ᠪᠠ᠊ · ᠰᠤᠪᠤᠷᠭ᠎ᠠ | ᠡᠨᠡᠷᠢᠯ ᠤᠨ ᠲᠡᠭᠷᠢ ᠡᠮᠧ ︵ᠡᠵᠢ︶ ᠮᠢᠨᠢ᠄ | ᠦᠨᠡᠨ ᠤ ᠭᠠᠵᠠᠷ ᠢᠶᠠᠨ ᠠᠮᠤᠷᠯᠢᠩᠭᠤᠢ ᠨᠦᠢᠷᠰᠣᠵᠦ ᠪᠠᠶᠢᠭ᠎ᠠ ᠲᠠᠨ ᠤ ᠪᠠᠨ ᠭᠡᠭᠡᠨ ᠰᠦᠨᠡᠰᠦᠨ ᠳᠤ ᠰᠦᠬᠦᠷᠡᠨ ᠮᠦᠷᠭᠦᠵᠦ ᠪᠠᠶᠢᠨ᠎ᠠ︕ | ︽ᠡᠮᠧ ᠮᠢᠨᠢ ᠲᠠ ᠪᠤᠷᠬᠠᠨ ᠪᠤᠯᠤᠭᠠᠳ ᠶᠠᠭ ᠭᠤᠴᠢᠨ ᠵᠢᠯ ᠤᠨ ᠤᠢ ᠪᠤᠯᠴᠢᠬᠠᠯ᠎ᠠ︾ ᠭᠡᠵᠦ ᠦᠴᠢᠬᠦ ᠳᠤ ᠵᠢᠷᠦᠬᠡᠨ ᠲᠤᠮᠳᠠᠭᠤᠷ ᠰᠡᠶᠢᠭᠡᠨᠡ᠃ | ᠦᠴᠦᠭᠡᠳᠦᠷᠬᠡᠨ ᠯᠠ ᠬᠠᠨᠵᠤᠨ ᠪᠤᠯᠤᠩ ᠳᠠᠭᠠᠨ ᠬᠡᠦᠬᠡᠳ ᠢᠶᠠᠨ ᠬᠦᠯᠢᠶᠡᠨ ᠵᠤᠪᠠᠭᠤᠷᠢᠳᠠᠶᠢᠬᠠᠨ ᠰᠠᠭᠤᠵᠦ ᠪᠠᠶᠢᠭᠰᠠᠨ ᠰᠢᠭ᠋ ᠬᠦᠭᠡᠷᠦᠬᠦᠢ ᠠᠮᠢᠳᠦ | ᠲᠦᠷᠢ ᠵᠢᠷᠤᠭ ᠴᠢᠨᠢ ᠢᠯᠡ ᠲᠤᠳᠤᠬᠠᠨ᠃ ︽ᠬᠦᠮᠦᠨ ᠳᠤ ᠠᠩᠬ᠎ᠠ ᠲᠦᠷᠦᠯ᠂ ᠡᠨᠡ ᠲᠦᠷᠦᠯ᠂ ᠢᠷᠡᠬᠦ ᠲᠦᠷᠦᠯ ᠭᠡᠵᠦ ᠪᠠᠶᠢᠳᠠᠭ︾ ᠭᠡᠬᠦ ᠬᠡᠯᠡᠯᠭᠡ ᠶᠢ ᠠᠷᠠᠢ | ᠦᠨᠡᠮᠰᠢᠬᠦ ᠦᠭᠡᠢ ᠴᠦ᠂ ︽ᠡᠨᠡᠬᠦ ᠵᠠᠬᠢᠳᠠᠯ ᠢ ᠮᠢᠨᠢ ᠤᠯᠵᠦ ᠤᠩᠰᠢᠭᠠᠰᠠᠢ︕︾ ᠭᠡᠵᠦ ᠲᠠᠨ ᠤ ᠪᠠᠨ ᠡᠮᠦᠨ᠎ᠡ ᠠᠴᠠ ᠵᠠᠯᠪᠡᠷᠢᠨᠠ ᠡ᠃ ᠲᠤᠷᠠᠳᠠᠢ ᠴᠠᠭ ᠲᠠᠭᠠᠨ | ᠦᠬᠦᠵᠦ ᠪᠤᠯᠳᠠᠭ ᠦᠭᠡᠢ ᠴᠦ᠂ ᠴᠠᠭ ᠨᠢ ᠲᠤᠯᠤᠭᠠᠳ ᠢᠷᠡᠭᠦ ᠪᠠᠷ ᠠᠪᠤᠭᠠᠳ ᠯᠠ ᠶᠠᠪᠤᠴᠢᠬᠠᠳᠠᠭ ᠬᠤᠷᠸ᠎ᠠ ᠶᠢᠨ ᠬᠠᠳᠠᠭᠤ ᠵᠢᠮ᠎ᠡ ᠶᠢ ᠬᠡᠷᠪᠡ | ᠰᠢᠯᠵᠢᠭᠦᠯᠵᠦ ᠲᠡᠶᠢᠯᠳᠡᠭ ᠲᠤ ᠬᠦᠷᠪᠡᠯ ᠲᠠ ᠴᠦ ᠲᠦᠴᠢᠨ ᠲᠤᠯᠤᠭᠠᠬᠠᠨ ᠨᠠᠰᠤᠨ ᠤ ᠮᠦᠩᠬᠡ ᠶᠢᠨ ᠵᠠᠯᠠᠭᠤ ᠰᠠᠶᠢᠬᠠᠨ ᠢᠶᠠᠷ ᠢᠶᠠᠨ ᠶᠢᠷᠳᠢᠨᠴᠦ ᠶᠢᠨ ᠮᠦᠩᠬᠡ | ᠪᠤᠰᠤ ᠶᠢ ᠦᠵᠡᠭᠦᠯᠬᠦ ᠶᠤᠰᠤ ᠦᠭᠡᠢ ᠳ᠋ᠠ︕ | 1981 ᠣᠨ ᠤ ᠨᠠᠮᠤᠷ᠂ ᠬᠦᠦ ᠴᠢᠨᠢ ᠪᠢ ᠶᠡᠭᠡ ᠰᠤᠷᠭᠠᠭᠤᠯᠢ ᠳᠤ ᠵᠠᠪᠤᠬᠤ ᠠᠴᠠ ᠬᠤᠶᠠᠷᠬᠠᠨ ᠡᠳᠦᠷ ᠤᠨ ᠡᠮᠦᠨᠡᠬᠢ ᠦᠳᠡᠰᠢ᠂ ᠲᠠᠨ ᠤ ᠪᠠᠷᠠᠭᠤᠨ | ᠲᠠᠯ᠎ᠠ ᠴᠢᠨᠢ ᠭᠡᠨᠡᠳᠳᠡ ᠮᠢᠨᠴᠦᠬᠦᠷᠡᠵᠦ ᠪᠠᠶᠢᠭᠰᠠᠨ ᠢᠶᠠᠨ ᠤᠯᠠᠮ ᠢᠶᠠᠷ ᠮᠡᠳᠡᠷᠡᠯ ᠠᠯᠳᠠᠭᠠᠳ᠂ ᠮᠠᠷᠭᠠᠰᠢ ᠨᠢ ᠮᠠᠶᠢᠰᠢᠨ ᠰᠢᠶᠠᠩ ᠤᠨ ᠡᠮᠨᠡᠯᠭᠡ ᠶᠢᠨ | ᠬᠤᠷᠢᠶ᠎ᠠ ᠳᠤ ᠦᠵᠡᠭᠦᠯᠭᠦ ᠪᠠᠷ ᠶᠠᠪᠤᠬᠤ ᠵᠠᠮ ᠲᠤᠮᠳᠠ ᠭᠡᠨᠡᠳᠳᠡ ᠰᠡᠭᠡᠭᠡ ᠤᠷᠤᠮᠠᠭᠴᠠ ︽ᠪᠢ ᠭᠡᠷ ᠲᠡᠭᠡᠨ ᠬᠠᠷᠢᠨ᠎ᠠ᠃ ᠮᠢᠨᠤ ᠬᠦᠦ ᠰᠤᠷᠭᠠᠭᠤᠯᠢ ᠳᠠᠭᠠᠨ | ᠶᠠᠪᠤᠨ᠎ᠠ ᠰᠢᠦ︾ ᠭᠡᠵᠦ ᠬᠡᠯᠡᠭᠰᠡᠨ ᠴᠢᠨᠢ ᠵᠢᠷᠦᠬᠡᠨ ᠳᠤ ᠦᠨᠢᠳᠡ ᠬᠤᠨᠤᠭᠰᠢᠵᠦ᠂ ᠴᠢᠬᠢᠨ ᠳᠤ ᠴᠤᠤᠷᠢᠶᠠᠳᠤᠭᠰᠠᠭᠠᠷ᠃ ᠨᠡᠩ ᠴᠦ᠂ 1985 ᠤᠨ ᠤ ᠴᠠᠭᠠᠨ | ᠰᠠᠷ᠎ᠠ ᠳᠤ ᠬᠦᠦ ᠴᠢᠨᠢ ᠰᠣᠷᠭᠠᠭᠤᠯᠢ ᠳᠠᠭᠠᠨ ᠪᠠᠭᠰᠢᠯᠠᠬᠤ ᠪᠠᠷ ᠶᠠᠪᠤᠬᠤ ᠶᠢᠨ ᠦᠷᠯᠦᠭᠡ ᠨᠢ ᠬᠠᠨᠵᠤᠨ ᠪᠤᠯᠤᠩ ᠳᠠᠭᠠᠨ ᠬᠠᠵᠠᠭᠤᠯᠳᠠᠨ ᠪᠠᠶᠢᠭᠰᠠᠨ ᠲᠠ | ᠵᠦᠳᠡᠭᠦᠬᠡᠨ ᠦᠨᠳᠡᠶᠢᠨ ᠰᠠᠭᠤᠭᠠᠳ᠄ ︽ᠮᠢᠨᠤ ᠬᠦᠦ ᠬᠠᠩᠰᠢᠨ ᠲᠡᠭᠡᠷ᠎ᠡ ᠪᠠᠨ ᠢᠷᠡᠨ᠎ᠡ ᠪᠠ︖︾ ᠭᠡᠵᠦ ᠰᠣᠯᠠᠬᠠᠨ ᠠᠰᠠᠭᠤᠬᠤ ᠳᠤ ᠨᠢ᠂ ︽ᠯᠠᠪᠳᠠᠢ | ᠢᠷᠡᠨ᠎ᠡ︕︾ ᠭᠡᠵᠦ ᠬᠠᠶᠢᠩᠭᠤ ᠬᠠᠷᠢᠭᠤᠯᠤᠭᠰᠠᠨ ᠮᠢᠨᠢ ᠲᠠᠨ ᠲᠠᠢ ᠶᠠᠷᠢᠯᠴᠠᠭᠰᠠ ᠬᠠᠮᠤᠭ ᠤᠨ ᠰᠡᠭᠦᠯᠴᠢ ᠶᠢᠨ ᠵᠤᠭᠤᠭ᠂ ᠪᠠᠰᠠ ᠲᠠᠨ ᠢ ᠪᠠᠨ ᠭᠤᠷᠦ᠋ᠢᠳᠠᠯᠠ | ᠭᠤᠮᠤᠳᠠᠭᠠᠭᠰᠠᠨ ᠦᠨᠢᠳᠡ ᠶᠢᠨ ᠰᠠᠯᠣᠯᠳᠠ ᠶᠢᠨ ᠦᠭᠡ ᠪᠤᠯᠤᠭᠰᠠᠨ ᠢ ᠪᠤᠳᠤᠬᠤ ᠠᠴᠠ᠂ ᠡᠪᠡᠳᠴᠢᠨ ᠲᠠᠬᠤᠯ ᠳᠤ ᠤᠷᠢᠶᠠᠭᠳᠠᠨ ᠰᠢᠨᠠᠯᠵᠦ ᠰᠠᠭᠤᠭ᠎ᠠ | ᠡᠵᠢ ᠪᠠᠨ ᠬᠤᠳᠠᠯ ᠬᠡᠯᠡᠬᠦ ᠠᠴᠠ ᠢᠯᠡᠬᠦᠦ ᠨᠢᠭᠦᠯ ᠭᠡᠵᠦ ᠪᠠᠶᠢᠳᠠᠭ ᠴᠦ ᠶᠤᠮ ᠤᠤ︖ ᠲᠠᠨ ᠤ ᠮᠢᠨᠢ ︽ᠮᠢᠨᠤ ᠬᠦᠦ ᠯᠠᠪ ᠢᠷᠡᠨ᠎ᠡ︕︾ ᠭᠡᠵᠦ ᠪᠠᠳᠣ | ᠢᠳᠡᠭᠡᠯ ᠲᠠᠢ ᠬᠦᠯᠢᠶᠡᠵᠦ ᠪᠠᠶᠢᠭᠰᠠᠨ ᠢ ᠠᠮᠢᠰᠬᠤᠯ ᠬᠤᠷᠢᠶᠠᠬᠤ ᠠᠴᠠ ᠪᠠᠨ ᠡᠮᠦᠨᠡᠬᠡᠨ ᠬᠦᠦ ᠶᠢᠨ ᠢᠶᠠᠨ ᠨᠡᠷ᠎ᠡ ᠪᠠᠷ ᠨᠠᠮ ᠲᠠᠭᠤᠳᠠᠵᠦ ᠪᠠᠶᠢᠭᠰᠠᠨ ᠪᠠ | ᠠᠨᠢᠰᠬ᠎ᠠ ᠲᠠᠭᠠᠨ ᠪᠦᠮᠪᠦᠷᠢᠬᠦ ᠲᠤᠭᠤᠯᠠᠩ ᠨᠢᠯᠪᠤᠰᠤ ᠴᠢᠨᠢ ᠦᠬᠦᠯᠡᠵᠦ ᠪᠠᠶᠢᠭᠰᠠᠨ ᠡ ᠬᠡᠰᠡᠨ᠁ | ᠮᠦᠡᠭᠬᠡ ᠶᠢᠨ ᠵᠠᠯᠠᠭᠤ ᠡᠮᠧ ᠮᠢᠨᠢ᠂ ᠪᠢᠳᠡ ᠣᠳᠣ ᠭᠡᠷ ᠬᠤᠳᠠᠯᠠᠭᠠᠷ ᠢᠶᠠᠨ ᠡᠩᠬᠡ ᠰᠠᠶᠢᠨ ᠪᠠᠶᠢᠨ᠎ᠠ︕ ᠠᠵᠠᠢ ᠮᠢᠨᠢ ᠨᠠᠰᠤᠨ ᠰᠡᠭᠦᠳᠡᠷ ᠨᠠᠶᠠ ᠶᠢᠨ | ᠳᠠᠪᠠᠭ᠎ᠠ ᠶᠢ ᠲᠠᠪᠠᠵᠦ ᠪᠠᠶᠢᠪᠠᠴᠦ ᠪᠡᠶ᠎ᠡ ᠲᠡᠩᠬᠡᠯᠡᠬᠦᠨ᠂ ᠤᠬᠠᠭᠠᠨ ᠰᠠᠷᠠᠭᠤᠯ᠃ ᠵᠢᠷᠠᠨ ᠨᠢᠭᠡᠨ ᠤ ᠵᠢᠯ ᠲᠡᠭᠡᠷ᠎ᠡ ᠨᠢ ᠨᠤᠳᠤᠭ ᠠᠴᠠ ᠨᠢ ᠬᠤᠰᠢᠭᠤᠨ ᠲᠦᠪ ᠲᠡᠭᠡᠷ᠎ᠡ | ᠨᠡᠭᠦᠯᠭᠡᠵᠦ ᠠᠪᠴᠢᠷᠠᠭᠰᠠᠨ ᠶᠤᠮ᠃ ᠲᠦᠷᠦᠬᠦᠦ ᠬᠡᠳᠦᠨ ᠵᠢᠯ ᠬᠠᠩᠰᠢ ᠪᠤᠯᠭᠠᠨ ᠳᠤ ᠭᠠᠭᠴᠠᠭᠠᠷ ᠨᠤᠳᠤᠭ ᠢᠶᠠᠨ ᠡᠷᠬᠢᠳᠡᠭ ᠪᠠᠶᠢᠭᠰᠠᠨ᠃ ᠲᠠᠨ ᠳᠤ ᠣᠴᠢᠵᠦ | ᠤᠰᠤᠯ ᠢᠶᠠᠨ ᠬᠦᠯᠢᠶᠡᠵᠦ ᠨᠢᠭᠦᠯ ᠢᠶᠠᠨ ᠨᠠᠮᠠᠨᠴᠢᠯᠠᠳᠠᠭ ᠴᠦ ᠪᠤᠯ ᠤᠤ᠂ ᠪᠤᠤ ᠮᠡᠳᠡ︕ ᠪᠢ ᠣᠷᠤᠭ ᠬᠡᠯᠡᠯᠴᠡᠬᠦ ᠦᠭᠡᠢ ᠪᠠᠭ᠎ᠠ ᠬᠤᠶᠢᠷᠭᠤᠰᠢᠭᠰᠠᠨ ᠳᠤ | ︽ᠡᠮᠧ ᠴᠢᠨᠢ ᠨᠠᠮᠠᠢᠢ ᠭᠠᠭᠴᠠᠭᠠᠷ ᠬᠠᠶᠠᠭᠠᠳ ᠶᠠᠪᠤᠴᠢᠬᠠᠯ᠎ᠠ᠁ ᠠᠵᠠᠢ ᠨᠢ ᠦᠨᠡᠬᠡᠷ ᠭᠠᠴᠢᠭᠳᠠᠵᠦ ᠪᠠᠶᠢᠨ᠎ᠠ ᠰᠢᠦ︕︾ ᠭᠡᠳ ᠨᠢᠯᠪᠤᠰᠤ ᠪᠠᠨ ᠠᠷᠴᠢᠵᠦ | ᠵᠤᠭᠰᠤᠭᠰᠠᠨ ᠨᠢ ᠬᠦᠭᠡᠷᠦᠬᠦᠢ ᠪᠢᠯᠡ᠃ ᠲᠦᠷᠪᠡᠨ ᠬᠡᠦᠬᠡᠳ ᠤᠨ ᠢᠶᠠᠨ ᠠᠮᠢᠳᠤᠷᠠᠯ ᠢ ᠪᠤᠰᠬᠠᠵᠦ ᠦᠭᠬᠦᠭᠰᠡᠨ ᠠᠴᠢᠳᠠᠢ ᠰᠠᠶᠢᠨ ᠠᠪᠤ︕ ᠦᠳᠡᠯᠦᠭᠡᠳ ᠢᠷᠡᠬᠦ | ᠲᠤᠳᠤᠮ ᠲᠠᠨ ᠢ ᠨᠡᠩ ᠲᠤᠷᠠᠰᠤᠨ ᠰᠠᠨᠠᠭᠠᠯᠵᠠᠳᠠᠭ ᠰᠢᠭ᠋ ᠶᠤᠮ᠃ ᠪᠠᠰᠠ ᠨᠢᠭᠡ ᠤᠳᠠᠭ᠎ᠠ ᠬᠤᠶᠠᠳᠤᠭᠠᠷ ᠨᠠᠭᠠᠴᠦ ᠲᠠᠢ ᠵᠤᠭᠤᠭᠳᠠᠬᠤ ᠳᠠᠭᠠᠨ ︽ᠪᠢ ᠠᠭ᠎ᠠ ᠳᠤ | ᠴᠢᠨᠢ ᠪᠠᠭ᠎ᠠ ᠬᠡᠳᠦᠷᠡᠭᠦᠯᠴᠢᠭᠡᠭᠰᠡᠨ ᠶᠤᠮ ᠳ᠋ᠠ︕︾ ᠭᠡᠵᠦ ᠣᠰᠣᠯ ᠬᠦᠯᠢᠶᠡᠬᠦ ᠰᠢᠭ ᠶᠠᠷᠢᠭᠰᠠᠨ ᠭᠡᠨ᠎ᠡ᠃ ᠦᠶᠡᠴᠣᠣᠯ ᠴᠢᠨᠢ ᠲᠠ ᠬᠤᠶᠠᠭᠤᠯᠠ ᠶᠢ ᠬᠠᠮᠳᠤ | ᠶᠠᠪᠤᠬᠤ ᠶᠢ ᠦᠵᠡᠪᠡᠯ ︽ᠡᠴᠢᠭᠡ ᠬᠡᠦᠬᠡᠨ ᠬᠤᠶᠠᠷ ᠶᠠᠪᠤᠵᠦ ᠪᠠᠶᠢᠨ᠎ᠠ︾ ᠭᠡᠵᠦ ᠱᠤᠭᠯᠠᠳᠠᠭ ᠢ ᠴᠡᠭᠡᠵᠢᠯᠡᠵᠦ ᠪᠠᠶᠢᠨ᠎ᠠ ᠤᠤ︖ ᠲᠡᠭᠡᠭᠡᠳ ᠯᠠ ᠲᠡᠩᠳᠡᠬᠦᠦ | ᠰᠠᠶᠢᠬᠠᠨ ᠲᠦᠷᠦᠭᠰᠡᠨ ᠪᠦᠰᠡᠬᠦᠢ ᠪᠠᠨ ᠬᠠᠶᠢᠷᠠᠯᠠᠬᠤ ᠬᠠᠷᠠᠮᠨᠠᠬᠤ ᠳᠠᠭᠠᠨ ᠯᠠ ᠪᠠᠭ᠋ᠠᠨ ᠭᠠᠷ ᠬᠠᠳᠠᠭᠤ ᠤᠷᠤᠳᠠᠭ ᠮᠠᠭᠠᠳ ᠳ᠋ᠠ ᠭᠡᠵᠦ | ᠤᠶᠢᠯᠠᠭᠠᠬᠤ ᠳᠠᠭᠠᠨ ᠠᠵᠠᠢ ᠪᠠᠨ ᠬᠦᠭᠡᠷᠦᠬᠦ᠋ᠢᠯᠡᠬᠦ ᠠᠳᠠᠯ᠎ᠠ ᠲᠡᠭᠡᠵᠦ ᠬᠠᠷᠠᠳᠠᠭᠤᠨ ᠭᠦᠷᠳᠡᠭᠦᠨ ᠬᠠᠨᠳᠤᠵᠦ ᠪᠠᠶᠢᠭᠰᠠᠨ ᠢ ᠨᠢ ᠪᠤᠳᠤᠪᠠᠯ ᠪᠠᠰᠠ | ᠬᠤᠷᠤᠰᠤᠮᠠᠷ᠃ ᠲᠠ ᠮᠢᠨᠢ ᠭᠦᠦ ᠪᠠᠨ ᠦᠷᠦᠰᠢᠶᠡᠭᠡᠷᠡᠢ︕ | ᠬᠦᠦ ᠴᠢᠨᠢ ᠤᠳᠤ ᠨᠢᠭᠡᠨᠳᠡ ᠲᠤᠮᠳᠠᠳᠤ ᠰᠣᠷᠭᠠᠭᠤᠯᠢ ᠶᠢᠨ ᠣᠨᠴᠠ ᠲᠡᠰ ᠤᠨ ᠪᠠᠭᠰᠢ ᠶᠢᠨ ᠴᠤᠯᠠ ᠲᠠᠢ ᠪᠦᠭᠡᠳ ᠵᠤᠬᠢᠶᠠᠯᠴᠢ ᠶᠢᠨ ᠲᠢᠲᠢᠮ | ᠵᠡᠭᠦᠵᠦ ᠤᠯᠵᠠ ᠤᠮᠤᠭ ᠲᠠᠢ ᠶᠠᠪᠤᠨ᠎ᠠ᠃ ︽ᠪᠦᠬᠦ ᠤᠯᠤᠰ ᠤᠨ ᠨᠢᠭᠡᠳᠦᠯᠳᠡᠢ ᠰᠢᠯᠭᠠᠯᠳᠠ︾ ᠶᠢᠨ ᠰᠡᠳᠤᠪ ᠭᠠᠷᠭᠠᠬᠤ ᠵᠡᠷᠭᠡ ᠠᠵᠢᠯ ᠳᠤ ᠤᠯᠠᠨ ᠤᠳᠠᠭ᠎ᠠ | ᠤᠷᠤᠯᠴᠠᠵᠦ ᠪᠠᠶᠢᠬᠤ ᠪᠦᠭᠡᠳ ︽ᠨᠠᠮᠤᠷ ᠤᠨ ᠰᠠᠯᠬᠢ︾᠂ ︽ᠰᠡᠳᠤᠪ ᠬᠠᠷᠢᠭᠤᠯᠬᠤ ᠤᠬᠠᠭᠠᠨ︾ ᠵᠡᠷᠭᠡ ᠬᠤᠪᠢ ᠶᠢᠨ ᠨᠤᠮ ᠲᠦᠷᠪᠡᠨ ᠲᠡᠪᠳᠡᠷ᠂ ᠬᠠᠮᠳᠤᠷᠠᠨ | ᠪᠢᠴᠢᠭᠰᠡᠨ 15 ᠨᠤᠮ ᠬᠡᠪᠯᠡᠭᠦᠯᠦᠭᠡᠳ ᠪᠠᠶᠢᠨ᠎ᠠ᠃ ᠲᠠᠨ ᠢ ᠶᠢᠷᠳᠢᠨᠴᠦ ᠠᠴᠠ ᠠᠩᠬᠢᠵᠢᠷᠠᠭᠰᠠᠨ ᠤ 26 ᠵᠢᠯ ᠤᠨ ᠤᠢ ᠲᠡᠭᠡᠷ᠎ᠡ ᠵᠦᠳᠡᠵᠦ ︽ᠮᠦᠩᠬᠡ ᠶᠢᠨ | ᠵᠠᠯᠠᠭᠤ ᠡᠮᠧ ᠮᠢᠨᠢ︾ ᠭᠡᠬᠦ ᠨᠠᠶᠢᠷᠠᠭᠤᠯᠤᠯ ᠢᠶᠠᠨ ︽ᠲᠤᠮᠳᠠᠳᠣ ᠶᠢᠨ ᠦᠨᠳᠦᠰᠦᠳᠡᠨ︾ ᠰᠡᠳᠬᠦᠯ ᠤᠨ 2011 ᠣᠨ ᠤ 1 ᠳ᠋ᠤᠭᠡᠷ ᠬᠤᠭᠤᠴᠠᠭ᠎ᠠ ᠲᠡᠭᠡᠷ᠎ᠡ | ᠨᠡᠶᠢᠳᠡᠯᠡᠭᠦᠯᠦᠭᠡᠳ ᠶᠡᠭᠡ ᠯᠡ ᠠᠭᠤᠵᠢᠷᠠᠵᠦ ᠠᠪᠤᠭᠰᠠᠨ ᠲᠠᠶᠢᠳᠬᠤᠷᠠᠯ ᠢᠶᠠᠨ᠂ ︽ᠰᠢᠭᠦᠳᠡᠷᠢ ᠶᠢᠨ ᠤᠰᠤ ᠪᠠᠷ ᠤᠮᠳᠠ ᠬᠢᠭᠰᠡᠨ ᠴᠦ ᠡᠵᠢ ᠶᠢᠨ ᠢᠶᠠᠨ ᠭᠠᠭᠴᠠ | ᠰᠦᠨᠢ ᠶᠢᠨ ᠭᠦᠨ ᠳᠤ ᠪᠤᠰᠴᠦ ᠮᠦᠮᠦᠭᠦᠯᠦᠭᠰᠡᠨ ᠠᠴᠢ ᠶᠢ ᠨᠢ ᠴᠦ ᠬᠠᠷᠢᠭᠤᠯᠵᠦ ᠲᠡᠶᠢᠯᠬᠦ ᠦᠭᠡᠢ︾ ᠭᠡᠬᠦ ᠦᠭᠡ ᠪᠠᠷ ᠬᠡᠮᠵᠢᠬᠦ ᠠᠴᠠ ᠪᠠᠨ ᠢᠴᠢᠨ᠎ᠡ᠃ | ︽ᠦᠨᠳᠦᠰᠦ ᠲᠠᠢ ᠮᠤᠳᠤ ᠨᠠᠶᠢᠭᠤᠨ᠎ᠠ᠂ ᠦᠷ᠎ᠡ ᠲᠠᠢ ᠬᠦᠮᠦᠨ ᠱᠣᠣᠬᠢᠨ᠎ᠠ︾ ᠭᠡᠳᠡᠭ ᠢᠶᠠᠷ ᠲᠠ ᠬᠡᠷᠪᠡ ᠠᠮᠢᠳᠤ ᠰᠡᠷᠡᠭᠦᠨ ᠪᠠᠶᠢᠭᠰᠠᠨ ᠪᠤᠯ ᠠᠵᠠᠢ ᠲᠠ | ᠬᠤᠶᠠᠷ ᠣᠮᠪᠣᠯᠥ ᠪᠠᠨ ᠦᠪᠯᠡᠵᠦ ᠰᠠᠨᠠᠴᠢᠬᠠᠭᠠᠳ ᠲᠡᠯᠡᠬᠡᠢ ᠲᠡᠪᠡᠷᠢᠨ ᠵᠢᠷᠭᠠᠵᠦ ᠪᠠᠶᠢᠬᠤ ᠡ︕ ᠬᠤᠶᠠᠷ ᠤᠮᠪᠤᠯᠤ ᠴᠢᠨᠢ ᠪᠦᠷ ᠶᠡᠭᠡ | ᠰᠣᠷᠭᠠᠭᠤᠯᠢ ᠪᠠᠨ ᠲᠡᠭᠦᠰᠭᠡᠭᠡᠳ ᠠᠵᠢᠯ ᠤᠨ ᠪᠠᠶᠢᠷᠢ ᠳᠤ ᠭᠠᠷᠴᠢᠬᠠᠵᠠᠢ᠃ | ᠡᠮᠧ ᠮᠢᠨᠢ︕ ᠦᠷ᠎ᠡ ᠶᠢᠨ ᠭᠠᠭᠴᠠ ᠬᠦᠦ ᠪᠠᠨ ᠴᠡᠷᠢᠭ ᠡᠷ᠎ᠡ ᠪᠤᠯᠬᠤ ᠶᠢ ᠬᠠᠮᠤᠭ ᠤᠨ ᠢᠯᠡᠭᠦᠦ ᠲᠡᠮᠵᠢᠭᠰᠡᠨ ᠤ ᠪᠠᠨ ᠬᠠᠷᠢᠭᠤ ᠳᠤ ︽ᠡᠳᠦᠷ ᠲᠡᠭᠡᠨ | ᠲᠠᠭᠤᠤ ᠠᠶᠠᠯᠵᠦ ᠶᠠᠪᠤᠬᠤ︾ ᠪᠤᠯᠴᠢᠬᠠᠭᠰᠠᠨ᠂ ᠰᠡᠳᠬᠢᠯ ᠤᠨ ᠬᠡᠨᠡᠭᠡ ᠪᠠᠨ ᠢᠯᠡᠳᠬᠡᠬᠦ ᠶᠢᠨ ᠲᠦᠯᠦᠭᠡ ᠰᠦᠨᠢᠵᠢᠨ ᠵᠠᠬᠢᠳᠠᠯ ᠪᠢᠴᠢᠳᠡᠭ ᠪᠠᠶᠢᠯ᠎ᠠ᠂ ᠲᠠ | ᠮᠢᠨᠢ︕ ᠬᠡᠳᠦᠨ ᠮᠢᠩᠭᠠᠨ ᠭᠠᠵᠠᠷ ᠤᠨ ᠠᠯᠣᠰ ᠲᠠᠯᠠᠨ ᠬᠠᠷ᠎ᠠ ᠠᠭᠤᠯᠠᠨ ᠳᠠᠬᠢ ᠴᠡᠷᠢᠭ ᠤᠨ ᠬᠤᠸᠠᠷᠠᠨ ᠳᠤ ᠰᠠᠷ᠎ᠠ ᠶᠢᠨ ᠲᠠᠷᠠᠭ᠎ᠠ ᠰᠠᠶ᠋ᠢ ᠨᠡᠯᠢᠶᠡᠳ | ᠨᠤᠬᠤᠴᠢᠭᠳᠠᠨ ᠦᠩᠭᠡᠭᠳᠡᠨ ᠬᠦᠷᠳᠡᠭ᠂ ᠦᠯᠢᠭᠡᠷ ᠵᠤᠭᠤᠭ ᠲᠠᠢ ᠤᠷᠳᠤ ᠵᠠᠬᠢᠳᠠᠯ ᠢ ᠴᠢᠨᠢ ᠴᠠᠶᠢᠵᠠ ᠶᠢᠨ ᠲᠡᠷᠭᠡᠳᠡ ᠪᠠᠨ ᠲᠠᠬᠢᠨ ᠲᠠᠬᠢᠨ ᠤᠯᠵᠠᠭᠤᠷᠬᠠᠨ | ᠤᠩᠰᠢᠳᠠᠭ ᠢᠶᠠᠨ ᠤᠳᠥ ᠰᠠᠨᠠᠨ᠎ᠠ᠃ ᠲᠡᠳᠡᠭᠡᠷ ᠵᠠᠬᠢᠳᠠᠯ ᠴᠢᠨᠢ ᠵᠤᠬᠢᠶᠠᠨ ᠪᠦᠳᠦᠭᠡᠬᠦ ᠠᠪᠢᠶᠠᠰ ᠢ ᠮᠢᠨᠢ ᠭᠦᠭᠵᠢᠭᠡᠭᠰᠡᠨ ᠪᠠᠶᠢᠵᠦ ᠳ᠋ᠠ᠃ ᠵᠠ᠁ ᠦᠭᠡ | ᠤᠯᠠᠳᠠᠵᠦ ᠦᠬᠡᠷ ᠬᠤᠯᠠᠳᠠᠯ᠎ᠠ᠃ | ᠮᠦᠡᠭᠬᠡ ᠶᠢᠨ ᠵᠠᠯᠠᠭᠤ ᠡᠮᠧ ᠮᠢᠨᠢ ᠦᠷᠡᠰ ᠢᠶᠠᠨ ᠢᠷᠦᠭᠡᠭᠡᠷᠡᠢ︕ | ᠡᠭᠦᠨ ᠤ ᠲᠤᠯᠠ ᠬᠦᠦ ᠴᠢᠨᠢ ᠮᠦᠷᠭᠦᠨ ᠲᠠᠭᠠᠳᠬᠠᠪᠠ᠃ | |