨ ᠤᠯᠤᠰ ᠤᠨ  ᠡᠩ ᠤᠨ  ᠶᠡᠭᠡ‌‍ᠲ᠋ᠡᠭᠡᠳᠦ  ᠰᠤᠷᠭᠠᠭᠤᠯᠢ ᠶᠢᠨ  ᠦᠨᠳᠦᠰᠦᠨ  ᠠᠩᠬᠢ ᠶᠢᠨ  ᠬᠠᠮᠢᠶ᠎ᠠ  ᠪᠦᠬᠦᠢ  ᠲᠦᠷᠦ ᠶᠢᠨ  ᠪᠤᠳᠤᠯᠭ᠎ᠠ ᠶᠢᠨ   ᠬᠠᠷᠠᠭᠠᠯᠵᠠᠯ ᠢ‌‍ᠬᠦ᠋ᠷᠲᠡᠨ᠎ᠡ᠃   ᠰᠦᠢᠳᠭᠡᠯ   ᠭᠡᠯᠳᠦᠷᠢᠬᠦᠯᠦᠨ   ᠬᠠᠨᠳᠤᠯᠭ᠎ᠠ ᠲᠠᠢ ᠪᠠᠷ   ᠬᠦᠮᠦᠵᠢᠬᠦᠯᠬᠦ   ᠪᠠᠭᠰᠢ ᠶᠢᠨ   ᠰᠤᠷᠭᠠᠭᠤᠯᠢ ᠵᠢᠨ‌‍ᠰᠤᠷᠤᠭᠴᠢᠳ ᠲᠤ  ᠠᠵᠢᠯ ᠤᠨ  ᠪᠠᠶᠢᠷᠢ ᠳᠠᠭᠠᠨ  ᠭᠠᠷᠤᠭᠰᠠᠭᠠᠷ  ᠰᠦᠢᠳᠭᠡᠯ ᠢ ᠨᠢ  ᠪᠤᠴᠠᠭᠠᠬᠤ  ᠲᠦᠷᠦ ᠶᠢᠨ  ᠪᠤᠳᠤᠯᠭ᠎ᠠ ᠵᠢ‌‍ᠭᠡᠷᠡᠭᠵᠢᠬᠦᠯᠵᠣ᠂  ᠲᠡᠬᠦᠰᠦᠭᠰᠡᠨ ᠤ  ᠳᠠᠷᠠᠭ᠎ᠠ  ᠨᠡᠷ᠎ᠡ  ᠮᠡᠳᠡᠬᠦᠯᠦᠨ   ᠰᠢᠯᠭᠠᠭᠤᠯᠬᠤ ᠳᠠᠭᠠᠨ   ᠵᠦᠪᠳᠡᠯᠴᠡᠭᠡᠷ   ᠳᠤᠭᠳᠠᠭᠰᠠᠨ‌ᠭᠠᠵᠠᠷ ᠲᠠᠭᠠᠨ ᠬᠦᠷᠴᠦ ᠠᠵᠢᠯ ᠤᠨ ᠪᠠᠶᠢᠷᠢᠨ ᠳᠤ ᠭᠠᠷᠤᠭᠰᠠᠨ ᠤ ᠰᠡᠬᠦᠯᠡᠷ ᠬᠤᠰᠢᠭᠤ  ᠰᠢᠶᠠᠨ  ︵ᠬᠤᠳᠠ᠂  ᠳᠤᠭᠤᠷᠢᠭ︶  ‍ᠤ‌‍ᠰᠤᠷᠭᠠᠨ ᠬᠦᠮᠦᠵᠢᠯ ᠤᠨ ᠳᠤᠪᠴᠢᠶᠠᠨ ᠳᠤ ᠬᠦᠷᠴᠦ ᠰᠤᠷᠭᠠᠭᠤᠯᠢ ᠳᠤ ᠪᠠᠶᠢᠭ᠎ᠠ ᠬᠤᠭᠤᠴᠠᠭᠠᠨ ᠳᠤ  ᠳᠤᠰᠢᠶᠠᠬᠰᠠᠨ  ᠪᠦᠬᠦ᠋ᠢᠯᠡ‌‍ᠰᠤᠷᠤᠯᠭ᠎ᠠ ᠶᠢᠨ  ᠰᠦᠢᠳᠭᠡᠯ  ᠪᠠ  ᠪᠠᠶᠢᠷᠢ ᠶᠢᠨ  ᠰᠦᠢᠳᠭᠡᠯ ᠢᠶᠠᠨ  ᠪᠤᠴᠠᠭᠠᠨ  ᠠᠪᠤᠨ᠎ᠠ᠃   ᠰᠦᠢᠳᠭᠡᠯ   ᠭᠡᠯᠳᠦᠷᠢᠬᠦᠯᠦᠨ‌ᠬᠠᠨᠳᠤᠯᠭ᠎ᠠ ᠲᠠᠢ ᠪᠠᠷ ᠬᠦᠮᠦᠵᠢᠬᠦᠯᠬᠦ  ᠪᠠᠭᠰᠢ ᠶᠢᠨ  ᠰᠤᠷᠭᠠᠭᠤᠯᠢ ᠶᠢᠨ  ᠰᠤᠷᠤᠭᠴᠢᠳ  ᠲᠡᠬᠦᠰᠦᠭᠰᠡᠨ ᠤ  ᠳᠠᠷᠠᠭ᠎ᠠ  ᠳᠤᠷᠰᠢᠨ‌‍ᠬᠢᠴᠢᠶᠡᠯᠯᠡᠬᠦ ᠪᠠ ᠦᠨᠡᠯᠡᠨ ᠰᠢᠯᠭᠠᠯᠳᠠ ᠳᠤ ᠬᠢᠷᠢ  ᠲᠡᠩᠴᠡᠪᠡᠯ  ᠬᠠᠨᠳᠤᠯᠭ᠎ᠠ  ᠳᠤᠭᠳᠠᠭᠠᠭᠰᠠᠨ  ᠰᠤᠷᠭᠠᠭᠤᠯᠢ ᠳᠠᠭᠠᠨ  ᠬᠦᠷᠴᠦ‌ᠠᠵᠢᠯᠯᠠᠨ᠂ ᠳᠤᠰ  ᠭᠠᠵᠠᠷ  ᠤᠷᠤᠨ ᠤ ᠬᠢᠨ  ᠰᠤᠷᠭᠠᠨ  ᠬᠦᠮᠦᠵᠢᠯ ᠤᠨ  ᠰᠠᠯᠠᠭ᠎ᠠ  ᠮᠦᠴᠢᠷ ᠠᠴᠠ  ᠤᠷᠤᠨ  ᠳᠤᠭ᠎ᠠ ᠶᠢ ᠨᠢ‌ᠨᠠᠶᠢᠳᠠᠪᠤᠷᠢᠵᠢᠭᠤᠯᠬᠤ ᠠᠵᠢᠯ ᠢ ᠬᠠᠷᠢᠭᠤᠴᠠᠨ᠂ ᠴᠠᠯᠢᠩ  ᠮᠦᠩᠬᠦ ᠶᠢ ᠨᠢ  ᠴᠤ  ᠡᠳ᠋ ᠤᠨ  ᠵᠠᠰᠠᠭ ᠠᠴᠠ  ᠨᠢᠭᠡᠳᠦᠯᠳᠡᠢ  ᠦᠭᠬᠦ‌‍ᠲ᠋ᠠᠩᠰᠠᠨ ᠳᠤ ᠤᠷᠤᠭᠤᠯᠤᠨ᠎ᠠ᠃       ᠰᠦᠢᠳᠭᠡᠯ ᠭᠡᠯᠳᠦᠷᠢᠬᠦᠯᠦᠨ ᠬᠠᠨᠳᠤᠯᠭ᠎ᠠ ᠲᠠᠢ ᠪᠠᠷ ᠬᠦᠮᠦᠵᠢᠬᠦᠯᠬᠦ ᠪᠠᠭᠰᠢ ᠶᠢᠨ ᠰᠤᠷᠭᠠᠭᠤᠯᠢ ᠶᠢᠨ  ᠰᠤᠷᠤᠭᠴᠢᠳ ‍ᠤᠨ‌‍ᠲ᠋ᠡᠬᠦᠰᠦᠭᠰᠡᠨ ᠤ ᠳᠠᠷᠠᠭ᠎ᠠ ᠵᠦᠪᠳᠡᠯᠴᠡᠭᠡᠷ ᠢᠶᠠᠨ ᠬᠦᠢᠴᠡᠳᠭᠡᠬᠦ ᠪᠠᠶᠢᠳᠠᠯ ᠢ ᠶᠠᠭᠠᠬᠢᠵᠣ ᠬᠠᠣᠯᠢ ᠪᠠᠷ ᠲᠦᠷᠢᠮᠵᠢᠬᠦᠯᠬᠦ ᠪᠤᠢ︖       ᠰᠦᠢᠳᠭᠡᠯ ᠭᠡᠯᠳᠦᠷᠢᠬᠦᠯᠦᠨ ᠬᠠᠨᠳᠤᠯᠭ᠎ᠠ ᠲᠠᠢ ᠪᠠᠷ  ᠬᠦᠮᠦᠵᠢᠬᠦᠯᠬᠦ  ᠪᠠᠭᠰᠢ ᠶᠢᠨ  ᠰᠤᠷᠭᠠᠭᠤᠯᠢ ᠶᠢᠨ  ᠰᠤᠷᠤᠭᠴᠢᠳ‌‍ᠲ᠋ᠡᠬᠦᠰᠦᠭᠰᠡᠨ ᠤ  ᠳᠠᠷᠠᠭ᠎ᠠ  ᠡᠷᠭᠡᠪᠰᠢ  ᠰᠤᠷᠭᠠᠭᠤᠯᠢ ᠳᠤ  ᠤᠷᠤᠬᠤ ᠠᠴᠠ  ᠡᠮᠦᠨ᠎ᠡ  ᠳᠤᠭᠳᠠᠭᠰᠠᠨ   ᠭᠤᠷᠪᠠᠨ   ᠳᠠᠯ᠎ᠠ ᠵᠢᠨ‌ᠵᠦ᠋ᠪᠳᠡᠯᠴᠡᠭᠡᠷ ᠲᠤ ᠳᠤᠭᠳᠠᠭᠰᠠᠨ ᠰᠤᠮᠤ ᠰᠢᠶᠠᠩ ᠪᠠᠯᠭᠠᠰᠤᠨ ᠤ ᠲᠦᠪ᠂ ᠭᠠᠴᠠᠭ᠎ᠠ  ᠳᠤᠰᠬᠤᠨ  ᠵᠢᠴᠢ  ᠰᠣᠮᠣ  ᠪᠠᠯᠭᠠᠰᠤᠨ ‍ᠤ‌ᠮᠠᠯᠵᠢᠬᠤ  ᠳᠠᠷᠢᠶᠠᠯᠠᠬᠤ  ᠤᠷᠤᠨ ᠤ  ᠠᠯᠪᠠᠨ  ᠵᠢᠷᠤᠮ ᠤᠨ  ᠰᠤᠷᠭᠠᠭᠤᠯᠢ ᠳᠤ  ᠬᠦᠷᠴᠦ  ᠪᠠᠭᠰᠢᠯᠠᠬᠤ   ᠵᠦᠪᠳᠡᠯᠴᠡᠭᠡᠷ ᠵᠶ᠋ᠠᠨ‌‍ᠪᠡᠶᠡᠯᠡᠬᠦᠯᠵᠦ᠂ ᠨᠠᠭᠠᠳᠤ ᠵᠠᠬ᠎ᠠ ᠳᠠᠭᠠᠨ 6  ᠵᠢᠯ  ᠦᠢᠯᠡᠴᠢᠯᠡᠬᠦ  ᠭᠡᠷᠡᠭᠳᠡᠢ᠃  ᠦᠢᠯᠡᠴᠢᠯᠡᠬᠦ  ᠬᠤᠭᠤᠴᠠᠭᠠᠨ ᠳᠠᠭᠠᠨ  ᠪᠦᠬᠦᠯᠢ‌ᠡᠳᠦᠷ ᠤᠨ ᠲᠦᠷᠢᠮᠳᠦ ᠠᠰᠫᠢᠷᠠᠨᠲ ᠰᠢᠯᠭᠠᠭᠤᠯᠵᠤ ᠪᠤᠯᠬᠤ ᠦᠭᠡᠢ᠃ ᠦᠢᠯᠡᠴᠢᠯᠡᠬᠦ ᠬᠤᠭᠤᠴᠠᠭ᠎ᠠ ᠨᠢ 6 ᠵᠢᠯ  ᠬᠦᠢᠴᠡᠭᠰᠡᠨ ‍ᠤ‌‍ᠲ᠋ᠠᠷᠠᠭ᠎ᠠ᠂ ᠬᠤᠰᠢᠭᠤ ᠰᠢᠶᠠᠨ ︵ᠬᠤᠳᠠ᠂ ᠳᠤᠭᠤᠷᠢᠭ︶ ᠤ ᠬᠤᠳᠠ ᠬᠦᠳᠡᠭᠡ ᠶᠢᠨ ᠪᠠᠭᠰᠢ ᠶᠢᠨ ᠰᠤᠯᠢᠯᠴᠠᠭᠠᠨ ᠤ ᠭᠡᠪᠴᠢᠶᠡᠨ ᠳ᠋ᠤ᠋‌ᠨᠢᠭᠡᠳᠦᠯᠳᠡᠢ ᠤᠷᠤᠭᠤᠯᠤᠨ᠎ᠠ᠃ ᠵᠦᠪᠳᠡᠯᠴᠡᠭᠡᠷ ᠠᠴᠠ ᠵᠦᠷᠢᠴᠡᠭᠰᠡᠨ ᠭᠡᠷᠡᠭ ᠤᠨ ᠬᠠᠮᠢᠶᠠᠷᠤᠯᠳᠠ ᠶᠢᠨ  ᠳᠠᠯ᠎ᠠ ᠪᠠᠷ᠂  ᠰᠦᠢᠳᠭᠡᠯ‌‍ᠭᠡᠯᠳᠦᠷᠢᠬᠦᠯᠦᠨ ᠬᠠᠨᠳᠤᠯᠭ᠎ᠠ ᠲᠠᠢ ᠪᠠᠷ ᠬᠦᠮᠦᠵᠢᠬᠦᠯᠬᠦ ᠪᠠᠭᠰᠢ ᠶᠢᠨ ᠰᠤᠷᠭᠠᠭᠤᠯᠢ ᠶᠢᠨ ᠲᠡᠬᠦᠰᠬᠦ  ᠰᠤᠷᠤᠭᠴᠢᠳ  ᠵᠦᠪᠳᠡᠯᠴᠡᠭᠡᠷ‌‍ᠶᠤᠰᠤᠭᠠᠷ ᠳᠤᠭᠳᠠᠭᠰᠠᠨ ᠬᠠᠨᠳᠤᠯᠭ᠎ᠠ ᠲᠠᠢ  ᠰᠤᠮᠤ  ᠰᠢᠶᠠᠩ  ᠪᠠᠯᠭᠠᠰᠤᠨ ᠤ  ᠲᠦᠪ᠂  ᠭᠠᠴᠠᠭ᠎ᠠ  ᠳᠤᠰᠬᠤᠨ  ᠵᠢᠴᠢ  ᠰᠣᠮᠣ‌‍ᠪᠠᠯᠭᠠᠰᠤᠨ ᠤ ᠮᠠᠯᠵᠢᠬᠤ ᠳᠠᠷᠢᠶᠠᠯᠠᠬᠤ ᠤᠷᠤᠨ ᠤ ᠠᠯᠪᠠᠨ ᠵᠢᠷᠤᠮ ᠤᠨ  ᠰᠤᠷᠭᠠᠨ  ᠬᠦᠮᠦᠵᠢᠯ ᠤᠨ  ᠰᠤᠷᠭᠠᠭᠤᠯᠢ ᠳᠤ  ᠬᠦᠷᠴᠦ‌ᠠᠵᠢᠯᠯᠠᠭᠰᠠᠨ ᠦᠭᠡᠢ ᠪᠤᠯ ᠰᠤᠷᠭᠠᠭᠤᠯᠢ ᠳᠤ ᠪᠠᠶᠢᠬᠤ  ᠬᠤᠭᠤᠴᠠᠭᠠᠨ ᠳᠠᠬᠢ  ᠰᠤᠷᠤᠯᠭ᠎ᠠ ᠶᠢᠨ  ᠰᠦᠢᠳᠭᠡᠯ  ᠪᠠ  ᠪᠠᠶᠢᠷᠢ ᠵᠢᠨ‌‍ᠰᠦ᠋ᠢᠳᠭᠡᠯ ᠤᠨ  ᠨᠡᠶᠢᠯᠡᠪᠦᠷᠢ ᠶᠢᠨ  50% ᠤᠨ  ᠵᠦᠪᠳᠡᠯᠴᠡᠭᠡᠷ ᠠᠴᠠ  ᠵᠦᠷᠢᠴᠡᠭᠰᠡᠨ  ᠮᠦᠩᠬᠦ ᠶᠢ  ᠳᠤᠭᠳᠠᠭᠠᠯ   ᠶᠤᠰᠤᠭᠠᠷ‌‍ᠲ᠋ᠤᠰᠢᠶᠠᠬᠤ ᠭᠡᠷᠡᠭᠳᠡᠢ︔ ᠵᠦᠪᠳᠡᠯᠴᠡᠭᠡᠷ ᠢᠶᠠᠨ 3 ᠵᠢᠯ ᠬᠦᠢᠴᠡᠳᠡᠯ᠎ᠡ ᠪᠡᠶᠡᠯᠡᠬᠦᠯᠦᠭᠰᠡᠨ ᠦᠭᠡᠢ ᠪᠤᠯ  ᠰᠤᠷᠭᠠᠭᠤᠯᠢ ᠳᠤ  ᠪᠠᠶᠢᠬᠤ‌ᠬᠤᠭᠤᠴᠠᠭᠠᠨ ᠳᠠᠬᠢ ᠪᠦᠬᠦ᠋ᠢᠯᠡ ᠰᠤᠷᠤᠯᠭ᠎ᠠ ᠶᠢᠨ  ᠰᠦᠢᠳᠭᠡᠯ  ᠪᠠ  ᠪᠠᠶᠢᠷᠢ ᠶᠢᠨ  ᠰᠦᠢᠳᠭᠡᠯ ᠢᠶᠠᠨ  ᠳᠤᠭᠳᠠᠭᠠᠯ  ᠶᠤᠰᠤᠭᠠᠷ‌‍ᠪᠤᠴᠠᠭᠠᠬᠤ ᠶᠢᠨ  ᠬᠠᠮᠳᠤ  ᠰᠤᠷᠭᠠᠭᠤᠯᠢ ᠳᠤ  ᠪᠠᠶᠢᠬᠤ  ᠬᠤᠭᠤᠴᠠᠭᠠᠨ ᠤ  ᠰᠤᠷᠤᠯᠭ᠎ᠠ ᠶᠢᠨ  ᠰᠦᠢᠳᠭᠡᠯ   ᠪᠠ   ᠪᠠᠶᠢᠷᠢ ᠵᠢᠨ‌‍ᠰᠦ᠋ᠢᠳᠭᠡᠯ ᠤᠨ  ᠨᠡᠶᠢᠯᠡᠪᠦᠷᠢ ᠶᠢᠨ  40% ᠤᠨ  ᠵᠦᠪᠳᠡᠯᠴᠡᠭᠡᠷ ᠠᠴᠠ  ᠵᠦᠷᠢᠴᠡᠭᠰᠡᠨ  ᠮᠦᠩᠬᠦ   ᠳᠤᠰᠢᠶᠠᠬᠤ   ᠭᠡᠷᠡᠭᠳᠡᠢ︔ᠵᠦᠪᠳᠡᠯᠴᠡᠭᠡᠷ ᠢᠶᠠᠨ ᠬᠦᠢᠴᠡᠳᠭᠡᠭᠡᠳ ᠪᠦᠳᠦᠨ 6 ᠵᠢᠯ ᠪᠤᠯᠤᠭᠰᠠᠨ ᠦᠭᠡᠢ  ᠪᠤᠯ  ᠳᠤᠭᠳᠠᠭᠠᠯ  ᠶᠤᠰᠤᠭᠠᠷ  ᠰᠤᠷᠭᠠᠭᠤᠯᠢ ᠳ᠋ᠤ᠋‌‍ᠪᠠᠶᠢᠬᠤ ᠬᠤᠭᠤᠴᠠᠭᠠᠨ ᠳᠠᠬᠢ ᠪᠦᠬᠦ᠋ᠢᠯᠡ ᠰᠤᠷᠤᠯᠭ᠎ᠠ ᠶᠢᠨ ᠰᠦᠢᠳᠭᠡᠯ  ᠪᠠ  ᠪᠠᠶᠢᠷᠢ ᠶᠢᠨ  ᠰᠦᠢᠳᠭᠡᠯ ᠢᠶᠠᠨ  ᠪᠤᠴᠠᠭᠠᠬᠤ ᠵᠢᠨ‌ᠬᠠᠮᠳᠤ ᠰᠤᠷᠭᠠᠭᠤᠯᠢ ᠳᠤ  ᠪᠠᠶᠢᠬᠤ  ᠬᠤᠭᠤᠴᠠᠭᠠᠨ ᠳᠠᠬᠢ  ᠰᠤᠷᠤᠯᠭ᠎ᠠ ᠶᠢᠨ  ᠰᠦᠢᠳᠭᠡᠯ  ᠪᠠ  ᠪᠠᠶᠢᠷᠢ ᠶᠢᠨ  ᠰᠦᠢᠳᠭᠡᠯ ‍ᠤᠨ‌ᠨᠡᠶᠢᠯᠡᠪᠦᠷᠢ ᠶᠢᠨ 30% ᠤᠨ ᠵᠦᠪᠳᠡᠯᠴᠡᠭᠡᠷ ᠠᠴᠠ ᠵᠦᠷᠢᠴᠡᠭᠰᠡᠨ ᠮᠦᠩᠬᠦ ᠳᠤᠰᠢᠶᠠᠬᠤ ᠭᠡᠷᠡᠭᠳᠡᠢ᠃  ᠡᠬᠦᠨ ᠠᠴᠠ  ᠭᠠᠳᠠᠨ᠎ᠠ᠂ᠰᠦᠢᠳᠭᠡᠯ ᠭᠡᠯᠳᠦᠷᠢᠬᠦᠯᠦᠨ ᠬᠠᠨᠳᠤᠯᠭ᠎ᠠ ᠲᠠᠢ ᠪᠠᠷ ᠬᠦᠮᠦᠵᠢᠬᠦᠯᠬᠦ ᠪᠠᠭᠰᠢ ᠶᠢᠨ  ᠰᠤᠷᠭᠠᠭᠤᠯᠢ ᠶᠢᠨ  ᠰᠤᠷᠤᠭᠴᠢ  ᠳᠤᠭᠳᠠᠭᠰᠠᠨ‌‍ᠰᠤᠷᠤᠯᠴᠠᠬᠤ ᠲᠦᠷᠢᠮ ᠤᠨ ᠳᠤᠳᠤᠷ᠎ᠠ ᠬᠢᠴᠢᠶᠡᠯ ᠰᠤᠷᠤᠯᠭ᠎ᠠ  ︵ᠰᠤᠷᠤᠯᠭ᠎ᠠ ᠪᠠᠨ  ᠵᠤᠭᠰᠤᠭᠰᠠᠨ ᠢ  ᠪᠠᠭᠳᠠᠭᠠᠬᠤ  ᠦᠭᠡᠢ︶ ᠵᠢᠨ‌ᠡᠬᠦᠷᠭᠡ ᠪᠠᠨ ᠪᠡᠶᠡᠯᠡᠬᠦᠯᠦᠭᠰᠡᠨ ᠦᠭᠡᠢ ᠪᠤᠯ ᠵᠦᠪᠳᠡᠯᠴᠡᠭᠡᠷ ᠠᠴᠠ ᠵᠦᠷᠢᠴᠡᠭᠰᠡᠨ ᠢᠶᠠᠷ ᠪᠤᠳᠤᠵᠤ᠂  ᠰᠦᠢᠳᠭᠡᠯ  ᠭᠡᠯᠳᠦᠷᠢᠬᠦᠯᠦᠨ‌ᠬᠠᠨᠳᠤᠯᠭ᠎ᠠ ᠲᠠᠢ ᠪᠠᠷ ᠬᠦᠮᠦᠵᠢᠬᠦᠯᠬᠦ ᠪᠠᠭᠰᠢ ᠶᠢᠨ ᠲᠦᠯᠦᠪᠯᠡᠭᠡ ᠳᠠᠬᠢ ᠬᠢᠷᠢ ᠭᠡᠮ ᠢ ᠨᠢ ᠬᠠᠰᠤᠨ᠎ᠠ᠃
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号