ᠠᠯᠳᠠᠨ ᠤᠨᠠᠭ᠎ᠠ ᠶᠢᠨ ᠨᠤᠳᠤᠭ
ᠨᠡᠶᠢᠲᠡᠯᠡᠭᠰᠡᠨ ᠴᠠᠭ᠄
2018/3/12
                                    ● ᠨᠠ᠊ · ᠵᠢᠷᠭᠠᠯ                ᠠᠪᠤ ᠲᠡᠭᠡᠳᠤᠰ ᠠᠴᠠ ᠦᠶ᠎ᠡ ᠤᠯᠠᠷᠢᠨ ᠦᠪᠯᠡᠵᠤ ᠰᠠᠭᠤᠷᠢᠰᠢᠭᠰᠠᠨ ᠦᠡᠭ ᠰᠢᠮᠡᠯᠢᠭ  ᠨᠤᠳᠤᠭ   ᠲᠤ  ᠮᠢᠨᠢ  ᠦᠨᠢᠷ ᠪᠠᠶᠠᠯᠢᠭ ᠦᠯᠢᠭᠡᠷ ᠲᠤᠮᠤᠭ ᠲᠠᠢ᠃ ᠲᠤᠷᠭᠠᠨ ᠪᠡᠯᠴᠢᠭᠡᠷ  ᠬᠠᠯᠢᠭᠤᠷᠠᠨ  ᠲᠤᠪᠤ  ᠲᠤᠯᠤᠭᠠᠳ ᠰᠦᠷᠦᠭ ᠤᠨ  ᠪᠠᠷ᠎ᠠ  ᠴᠠᠶᠢᠯᠵᠠᠵᠤ ᠲᠠᠩᠰᠤᠭ ᠠᠭᠤᠳᠠᠮ ᠨᠤᠳᠤᠭ ᠤᠨ ᠦᠷᠤᠴᠡᠨ ᠳᠤ ᠲᠠᠰᠢᠶ᠎ᠠ ᠪᠦᠮᠪᠦᠶᠢᠭᠰᠡᠨ ᠠᠳᠤᠭᠤᠨ ᠰᠦᠷᠦᠭ ᠢᠨᠴᠠᠭᠠᠨᠠᠨ ᠲᠤᠪᠳᠤᠯᠤᠨ᠎ᠠ᠃        ᠬᠦᠪᠤᠡᠭ ᠴᠠᠭᠠᠨ ᠡᠭᠦᠯᠨᠨ ᠤ ᠬᠦᠪᠪᠦᠯᠵᠡᠭᠡᠨ ᠳᠤ ᠬᠦᠨᠳᠡᠢ ᠵᠢᠯᠠᠭ᠎ᠠ ᠪᠠᠷ ᠨᠤᠮᠢᠨ ᠬᠦᠰᠢᠭᠡ ᠲᠡᠯᠭᠡᠭᠳᠡᠵᠤ᠂  ᠬᠦᠭᠡᠮᠳᠦᠭ ᠠᠭᠤᠯᠨ ᠶᠢᠨ ᠡᠩᠭᠡᠷ ᠢᠶᠠᠷ ᠬᠦᠭᠵᠢᠯ ᠪᠠᠳᠠᠷᠠᠭᠰᠠᠨ ᠠᠶᠢᠯ ᠰᠠᠭᠤᠷᠢᠰᠢᠯ ᠵᠢᠭᠳᠡᠷᠡᠨ᠎ᠡ᠃        ᠡᠬᠡ ᠨᠤᠳᠤᠭ ᠤᠨ ᠮᠢᠨᠢ ᠠᠭᠤᠯᠨ ᠤᠰᠤ ᠵᠢᠷᠤᠭ ᠰᠢᠭ᠋ ᠭᠤᠶᠤᠮᠰᠤᠭ᠂ ᠡᠩᠬᠡ ᠲᠤᠩᠬ᠎ᠠ ᠮᠠᠯᠴᠢᠳ ᠤᠨ ᠦᠷᠤᠭᠡᠨ ᠳᠤ ᠪᠠᠶᠠᠷ ᠤᠨ ᠢᠨᠢᠶᠡᠳᠤ ᠴᠤᠤᠷᠢᠶᠠᠯᠠᠨ᠂ ᠤᠷᠭ᠎ᠠ ᠠᠳᠬᠤᠭᠰᠠᠨ ᠠᠳᠤᠭᠤᠴᠢᠨ ᠡᠷ᠎ᠡ  ᠲᠠᠯ᠎ᠠ   ᠶᠢᠨ  ᠦᠷᠤᠴᠡᠨ   ᠳᠤ  ᠢᠰᠭᠡᠷᠦᠨ ᠤᠷᠮ᠎ᠠ ᠵᠤᠷᠢᠭ ᠬᠦᠭᠵᠢᠩᠭᠦᠢ᠃ ︽ᠰᠢᠯᠢ ᠪᠠᠷ ᠬᠠᠷᠠᠭᠳᠠᠬᠤ ᠠᠵᠢᠷᠭ᠎ᠠ ᠠᠳᠤᠭᠤᠳ ᠢ ᠬᠠᠷᠠᠭᠠᠴᠢ᠂ ᠰᠢᠮ᠎ᠡ  ᠰᠠᠶᠢᠳᠠᠢ  ᠪᠡᠯᠴᠢᠭᠡᠷ ᠤᠰᠤᠨ ᠤ ᠢᠪᠡᠭᠡᠯ ᠰᠢᠤ︾ ᠭᠡᠵᠤ ᠲᠤᠷᠠᠨ ᠢᠶᠠᠷ ᠱᠠᠭᠠᠶᠢᠬᠤ ᠲᠤᠮᠤᠭᠠᠳᠠᠳ ᠲᠠᠩᠨᠠᠢ ᠱᠠᠭᠰᠢᠨ ᠵᠤᠭᠤᠭᠳᠠᠨ᠎ᠠ᠃        ᠰᠠᠷᠠᠭᠤᠯ ᠬᠠᠨᠭ᠍ᠭᠠᠢ ᠶᠢᠨ ᠦᠡᠭᠰᠢᠭ ᠪᠡᠯᠴᠢᠭᠡᠷ ᠢᠶᠠᠷ ᠰᠠᠨᠠᠭ᠎ᠠ ᠲᠡᠨᠢᠭᠦᠨ  ᠲᠠᠪᠬᠢᠭᠤᠯᠬᠤ   ᠳᠤ  ᠤᠨᠠᠭᠠᠨ  ᠪᠠᠭ᠎ᠠ   ᠶᠢᠨ ᠤᠴᠢᠷ ᠶᠠᠪᠤᠳᠠᠯ ᠤᠬᠠᠭᠠᠨ ᠪᠤᠳᠤᠯ ᠳᠤ ᠲᠤᠳᠤᠷᠠᠭᠠᠳ ᠢᠷᠡᠳᠡᠭ᠃ ᠨᠠᠷᠠᠨ ᠤ ᠭᠡᠷᠡᠯ ᠰᠠᠴᠤᠷᠠᠭᠰᠠᠨ ᠨᠠᠮᠤᠷ ᠤᠨ ᠨᠠᠯᠠᠭᠠᠷ ᠡᠳᠤᠷ᠂ ᠨᠠᠮ᠎ᠠ ᠶᠢ ᠳᠠᠭᠠᠭᠤᠯᠤᠭᠰᠠᠨ ᠨᠠᠰᠤᠳᠠᠨ ᠮᠢᠨᠢ ᠲᠠᠯ᠎ᠠ ᠶᠢᠨ ᠵᠠᠮ ᠢ ᠵᠤᠷᠢᠬᠤ ᠳᠠᠭᠠᠨ ᠠᠭᠤᠳᠠᠮ ᠰᠠᠷᠠᠭᠤᠯ ᠨᠤᠳᠤᠭ ᠢ ᠵᠢᠭᠠᠵᠤ  ᠠᠯᠢ ᠤᠵᠠᠭᠤᠷ ᠤᠨ ᠦᠯᠢᠭᠡᠷ ᠲᠤᠮᠤᠭ ᠢ ᠶᠠᠷᠢᠳᠠᠭ᠃ ᠪᠠᠯᠴᠢᠷ ᠨᠠᠰᠤᠨ ᠤ ᠰᠤᠨᠢᠭᠤᠴᠢ ᠪᠤᠳᠤᠯ ᠳᠤ ᠬᠦᠳᠤᠯᠤᠭ᠍ᠳᠡᠨ ᠪᠠᠭᠴᠠ  ᠪᠠᠭᠴᠠ ᠬᠡᠭᠡᠷ᠎ᠡ ᠶᠢᠨ ᠴᠡᠴᠡᠭ ᠢ ᠲᠡᠭᠦᠬᠦ ᠳᠡᠭᠡᠨ ᠠᠭᠰᠢᠷᠠᠭ᠎ᠠ ᠨᠠᠰᠤᠳᠠᠨ   ᠤ  ᠠᠮᠳᠠᠷᠬᠠᠨ  ᠶᠠᠷᠢᠵᠤ  ᠪᠠᠶᠠᠷᠳᠠᠶᠢᠬᠠᠨ  ᠬᠡᠯᠡᠬᠦ  ᠵᠤᠭᠤᠭ ᠢ ᠢᠨᠢᠶᠡᠳᠤ ᠳᠠᠭᠤᠤ ᠲᠠᠢ ᠰᠤᠨᠤᠰᠳᠠᠭ᠃        ᠨᠠᠰᠤᠳᠠᠨ ᠮᠢᠨᠢ ᠠᠳᠤᠷᠢᠶ᠎ᠠ ᠰᠠᠭᠤᠭᠰᠠᠨ ᠮᠠᠩᠨᠠᠢ ᠪᠠᠨ ᠢᠯᠪᠢᠵᠤ ᠠᠯᠤᠰ ᠲᠤ  ᠰᠡᠬᠦᠶᠢᠬᠦ  ᠠᠭᠤᠯᠠᠰ ᠤᠨ  ᠬᠢᠨᠭᠭ᠎ᠠ ᠶᠢ ᠰᠢᠷᠳᠡᠭᠰᠡᠭᠡᠷ ᠦᠯᠢᠭᠡᠷ ᠵᠤᠭᠤᠭ ᠢᠶᠠᠨ ᠡᠬᠢᠯᠡᠳᠡᠭ᠃        — ᠲᠡᠷᠡᠭᠡᠨ ᠬᠠᠷᠠᠭᠳᠠᠬᠤ ᠠᠭᠤᠯᠨ ᠶᠢ ︽ᠠᠯᠳᠠᠨ ᠤᠨᠠᠭ᠎ᠠ ᠶᠢᠨ ᠨᠤᠳᠤᠭ︾ ᠭᠡᠳᠡᠭ᠃  ᠠᠩᠬ᠎ᠠ  ᠤᠷᠢᠳᠤ   ᠳᠠᠭᠠᠨ ᠠᠭᠯᠠᠭ ᠪᠢᠳᠡᠭᠦᠦ ᠠᠭᠤᠯᠨ ᠶᠢᠨ ᠡᠩᠭᠡᠷ ᠢᠶᠠᠷ ᠡᠪᠡᠰᠤ ᠮᠤᠳᠤ ᠵᠤᠬᠢᠴᠠᠭᠰᠠᠨ ᠦᠡᠭ ᠰᠢᠮᠡᠯᠢᠭ ᠪᠡᠯᠴᠢᠭᠡᠷ ᠬᠠᠯᠢᠭᠤᠷᠠᠵᠤ᠂  ᠠᠰᠬ᠎ᠠ ᠬᠠᠳᠠ ᠶᠢᠨ ᠤᠷᠤᠢ ᠪᠠᠷ ᠠᠷᠢᠶᠠᠳᠠᠨ ᠵᠢᠭᠦᠷᠳᠡᠨ ᠡᠭᠡᠨᠡᠭᠰᠢᠵᠤ᠂  ᠠᠯᠳᠠᠨ  ᠭᠤᠷᠭᠤᠤᠯᠳᠠᠢ ᠶᠢᠨ  ᠲᠤᠩᠭᠤᠳᠤᠭᠠᠨ   ᠳᠤ  ᠬᠠᠳᠠᠨ ᠴᠤᠤᠷᠢᠶ᠎ᠠ ᠤᠶᠠᠩᠭᠠᠷᠠᠨ᠂ ᠠᠮᠢᠳᠠᠨ ᠭᠤᠤᠯᠳᠠᠨ ᠤ  ᠡᠭᠡᠰᠢᠭᠯᠡᠯ   ᠳᠤ  ᠦᠡᠭᠭᠡ ᠶᠢᠨ  ᠴᠡᠴᠡᠭ  ᠪᠦᠵᠢᠭᠯᠡᠳᠡᠭ᠃  ᠪᠠᠶᠢᠭᠠᠯᠢ ᠶᠢᠨ ᠰᠠᠶᠢᠬᠠᠨ ᠳᠤ ᠪᠠᠶᠠᠨ ᠰᠦᠷᠦᠭ ᠦᠨᠢᠷ ᠦᠰᠴᠤ᠂ ᠬᠤᠳᠤᠭᠤᠷ ᠲᠦᠭᠦᠷᠡᠩ ᠠᠳᠤᠭᠤᠨ  ᠰᠦᠷᠦᠭ  ᠬᠤᠷ  ᠲᠡᠯ  ᠬᠡᠶᠢᠰᠬᠡᠵᠤ᠂ ᠬᠤᠯᠠᠨ ᠰᠢᠷᠭ᠎ᠠ᠂ ᠤᠰᠤᠨ ᠵᠢᠷᠤᠭ᠎ᠠ ᠮᠤᠷᠢᠳ ᠵᠢᠰᠤᠮ ᠢᠯᠭᠠᠷᠠᠨ ᠲᠠᠪᠬᠢᠯᠳᠤᠵᠤ᠂ ᠠᠭᠤᠯᠨ ᠶᠢᠨ  ᠬᠦᠨᠳᠡᠢ   ᠪᠠᠷ  ᠤᠷᠭᠤᠭᠰᠠᠨ ᠤᠯᠢᠶᠠᠰᠤ᠂ ᠬᠠᠶᠢᠯᠠᠰᠤ᠂ ᠤᠯᠠᠭᠠᠨ᠎ᠠ᠂ ᠲᠤᠯᠤᠨᠤ ᠮᠡᠳᠤ ᠶᠢᠨ ᠵᠢᠮᠢᠰᠳᠤ ᠤᠢ᠂ ᠪᠢᠳᠡᠭᠦᠦ ᠰᠢᠭᠤᠢ ᠨᠢ  ᠠᠳᠤᠭᠤᠨ  ᠰᠦᠷᠦᠭ ᠤᠨ ᠲᠤᠷᠭᠠᠨ ᠪᠡᠯᠴᠢᠭᠡᠷ ᠪᠤᠯᠵᠤ᠂ ᠲᠤᠯᠠᠭᠠᠨ ᠨᠦᠮᠤᠷᠢ ᠳᠤᠨᠢ ᠬᠠᠬᠢᠷ ᠰᠢᠭᠤᠷᠭᠠᠨ ᠬᠠᠭᠰᠠᠷᠭᠠᠨ ᠵᠤᠳ ᠢ ᠦᠡᠭᠭᠡᠷᠡᠭᠦᠯᠵᠤ᠂  ᠵᠦᠭᠡᠯᠡᠨ ᠪᠡᠯᠴᠢᠭᠡᠷ ᠲᠤᠨᠢ ᠲᠤᠰᠤᠨ ᠲᠠᠷᠭᠤ ᠲᠠᠢ ᠦᠷᠡᠵᠢᠳᠡᠭ᠃ ᠬᠠᠳᠠᠨ ᠤ ᠡᠬᠢ ᠠᠴᠠ ᠤᠨᠳᠤᠷᠤᠭᠰᠠᠨ ᠠᠷᠢᠭᠤᠨ ᠪᠤᠯᠠᠭ   ᠨᠢ  ᠡᠪᠡᠰᠤ ᠴᠡᠴᠡᠭ ᠢ ᠤᠮᠳᠠᠯᠠᠨ ᠬᠠᠯᠠᠭᠤᠨ ᠵᠤᠨ ᠤ ᠤᠯᠠᠷᠢᠯ ᠳᠤ ᠬᠠᠮᠤᠭ  ᠪᠦᠬᠦᠨ ᠢ  ᠠᠮᠢᠯᠠᠭᠤᠯᠤᠨ  ᠷᠠᠰᠢᠶᠠᠨ  ᠰᠢᠮ᠎ᠡ  ᠬᠦᠷᠳᠡᠭᠡᠨ᠎ᠡ᠃ ᠨᠤᠳᠤᠭ ᠤᠰᠤᠨ ᠤ ᠢᠪᠡᠭᠡᠯ ᠳᠤ ᠠᠳᠤᠭᠤᠨ ᠰᠦᠷᠦᠭ ᠦᠷᠡᠵᠢᠨ  ᠲᠦᠯᠵᠢᠵᠤ  ᠠᠳᠠᠷ  ᠬᠦᠨᠳᠡᠢ   ᠪᠠᠷ  ᠠᠷᠪᠠ  ᠬᠤᠷᠢ   ᠪᠠᠷ ᠰᠦᠷᠤᠭ᠍ᠯᠡᠨ ᠡᠷᠬᠡ ᠲᠠᠪᠠ ᠪᠠᠷ ᠢᠶᠠᠨ ᠡᠭᠡᠨᠡᠭᠰᠢᠨ ᠬᠠᠷᠠᠭ᠎ᠠ ᠪᠠᠶᠠᠰᠬᠠᠳᠠᠭ᠃        ᠨᠠᠰᠤᠳᠠᠨ ᠮᠢᠨᠢ ᠦᠯᠢᠭᠡᠷ ᠢᠶᠠᠨ ᠪᠠᠭ᠋ᠠᠨ  ᠵᠤᠭᠰᠤᠵᠤ  ᠳᠠᠮᠠᠬᠢᠯᠠᠬᠤ  ᠵᠠᠭᠤᠷ᠎ᠠ  ︽ᠮᠤᠩᠭᠤᠯ  ᠬᠦᠮᠤᠨ  ᠶᠡᠷᠤᠨᠢ  ᠭᠠᠯ ᠭᠤᠯᠤᠮᠳᠠ ᠪᠠᠨ ᠲᠠᠬᠢᠵᠤ ᠭᠠᠵᠠᠷ ᠤᠰᠤ ᠪᠠᠨ ᠬᠠᠶᠢᠷᠠᠯᠠᠨ ᠠᠭᠤᠯᠨ ᠰᠠᠷᠢᠳᠠᠭ ᠢᠶᠠᠨ ᠰᠢᠳᠤᠳᠡᠭ᠃ ᠲᠦᠷᠤᠭ᠍ᠰᠡᠨ ᠨᠤᠳᠤᠭ  ᠭᠡᠵᠤ ᠴᠢᠮᠬᠢ ᠰᠢᠷᠤᠢ ᠨᠢ ᠠᠯᠳᠠ᠂ ᠰᠢᠷᠭᠡᠭ ᠡᠪᠡᠰᠤ ᠨᠢ ᠴᠤ ᠡᠷᠳᠡᠨᠢ ᠶᠤᠮ ᠰᠢᠤ᠃ ᠬᠡᠵᠢᠶ᠎ᠡ ᠴᠤ ᠭᠡᠰᠡᠨ ᠬᠠᠮᠠᠭᠠᠯᠠᠵᠤ ᠡᠪ  ᠲᠤᠬᠢᠲᠠᠢ ᠡᠵᠡᠮᠳᠡᠨ ᠡᠳ᠋ᠯᠡᠵᠤ᠂ ᠤᠯᠵᠠ ᠠᠰᠢᠭ ᠦᠵᠡᠭᠰᠡᠨ ᠴᠤ ᠡᠨ᠋ᠨ ᠶᠤᠰᠤ  ᠶᠢ  ᠪᠤᠤ  ᠮᠠᠷᠳᠠ᠃  ᠡᠪᠡᠰᠤ  ᠮᠤᠳᠤ   ᠪᠠᠨ  ᠬᠠᠶᠢᠷᠠᠯᠠᠨ ᠬᠢᠮᠠᠭᠠᠳᠠᠵᠤ ᠤᠰᠤ ᠭᠤᠤᠯ ᠢᠶᠠᠨ ᠬᠠᠮᠠᠭᠠᠯᠠᠨ ᠡᠵᠡᠮᠳᠡᠪᠡᠯ ᠰᠦᠷᠦᠭ ᠮᠠᠯ ᠴᠢᠨᠢ ᠰᠦ ᠢᠪᠢᠯᠬᠦ ᠮᠡᠳᠤ  ᠦᠷᠡᠵᠢᠨ  ᠲᠦᠯᠵᠢᠳᠡᠭ︾ ᠭᠡᠵᠤ ᠤᠴᠢᠷ ᠲᠠᠢ ᠰᠤᠷᠭᠠᠯ ᠬᠠᠶᠢᠷᠠᠯᠠᠵᠤ ᠦᠯᠢᠭᠡᠷ ᠢᠶᠠᠨ ᠴᠠᠰᠢ ᠵᠠᠯᠭᠠᠳᠠᠭ᠄        — ᠬᠤᠵᠢᠮ ᠰᠡᠬᠦᠯ ᠳᠤᠨᠢ ᠬᠤᠶᠢᠬᠤᠷ ᠬᠤᠯᠵᠢᠨ ᠬᠠᠷᠢ ᠶᠢᠨ ᠲᠤᠨᠤᠭᠠᠴᠢᠳ  ᠬᠦᠨᠳᠡᠢ  ᠭᠤᠪᠢ   ᠪᠠᠷ  ᠰᠦᠷᠤᠭ᠍ᠯᠡᠬᠦ ᠠᠳᠤᠭᠤᠨ ᠰᠦᠷᠦᠭ ᠲᠤ ᠪᠠᠶᠢᠡᠭᠭᠤ ᠬᠠᠷᠠᠭ᠎ᠠ ᠪᠡᠯᠴᠢᠭᠡᠨ ᠰᠢᠯᠤᠰᠤ ᠰᠠᠪᠢᠷᠠᠭᠤᠯᠵᠤ᠂  ᠬᠠᠷᠠᠩᠭᠤᠢ  ᠰᠦᠨᠢ   ᠪᠠᠷ  ᠬᠤᠯᠠᠭᠠᠶᠢᠯᠠᠨ ᠳᠡᠭᠡᠷᠡᠮᠳᠡᠵᠤ᠂ ᠲᠠᠭᠠᠷᠠᠯᠳᠤᠭᠰᠠᠨ ᠪᠦᠬᠦᠨ ᠢ ᠲᠤᠯᠤᠭᠠᠢ ᠲᠠᠷᠤᠨ ᠬᠦᠨᠤᠭᠡᠵᠤ ᠬᠤᠪᠢᠨ ᠤ  ᠰᠠᠩ   ᠳᠠᠭᠠᠨ  ᠲᠠᠳᠠᠳᠠᠭ  ᠪᠤᠯᠵᠡᠢ᠃ ᠰᠦᠷᠦᠭ ᠠᠳᠤᠭᠤᠨ ᠠᠴᠠ ᠰᠦᠨ ᠴᠠᠭᠠᠨ ᠦᠬᠢᠨ ᠤᠨᠠᠭ᠎ᠠ ᠰᠢᠷᠬ᠎ᠠ ᠲᠠᠢ  ᠪᠡᠶ᠎ᠡ   ᠪᠠᠨ  ᠴᠢᠷᠤᠭ᠍ᠰᠡᠭᠡᠷ  ᠪᠤᠳᠠ  ᠰᠦᠬᠡᠭ   ᠤᠨ ᠲᠤᠮᠳᠠᠭᠤᠷ ᠪᠤᠯᠳᠠᠨ ᠵᠢᠭᠤᠳᠠᠵᠤ ᠠᠮᠢ ᠮᠡᠨᠳᠤ ᠬᠤᠴᠤᠷᠪᠠ ᠭᠡᠨ᠎ᠡ᠃ ᠬᠡᠵᠢᠶ᠎ᠡ ᠬᠤᠶᠢᠨ᠎ᠠ ᠨᠢ ᠬᠡᠭᠡᠷ᠎ᠡ ᠭᠠᠳᠠᠨ᠎ᠠ ᠮᠠᠯ  ᠳᠤ  ᠶᠠᠪᠤᠭ᠎ᠠ ᠬᠦᠮᠤᠰ ᠦᠨᠤᠴᠢᠨ ᠤᠨᠠᠭ᠎ᠠ ᠶᠢ ᠤᠯᠵᠤ ᠠᠪᠤᠭᠠᠳ ᠬᠠᠯᠠᠭᠤᠨ ᠲᠤᠯᠠᠭᠠᠨ ᠭᠡᠷ ᠲᠡᠭᠡᠨ ᠠᠪᠴᠢᠷᠠᠵᠤ ᠰᠢᠨᠠᠭ᠎ᠠ ᠰᠦ ᠪᠠᠷ ᠤᠭᠵᠢᠨ ᠰᠢᠷᠬ᠎ᠠ ᠰᠤᠷᠪᠢ ᠶᠢ ᠨᠢ ᠡᠳᠡᠭᠡᠷᠡᠭᠦᠯᠤᠭᠡᠳ ᠨᠤᠳᠤᠭ ᠤᠨ ᠵᠠᠬ᠎ᠠ ᠳᠠᠭᠠᠨ ᠡᠭᠡᠨᠡᠭᠰᠢᠭᠦᠯᠵᠡᠢ᠃          ᠮᠠᠯᠴᠢᠨ ᠬᠦᠮᠤᠨ ᠤ ᠪᠤᠶᠠᠨᠳᠤ ᠰᠡᠳᠬᠢᠯ ᠳᠤ ᠮᠡᠨᠳᠤ ᠭᠠᠷᠤᠭᠰᠠ ᠰᠢᠷᠭ᠎ᠠ ᠤᠨᠠᠭ᠎ᠠ ᠮᠠᠯ ᠰᠦᠷᠦᠭ ᠲᠠᠢ ᠨᠢ  ᠢᠵᠢᠯᠳᠤᠨ ᠡᠩᠬᠡ ᠮᠡᠨᠳᠤ ᠡᠳᠤᠷ ᠬᠤᠨᠤᠭ ᠢ ᠲᠤᠭᠤᠯᠵᠤ ᠪᠢᠯᠨ᠃ ︽ᠲᠡᠭᠡᠭᠡᠳ︖︾ ᠭᠡᠵᠤ ᠶᠠᠭᠠᠷᠠᠨ ᠠᠰᠠᠭᠤᠪᠠᠯ ᠨᠠᠰᠤᠳᠠᠨ  ᠮᠢᠨᠢ  ᠴᠢᠷᠠᠢ ᠲᠦᠭᠦᠷᠡᠩ ᠢᠨᠢᠶᠡᠮᠰᠤᠭ᠍ᠯᠡᠵᠤ ᠴᠠᠭᠠᠰᠢ ᠵᠠᠯᠭᠠᠵᠤ ᠶᠠᠷᠢᠨ᠎ᠠ᠄        — ᠦᠨᠤᠴᠢᠨ ᠤᠨᠠᠭ᠎ᠠ ᠦᠰᠴᠤ ᠪᠤᠶᠢᠵᠢᠬᠤ ᠶᠢᠨ ᠳᠠᠭᠠᠤ  ᠠᠭᠤᠳᠠᠮ  ᠬᠠᠨᠭ᠍ᠭᠠᠢ   ᠶᠢᠨ  ᠡᠪᠤᠷ   ᠢᠶᠠᠷ  ᠠᠳᠤᠭᠤᠨ ᠰᠦᠷᠦᠭ ᠨᠡᠮᠡᠭᠳᠡᠨ ᠬᠠᠨᠭ᠍ᠭᠢᠨᠠᠲᠠᠯ᠎ᠠ ᠦᠤᠷᠰᠡᠬᠦ ᠳᠠᠭᠤᠨ ᠳᠤᠨᠢ ᠬᠠᠮᠤᠭ ᠪᠤᠳᠠᠰ ᠪᠠᠶᠠᠰᠤᠨ ᠮᠦᠰᠢᠶᠡᠨ᠎ᠡ᠃ ᠲᠡᠷᠨ ᠦᠶ᠎ᠡ ᠠᠴᠠ ᠯᠡ ᠬᠦᠮᠤᠰ ᠠᠳᠤᠭᠤᠨ ᠰᠦᠷᠦᠭ  ᠢᠶᠠᠨ ᠬᠠᠷᠢᠭᠤᠯᠵᠤ ᠤᠰᠤ ᠭᠤᠤᠯ ᠢᠶᠠᠨ ᠲᠠᠭᠠᠨ ᠨᠡᠭᠦᠳᠡᠯᠯᠡᠬᠦ ᠳᠡᠭᠡᠨ  ᠦᠨᠢᠷ  ᠦᠰᠤᠯᠳᠡ   ᠶᠢ ᠪᠡᠯᠭᠡᠳᠡᠨ ︽ᠠᠯᠳᠠᠨ ᠤᠨᠠᠭ᠎ᠠ  ᠶᠢᠨ ᠨᠤᠳᠤᠭ︾ ᠭᠡᠵᠤ ᠠᠭᠯᠠᠭ ᠠᠭᠤᠯᠨ  ᠶᠢ ᠨᠡᠷᠡᠯᠡᠪᠡ ᠭᠡᠨ᠎ᠡ᠃        ᠨᠠᠰᠤᠳᠠᠨ ᠤ ᠶᠠᠷᠢᠭᠰᠠᠨ ᠦᠯᠢᠭᠡᠷ ᠢ ᠰᠤᠨᠤᠰᠬᠤ ᠪᠦᠷᠢ ᠤᠷᠮ᠎ᠠ ᠰᠡᠳᠬᠢᠯ ᠬᠦᠭᠵᠢᠨ ᠤᠯᠠᠨ ᠪᠤᠳᠤᠯ  ᠡᠷᠬᠢᠯᠳᠤᠨ᠎ᠡ᠃ ᠮᠠᠯᠴᠢᠳ ᠤᠳᠤᠷ ᠨᠡᠭᠦᠳᠡᠯ  ᠢᠶᠠᠷ ᠮᠠᠯᠵᠢᠬᠤ ᠳᠠᠭᠠᠨ ᠬᠠᠶ᠋ᠨ ᠦᠭᠡᠢ ᠬᠠᠷᠠᠭᠳᠠᠬᠤ ᠠᠳᠤᠭᠤᠨ ᠰᠦᠷᠦᠭ  ᠢᠶᠠᠨ ᠪᠠᠭ᠋ᠠᠷᠬᠠᠵᠤ  ᠬᠠᠨ ᠬᠤᠷᠮᠤᠰᠳᠠ ᠶᠢᠨ ᠬᠦᠯᠦᠭ  ᠭᠡᠵᠤ  ᠬᠠᠯᠠᠭᠤᠨ  ᠵᠤᠭᠤᠭ  ᠲᠡᠯᠭᠡᠨ  ︽ᠠᠯᠳᠠᠨ  ᠤᠨᠠᠭ᠎ᠠ︾   ᠶᠢᠨ  ᠦᠯᠢᠭᠡᠷ   ᠢ  ᠠᠮᠳᠠᠷᠬᠠᠨ ᠬᠦᠤᠷᠨᠢᠯᠳᠤᠵᠤ᠂ ᠡᠪᠤᠭᠡᠳ ᠨᠠᠰᠤᠳᠠᠳ ᠮᠢᠨᠢ ᠠᠭᠤᠯᠨ ᠤᠰᠤ   ᠪᠠᠨ  ᠰᠢᠳᠦᠵᠤ  ︽ᠠᠯᠳᠠᠨ  ᠤᠨᠠᠭ᠎ᠠ  ᠡᠭᠦᠷᠢᠳᠡ  ᠤᠷᠤᠰᠢᠨ ᠡᠭᠡᠨᠡᠭᠰᠢᠳᠤᠭᠡᠢ︾ ᠭᠡᠵᠤ ᠠᠯᠠᠭ᠎ᠠ ᠬᠠᠮᠳᠤᠳᠬᠠᠨ ᠵᠦᠡᠭᠨᠡᠳᠡᠭ᠃        ᠵᠦᠭᠡᠯᠡᠨ ᠰᠠᠯᠬᠢ ᠰᠡᠷᠴᠢᠬᠢᠨᠡᠵᠤ ᠬᠡᠭᠡᠷ᠎ᠡ ᠲᠠᠯ᠎ᠠ ᠶᠢᠨ ᠲᠤᠰᠤᠯᠢᠭ ᠪᠡᠯᠴᠢᠭᠡᠷ ᠢ ᠰᠡᠪᠡᠯᠵᠡᠭᠦᠯᠤᠨ᠂ ᠨᠠᠮᠤᠷ   ᠤᠨ  ᠡᠭᠦᠯᠨ ᠨᠡᠭᠦᠳᠡᠯᠯᠡᠬᠦ ᠳᠤ ᠠᠳᠤᠭᠤᠨ ᠰᠦᠷᠦᠭ ᠨᠤᠳᠤᠭ ᠵᠦᠭ ᠢᠶᠠᠨ ᠴᠤᠪᠤᠷᠠᠯᠳᠤᠨ ᠦᠤᠷᠰᠡᠨ ᠴᠤᠪᠬᠤᠴᠠᠬᠤ ᠳᠠᠭᠤᠨ ᠨᠢ ᠬᠤᠯᠨ   ᠶᠢᠨ ᠬᠤᠯᠨ ᠳᠤ ᠴᠤᠤᠷᠢᠶᠠᠯᠠᠨ ᠠᠯᠠᠭ ᠴᠡᠴᠡᠭ ᠤᠨ ᠮᠢᠷᠠᠯᠵᠠᠭᠠᠨ ᠳᠤ ᠦᠵᠡᠮᠵᠢ ᠬᠤᠤᠰᠯᠠᠨ᠎ᠠ᠃         ᠦᠶᠤᠭ᠌  ᠰᠡᠳᠬᠢᠯᠳᠤ  ᠮᠠᠯᠴᠢᠳ  ᠮᠢᠨᠢ  ᠠᠳᠤᠭᠤᠨ  ᠰᠦᠷᠦᠭ ᠢᠶᠠᠨ  ᠦᠰᠬᠡᠵᠤ  ᠡᠬᠡ  ᠤᠷᠤᠨ ᠤ   ᠪᠦᠳᠤᠭᠡᠨ ᠪᠠᠶᠢᠭᠤᠯᠤᠯᠳᠠ ᠳᠤ ᠦᠪᠡᠷᠰᠡᠳ ᠤᠨ ᠦᠨᠡᠨᠴᠢ ᠴᠠᠶᠢᠯᠭᠠᠨ ᠵᠢᠳᠭᠦᠯ  ᠢᠶᠠᠨ ᠡᠷᠭᠦᠭᠰᠡᠭᠡᠷ ᠢᠷᠡᠭᠰᠡᠨ   ᠢ  ᠲᠡᠤᠬᠡ  ᠴᠠᠳᠢᠭ   ᠲᠤ ᠲᠤᠳᠤᠷᠬᠠᠢ ᠲᠡᠮᠳᠡᠭᠯᠡᠨ᠎ᠡ᠃         ᠡᠬᠡ ᠤᠷᠤᠨ ᠤ ᠴᠢᠯᠤᠭᠡᠯᠡᠯᠳᠠ ᠶᠢᠨ ᠦᠶ᠎ᠡ ᠳᠤ ᠴᠡᠷᠢᠭ ᠤᠨ ᠠᠭᠳᠠ ᠲᠠᠳᠠᠬᠤ ᠪᠠᠷ ᠴᠢᠮᠡᠭᠡ ᠵᠠᠷᠯᠢᠭ  ᠢᠷᠡᠭᠰᠡᠨ   ᠳᠤ ᠨᠢᠩᠵᠢᠨ ᠰᠡᠳᠬᠢᠯᠲᠤ ᠮᠠᠯᠴᠢᠳ ᠮᠢᠨᠢ ᠬᠠᠮᠤᠭ ᠰᠠᠶᠢᠨ ᠠᠭᠳᠠ ᠮᠤᠷᠢ ᠪᠠᠨ ᠡᠮᠤᠨ᠎ᠡ ᠹᠷᠤᠨᠲ ᠲᠤ ᠬᠦᠷᠭᠡᠭᠡᠳ ᠵᠠᠯᠢᠬᠠᠢ ᠲᠠᠶᠢᠰᠤᠨ ᠢ ᠤᠰᠠᠳᠬᠠᠬᠤ ᠳᠤ ᠠᠭᠤᠤ ᠭᠠᠪᠢᠶ᠎ᠠ ᠪᠠᠶᠢᠭᠤᠯᠤᠨ ︽ᠠᠯᠳᠠᠨ ᠤᠨᠠᠭ᠎ᠠ  ᠶᠢᠨ ᠨᠤᠳᠤᠭ︾   ᠤᠨ  ᠠᠯᠳᠠᠷ  ᠠᠷᠪᠠᠨ  ᠵᠦᠭ   ᠲᠤ ᠮᠠᠨᠳᠤᠵᠡᠢ᠃ ᠡᠬᠡ ᠨᠤᠳᠤᠭ ᠠᠴᠠ ᠪᠠᠨ ᠠᠭᠳᠠ ᠬᠦᠯᠤᠭ᠌ ᠲᠡᠭᠡᠨ ᠮᠤᠷᠳᠠᠨ ᠠᠷᠠᠳ   ᠤᠨ  ᠴᠡᠷᠢᠭ   ᠲᠤ  ᠶᠠᠪᠤᠭᠰᠠᠨ  ᠡᠷᠡᠯᠬᠡᠭ ᠮᠤᠩᠭᠤᠯ ᠦᠷᠡᠰ ᠤᠳ ᠲᠦᠮᠡᠨ ᠪᠡᠷᠬᠡ ᠮᠢᠩᠭᠠᠨ ᠪᠠᠷᠳᠠᠭ᠎ᠠ ᠶᠢ ᠲᠤᠭᠤᠯᠵᠤ᠂ ᠠᠯᠤᠰ ᠬᠢᠵᠠᠭᠠᠷ ᠤᠨ ᠤᠷᠤᠨ ᠳᠤ ᠠᠮᠢ  ᠴᠦᠯᠡᠨ ᠲᠡᠮᠡᠴᠡᠵᠤ᠂ ᠮᠤᠩᠭᠤᠯ ᠬᠦᠮᠤᠨ ᠤ ᠪᠠᠭᠠᠳᠤᠷ ᠵᠤᠷᠢᠭ ᠢ ᠬᠢᠯᠠᠯᠵᠠᠭᠤᠯᠤᠭᠠᠳ᠂ ᠮᠤᠩᠭᠤᠯ ᠨᠤᠳᠤᠭ᠂ ᠮᠤᠩᠭᠤᠯ ᠮᠤᠷᠢᠨ ᠤ ᠬᠡᠶᠢᠮᠤᠷᠢ ᠰᠦᠷ ᠢ ᠮᠠᠨᠳᠤᠭᠤᠯᠵᠤ ᠲᠡᠤᠬᠡᠨ ᠬᠠᠭᠤᠳᠠᠰᠤᠨ ᠳᠤ ᠢᠯᠠᠭᠤᠭᠰᠠᠨ ᠮᠦᠷ ᠢᠶᠠᠨ ᠲᠤᠷᠠᠶᠢᠯᠭᠠᠪᠠ᠃         ᠤᠨ ᠵᠢᠯ ᠤᠷᠤᠰᠤᠨ ᠦᠡᠭᠭᠡᠷᠡᠬᠦ ᠳᠤ ᠤᠷᠢᠳᠤ ᠶᠢᠨ ᠲᠤᠮᠤᠭ ᠢ ᠨᠤᠳᠤᠭ ᠤᠨ ᠬᠦᠮᠤᠰ ᠮᠢᠨᠢ ᠤᠯᠠᠮᠵᠢᠯᠠᠨ  ᠶᠠᠷᠢᠵᠤ᠂ ᠦᠷ᠎ᠡ ᠬᠤᠶᠢᠴᠢᠰ ᠲᠠᠭᠠᠨ ᠦᠪ ᠰᠤᠶᠤᠯ ᠤᠨ ᠰᠤᠷᠭᠠᠯ ᠬᠠᠶᠢᠷᠠᠯᠠᠵᠤ᠂ ᠦᠨᠢᠷ ᠰᠠᠶᠢᠬᠠᠨ ᠮᠠᠷᠭᠠᠰᠢ   ᠶᠢᠨ  ᠵᠦᠡᠭᠨᠡᠯ  ᠲᠠᠯᠪᠢᠬᠤ ᠳᠠᠭᠠᠨ᠄ ︽ᠬᠤᠵᠢᠮ ᠲᠠᠨᠠᠷ ᠦᠭᠡᠯᠡᠢ ᠪᠤᠯᠪᠠᠯ ᠦᠡᠭᠭᠡᠷᠡᠭᠰᠡᠨ ᠪᠠ ᠡᠳᠤᠭᠡ ᠶᠢᠨ ᠬᠡᠷᠡᠭ ᠤᠴᠢᠷ ᠤᠨ ᠦᠨᠳᠤᠰᠤ  ᠰᠢᠯᠳᠠᠭᠠᠨ   ᠢ ᠦᠪᠴᠢ ᠤᠶᠢᠯᠠᠭᠠᠵᠤ ᠤᠬᠠᠭᠠᠵᠢᠬᠤ ᠶᠤᠮ᠃ ᠤᠨᠠᠭᠰᠠᠨ ᠰᠢᠷᠤᠢ ᠤᠤᠭᠤᠭᠰᠠᠨ ᠤᠰᠤ ᠪᠠᠨ ᠬᠠᠮᠠᠭᠠᠯᠠᠵᠤ ᠶᠠᠪᠤᠬᠤ   ᠪᠠᠨ  ᠪᠤᠤ ᠮᠠᠷᠳᠠ᠃ ᠦᠷᠭᠡᠨ ᠬᠦᠨᠵᠡᠭᠡᠢ ᠮᠡᠳᠡᠯᠭᠡ ᠪᠤᠯᠪᠠᠰᠤᠷᠠᠯ ᠢ ᠡᠵᠡᠮᠰᠢᠨ ᠦᠢᠯᠡᠰ ᠤᠨ ᠬᠠᠷᠭᠤᠢ ᠲᠤᠷᠠᠶᠢᠯᠭᠠᠵᠤ ᠶᠠᠪᠤ︾ ᠭᠡᠵᠤ  ᠵᠠᠯᠠᠭᠤ ᠪᠠᠭᠠᠴᠤᠤᠯ ᠢ ᠵᠢᠭᠠᠨ ᠰᠤᠷᠭᠠᠳᠠᠭ ᠡᠴᠨ‌‍ᠷᠢᠳᠢ ᠰᠢᠳᠢ ᠲᠠᠢ ᠠᠯᠳᠠᠨ ᠤᠨᠠᠭ᠎ᠠ ᠶᠢᠨ ᠰᠠᠶᠢᠬᠠᠨ ᠲᠤᠮᠤᠭ  ᠠᠶᠢᠯ ᠤᠨ  ᠬᠦᠮᠤᠰ   ᠲᠤ ᠡᠷᠬᠢᠴᠡᠭᠦᠯᠤᠭ᠍ᠳᠡᠨ ᠶᠠᠷᠢᠭᠳᠠᠭᠰᠠᠭᠠᠷ ᠢᠷᠡᠪᠡ᠃        ᠴᠠᠶᠢᠯᠭᠠᠨ ᠰᠡᠳᠬᠢᠯᠲᠤ ᠮᠠᠯᠴᠢᠳ‌ᠮᠠᠨᠢ ᠴᠠᠭ ᠤᠨ ᠰᠠᠶᠢᠬᠠᠨ   ᠳᠤ  ᠪᠠᠶᠠᠰᠴᠤ᠂  ᠡᠷᠬᠡ  ᠵᠢᠷᠭᠠᠯ   ᠲᠠᠢ  ᠡᠩᠬᠡ   ᠶᠢᠨ ᠠᠮᠢᠳᠤᠷᠠᠯ ᠢᠶᠠᠨ ᠴᠤᠭᠴᠠᠯᠠᠬᠤ  ᠳᠠᠭᠠᠨ ︽ᠠᠯᠳᠠᠨ  ᠤᠨᠠᠭ᠎ᠠ   ᠶᠢᠨ  ᠲᠤᠮᠤᠭ︾   ᠢ  ᠠᠮᠢᠯᠠᠨ  ᠰᠡᠷᠭᠦᠭᠡᠵᠤ᠂  ᠠᠶᠢᠷᠠᠭ  ᠲᠠᠷᠠᠭ ᠪᠢᠯᠬᠠᠭᠰᠠᠨ ᠤᠯᠠᠷᠢᠯ ᠤᠨ ᠪᠠᠶᠠᠨ ᠢ  ᠰᠤᠩᠭᠤᠨ  ᠠᠭᠤᠯᠨ  ᠬᠠᠶᠢᠷᠬᠠᠨ   ᠳᠠᠭᠠᠨ  ᠲᠠᠬᠢᠯᠭ᠎ᠠ  ᠲᠠᠯᠪᠢᠵᠤ  ᠦᠯᠵᠡᠢ  ᠬᠡᠶᠢᠮᠤᠷᠢ ᠬᠤᠷᠤᠶᠢᠯᠠᠨ ︽ᠮᠠᠯ ᠰᠦᠷᠦᠭ ᠮᠢᠨᠢ ᠦᠷᠡᠵᠢᠨ ᠲᠦᠯᠵᠢᠭ᠂ ᠮᠢᠩᠭᠠᠨ ᠠᠭᠳᠠ   ᠶᠢᠨ  ᠰᠦᠷᠦᠭ  ᠲᠠᠪᠬᠢᠭ︾  ᠭᠡᠵᠤ  ᠬᠤᠳᠠᠯᠨ ᠤᠯᠠᠨ ᠢᠶᠠᠷ ᠢᠶᠠᠨ ᠨᠡᠷᠭᠢᠯᠳᠤᠨ ᠬᠤᠵᠢᠮ ᠢᠷᠡᠭᠡᠳᠤᠢ ᠪᠠᠨ ᠪᠡᠯᠭᠡᠳᠡᠳᠡᠭ᠃        ᠠᠯᠳᠠᠨ ᠤᠨᠠᠭ᠎ᠠ ᠶᠢᠨ ᠲᠤᠮᠤᠭ ᠬᠦᠮᠤᠰ ᠢ ᠰᠡᠭᠡᠭᠡᠷᠡᠭᠦᠯᠵᠤ᠂ ᠢᠳᠡᠭᠡᠯ ᠳᠤᠨᠢ ᠬᠦᠴᠤᠨ ᠨᠡᠮᠡᠨ ᠦᠢᠯᠡᠰ ᠲᠤᠨᠢ  ᠵᠢᠭᠦᠷ ᠪᠦᠷᠢᠳᠤᠭᠦᠯᠵᠤ᠂ ᠢᠷᠡᠭᠡᠳᠤᠢ  ᠳᠤᠨᠢ ᠤᠬᠠᠭᠠᠨ ᠢᠪᠡᠭᠡᠨ᠎ᠡ᠃ ᠠᠵᠢᠯᠴᠢ ᠰᠤᠷᠳᠠᠯ   ᠲᠠᠢ  ᠮᠤᠩᠭᠤᠯ  ᠲᠤᠭᠠᠳᠠᠳ  ᠮᠢᠨᠢ  ᠠᠭᠯᠠᠭ ᠬᠢᠨᠭ᠍ᠭᠠᠨ ᠲᠦᠰᠢᠯᠭᠡ ᠲᠠᠢ ᠠᠷᠤ ᠪᠤᠮᠪᠠ  ᠶᠢᠨ  ᠤᠷᠤᠨ  ᠮᠡᠳᠤ  ᠠᠷᠢᠭᠤᠨ  ᠬᠦᠳᠡᠭᠡ  ᠨᠤᠳᠤᠭ ᠢᠶᠠᠨ  ᠨᠤᠮᠢᠨ  ᠦᠡᠭᠭᠡ   ᠪᠠᠷ ᠴᠢᠮᠡᠭᠯᠡᠵᠤ᠂ ᠡᠪᠡᠰᠤ ᠮᠤᠳᠤ ᠪᠠᠨ  ᠦᠭᠦᠬᠡᠷᠳᠤᠨ  ᠠᠮᠢᠵᠢᠷᠠᠭᠤᠯᠵᠤ᠂  ᠬᠦᠨᠳᠡᠢ  ᠭᠤᠪᠢ   ᠪᠠᠨ  ᠬᠦᠭᠡᠮᠳᠤᠭ᠌  ᠦᠵᠡᠮᠵᠢ   ᠪᠠᠷ ᠰᠢᠨᠡᠳᠬᠡᠵᠡᠢ᠃ ᠨᠤᠳᠤᠭ ᠤᠨ ᠠᠭᠤᠯᠠᠰ ᠮᠢᠨᠢ ᠴᠤᠭ ᠰᠦᠯᠳᠡ ᠪᠠᠨ ᠲᠠᠬᠢᠨ ᠬᠢᠯᠠᠯᠵᠠᠭᠤᠯᠵᠤ᠂  ᠦᠨᠢᠷ  ᠬᠦᠭᠵᠢᠯ ᠤᠨ  ᠢᠪᠡᠭᠡᠯ ᠤᠨᠳᠤᠷᠴᠤ᠂ ᠰᠦᠷᠦᠭ ᠢᠶᠠᠨ ᠬᠠᠷᠠᠭᠠᠳ ᠴᠢᠯᠠᠭᠤᠳ ᠨᠢ ᠮᠦᠰᠢᠶᠡᠵᠤ᠂ ᠵᠢᠰᠤ ᠪᠠᠨ ᠲᠤᠯᠢᠳᠠᠭᠠᠳ ᠰᠢᠭᠤᠢ   ᠨᠢ  ᠪᠦᠵᠢᠭᠯᠡᠵᠤ᠂ ᠠᠭᠤᠯᠨ ᠪᠠᠨ ᠪᠠᠭ᠋ᠠᠳᠤᠭᠠᠳ ᠰᠢᠪᠠᠭᠤᠳ ᠨᠢ ᠡᠭᠡᠰᠢᠭᠯᠡᠯ᠎ᠡ᠃ ᠵᠡᠷᠭᠡᠯᠭᠡᠨ ᠲᠠᠳᠠᠬᠤ ᠠᠭᠤᠯᠨ ᠶᠢᠨ  ᠪᠡᠯ ᠢᠶᠠᠷ  ᠨᠤᠮᠢᠨ  ᠲᠠᠪᠠᠯᠭᠠᠨ ᠦᠶᠡᠯᠵᠡᠵᠤ᠂ ᠵᠢᠷᠪᠡᠯᠵᠡᠨ ᠲᠠᠪᠬᠢᠬᠤ ᠠᠳᠤᠭᠤᠨ ᠤ ᠪᠠᠷ᠎ᠠ ᠪᠠᠷ  ᠡᠪᠡᠰᠤ  ᠮᠤᠳᠤ  ᠮᠢᠷᠠᠯᠵᠠᠵᠤ᠂  ᠲᠠᠯ᠎ᠠ   ᠶᠢᠨ  ᠪᠡᠯᠴᠢᠭᠡᠷ   ᠲᠤ ᠠᠳᠤᠭᠤᠨ ᠰᠦᠷᠦᠭ ᠢᠳᠡᠰᠢᠯᠡᠨ ᠨᠤᠭᠤᠷᠠᠰᠢ ᠦᠭᠡᠢ  ᠠᠮᠢᠳᠤᠷᠠᠯ   ᠤᠨ  ᠤᠷᠢᠶ᠎ᠠ  ᠬᠠᠨᠭ᠍ᠬᠢᠨᠠᠵᠤ᠂  ᠠᠭᠤᠯᠨ   ᠶᠢᠨ  ᠰᠠᠬᠢᠭᠤᠰᠤ ᠪᠠᠶᠠᠰᠤᠨ ᠤᠡᠭᠭᠤᠨ ᠰᠦᠷ ᠨᠢ ᠰᠡᠷᠭᠦᠨ᠎ᠡ᠃ ᠠᠯᠳᠠᠨ ᠤᠨᠠᠭ᠎ᠠ ᠶᠢᠨ  ᠲᠤᠮᠤᠭ  ᠦᠶ᠎ᠡ ᠶᠢᠨ  ᠦᠶ᠎ᠡ   ᠳᠤ  ᠤᠯᠠᠮᠵᠢᠯᠠᠭᠳᠠᠵᠤ᠂ ᠠᠳᠤᠭᠤᠨ ᠰᠦᠷᠦᠭ ᠤᠨ ᠦᠤᠷᠰᠡᠭᠡᠨ ᠠᠯᠤᠰ ᠤᠨ ᠠᠯᠤᠰ   ᠲᠤ  ᠲᠠᠭᠤᠷᠢᠰᠴᠤ᠂  ᠠᠭᠳᠠ ᠶᠢᠨ  ᠨᠢᠷᠤᠭᠤᠨ   ᠳᠤ  ᠢᠰᠭᠡᠷᠴᠤ ᠴᠤᠭᠬᠢᠭᠤᠯᠬᠤ ᠠᠳᠤᠭᠤᠴᠢᠨ ᠠᠭᠤᠯᠨ ᠪᠠᠨ ᠲᠠᠭᠠᠭᠰᠠᠨ ᠪᠡᠯᠴᠢᠭᠡᠷ ᠲᠦᠭᠦᠷᠡᠩ ᠠᠭᠳᠠ ᠶᠢᠨ ᠲᠦᠪᠡᠷᠭᠡᠨ ᠢ ᠴᠢᠩᠨᠠᠵᠤ᠂ ᠠᠯᠳᠠᠨ ᠤᠨᠠᠭ᠎ᠠ ᠮᠢᠨᠢ ︽ᠭᠤᠷᠤᠢ᠂ ᠭᠤᠷᠤᠢ︾ ᠭᠡᠵᠤ ᠳᠠᠭᠤᠯᠠᠬᠤ ᠨᠢ ᠤᠶᠠᠩᠭᠠᠷᠠᠨ ᠴᠤᠤᠷᠢᠶᠠᠳᠤᠨ᠎ᠠ᠃        ᠠᠯᠳᠠᠨ ᠤᠨᠠᠭ᠎ᠠ ᠮᠢᠨᠢ ᠨᠢᠰᠤᠨ ᠲᠡᠭᠦᠯᠢᠭᠴᠢ︕ ᠠᠶᠤᠩᠭ᠎ᠠ ᠴᠠᠬᠢᠯᠭᠠᠨ ᠰᠢᠭ᠋ ᠠᠳᠤᠭᠤᠳ ᠤᠨ ᠮᠢᠨᠢ ᠲᠠᠪᠬᠢᠭ᠎ᠠ  ᠪᠤᠯ ᠡᠬᠡ ᠨᠤᠳᠤᠭ ᠤᠨ ᠮᠢᠨᠢ ᠰᠦᠯᠳᠡ ᠵᠢᠪᠬᠤᠭ᠎ᠠ᠂ ᠦᠭᠡᠳᠡᠯᠡᠯ ᠲᠡᠭᠵᠢᠷᠡᠯ ᠤᠨ ᠪᠡᠯᠭᠡᠲᠤ ᠰᠤᠪᠢᠡᠭ᠃        ᠠᠯᠳᠠᠨ ᠤᠨᠠᠭ᠎ᠠ ᠶᠢᠨ ᠨᠤᠳᠤᠭ ᠤᠶᠠᠩᠭ᠎ᠠ ᠳᠠᠭᠤᠤ   ᠶᠢᠨ  ᠡᠭᠡᠰᠢᠭ   ᠲᠠᠢ᠂  ᠠᠷᠢᠭᠤᠨ  ᠴᠠᠶᠢᠯᠭᠠᠨ  ᠮᠠᠯᠴᠢᠳ ᠤᠨ ᠠᠰᠢᠲᠠ ᠪᠠᠭ᠋ᠠᠳᠤᠬᠤ ᠬᠠᠯᠠᠭᠤᠨ ᠦᠯᠤᠭᠡᠢ᠃
ᠢᠷᠡᠯᠲᠡ᠄ ᠠᠷᠠᠳ ᠤᠨ ᠰᠥᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ