︽ᠠᠯᠲᠠᠨ ᠳᠡᠯᠡᠬᠡᠢ ᠳᠤ ᠲᠦᠷᠦᠭᠰᠡᠨ ᠮᠢᠨᠢ ᠤᠴᠢᠷᠲᠠᠢ ᠠᠪᠤ ᠶᠢᠨ ᠭᠡᠷ ᠤᠨ ᠠᠮᠤᠷ ᠲᠠᠶᠢᠪᠤᠩ ᠢ ᠡᠪᠳᠡᠭᠡᠳ ᠪᠢ ᠠᠴᠢᠲᠦ ᠡᠬᠡ ᠪᠠᠨ | ᠠᠷᠪᠠᠨ ᠰᠠᠷ᠎ᠠ ᠵᠤᠪᠠᠭᠠᠭᠰᠠᠨ ᠤ ᠡᠴᠦᠰ ᠲᠤ ᠠᠯᠠᠭ ᠦᠷ᠎ᠡ ᠨᠢ ᠪᠤᠯᠵᠤ ᠪᠠᠶᠠᠷᠯᠠᠭᠤᠯᠬᠤ ᠭᠡᠰᠡᠨ ᠶᠤᠮ ᠪᠢ︾ ᠭᠡᠵᠤ ᠠᠪᠤ ᠡᠵᠢ ᠶᠢᠨ ᠢᠶᠠᠨ ᠰᠠᠶᠢᠨ ᠢᠶᠠᠷ | ᠠᠯᠠᠭ ᠳᠡᠯᠡᠬᠡᠢ ᠳᠤ ᠠᠩᠬ᠎ᠠ ᠨᠢᠯᠬ᠎ᠠ ᠶᠢᠨ ᠳᠠᠭᠤᠨ ᠢᠶᠠᠨ ᠦᠯᠡᠳᠡᠭᠡᠭᠰᠡᠨ ᠠᠴᠠ ᠠᠪᠤᠭᠠᠳ ᠤᠯᠠᠨ ᠵᠦᠢᠯ ᠤᠨ ᠬᠠᠶᠢᠷ᠎ᠠ ᠳᠤ ᠪᠦᠪᠠᠶᠢᠯᠡᠭᠳᠡᠨ | ᠬᠤᠷᠸ᠎ᠠ ᠶᠢᠨ ᠡᠨᠡᠦᠬᠡᠨ ᠵᠠᠢ ᠳᠤ ᠡᠰᠡᠨᠢᠨ ᠪᠤᠶᠢᠵᠢᠵᠤ ᠪᠤᠢ᠃ ᠡᠴᠢᠭᠡ ᠡᠬᠡ ᠶᠢᠨ ᠬᠠᠶᠢᠷ᠎ᠠ᠂ ᠪᠠᠭᠰᠢ ᠨᠦᠬᠦᠳ ᠤᠨ ᠬᠠᠶᠢᠷ᠎ᠠ᠁ ᠨᠠᠳᠠ ᠳᠤ ᠡᠴᠢᠨᠡᠨ ᠤᠯᠠᠨ | ᠬᠠᠶᠢᠷ᠎ᠠ ᠬᠦᠷᠲᠡᠭᠡᠭᠰᠡᠨ ᠤ ᠬᠠᠷᠢᠭᠤ ᠳᠤ ᠠᠯᠢ ᠨᠢ ᠴᠤ ᠦᠴᠦᠬᠡᠨ ᠵᠢᠷᠦᠬᠡᠨ ᠳᠤ ᠬᠠᠳᠠᠩᠰᠢᠬᠤ ᠴᠢᠬᠤᠯᠠᠲᠠᠢ᠃ ᠠᠯᠢᠪᠠ ᠶᠢ ᠤᠯᠭᠤᠭᠰᠠᠨ ᠠᠭᠤᠤ ᠡᠬᠡ ᠶᠢᠨ | ᠬᠠᠶᠢᠷ᠎ᠠ ᠮᠠᠨᠢ ᠠᠮᠢ ᠨᠠᠰᠤᠨ ᠤ ᠮᠢᠨᠢ ᠠᠯᠲᠠᠨ ᠠᠶᠠᠯᠭᠤ ᠪᠤᠯᠬᠤ ᠶᠤᠰᠤᠲᠠᠢ᠃ ︽ᠡᠵᠢ ᠮᠢᠨᠢ ᠨᠠᠮᠠᠢᠢ ᠲᠦᠷᠦᠬᠦ ᠳᠤ ᠪᠠᠨ ᠬᠠᠨ᠎ᠠ ᠶᠢᠨ ᠦᠳᠡᠭᠡᠷᠢ ᠶᠢ ᠲᠠᠰᠤ | ᠦᠰᠦᠷᠲᠡᠯ᠎ᠡ ᠪᠠᠵᠠᠵᠤ᠂ ᠡᠷᠡᠳᠡᠭᠦᠨ ᠰᠢᠷᠭᠠᠯ ᠴᠤᠬᠢᠶ᠎ᠠ ᠶᠢ ᠡᠩᠭᠡᠷ ᠠᠴᠠ ᠨᠢ ᠮᠡᠭᠰᠢᠲᠡᠯᠡ ᠶᠤᠤᠯᠠᠭᠰᠠᠨ︾ ᠭᠡᠳᠡᠭ᠃ ᠭᠠᠯᠪᠠ ᠳᠡᠯᠡᠬᠡᠢ ᠶᠢᠨ ᠠᠯᠢᠪᠠ ᠰᠠᠶᠢᠨ | ᠰᠠᠶᠢᠬᠠᠨ ᠤ ᠡᠬᠢ ᠪᠤᠯᠤᠭᠰᠠᠨ᠂ ᠠᠷᠢᠭᠤᠨ ᠴᠠᠭᠠᠨ ᠬᠠᠶᠢᠷ᠎ᠠ ᠶᠢᠨ ᠦᠨᠡᠨ ᠪᠦᠷᠢᠯᠸ᠎ᠠ ᠪᠤᠯᠤᠭᠰᠠᠨ ᠡᠵᠢ ᠳᠤ ᠪᠠᠨ ᠪᠢ ᠦᠨᠢᠳᠡ ᠲᠠᠯᠠᠷᠬᠠᠬᠤ ᠶᠤᠰᠤᠲᠠᠢ᠃ | ᠮᠤᠳᠤᠨ ᠦᠯᠦᠭᠡᠢ ᠳᠤ ᠪᠠᠨ ᠤᠬᠢᠯᠠᠨ ᠰᠡᠷᠡᠬᠦ ᠳᠤ ᠮᠤᠷᠢ ᠶᠢ ᠤᠶᠠᠷᠠᠲᠠᠯ᠎ᠠ ᠵᠦᠭᠡᠯᠡᠨ ᠪᠦᠪᠠᠶᠢᠯᠡᠭᠰᠡᠨ ᠡᠵᠢ᠂ ᠦᠷᠯᠦᠭᠡ ᠦᠳᠡᠰᠢ ᠶᠢᠨ ᠬᠦᠢᠲᠡᠨ ᠳᠤ ᠪᠠᠨ | ᠦᠵᠡᠵᠤ ᠠᠩᠬᠠᠷᠤᠭᠰᠠᠨ ᠡᠵᠢ ᠮᠢᠨᠢ᠂ ᠪᠤᠭᠴᠤ ᠪᠠᠨ ᠡᠭᠦᠷᠦᠭᠡᠳ ᠠᠯᠤᠰ ᠲᠤ ᠶᠠᠪᠤᠬᠤ ᠳᠤ ᠪᠤᠷᠪᠢ ᠪᠠᠨ ᠴᠢᠯᠡᠲᠡᠯ᠎ᠡ ᠪᠠᠷᠠᠯᠠᠵᠤ ᠬᠤᠴᠤᠷᠤᠭᠰᠠᠨ ᠡᠵᠢ᠂ | ᠠᠳᠬᠤ ᠰᠢᠬᠢᠷ ᠬᠡᠳᠦᠬᠡᠨ ᠪᠤᠷᠠᠮ ᠢᠶᠠᠨ ᠤᠯᠴᠢᠬᠠᠭᠠᠳ ᠦᠷ᠎ᠡ ᠪᠠᠨ ᠬᠦᠯᠢᠶᠡᠳᠡᠭ ᠡᠵᠢ᠁ ᠡᠨᠡ ᠪᠦᠬᠦᠨ ᠢ ᠪᠤᠳᠤᠬᠤ ᠲᠠᠢ ᠵᠡᠷᠭᠡ ᠡᠯᠢᠭᠡ ᠵᠢᠷᠦᠬᠡ | ᠳᠤᠭᠳᠤᠯᠵᠤ᠂ ᠪᠠᠶᠠᠷᠯᠠᠵᠤ ᠲᠠᠯᠠᠷᠬᠠᠭᠰᠠᠨ ᠨᠢᠯᠪᠤᠰᠤᠨ ᠳᠤᠰᠤᠯ ᠬᠠᠮᠠᠷ ᠢ ᠬᠠᠪᠴᠢᠨ ᠤᠷᠤᠰᠤᠨ᠎ᠠ᠁ | ︽ᠪᠤᠲᠤᠩ ᠲᠠᠢ ᠶᠦ ᠪᠤᠭᠤᠷᠤᠯ ᠬᠤᠷᠸ᠎ᠠ ᠳᠤ ᠪᠠᠨ ᠪᠦᠪᠠᠶᠢᠯᠡᠵᠤ ᠦᠰᠭᠡᠭᠰᠡᠨ ᠡᠵᠢ ᠮᠢᠨᠢ ᠳ᠋ᠠ ᠪᠤᠷᠤᠭᠤ ᠶᠦ ᠵᠦᠪ ᠬᠤᠶᠠᠷ ᠢ ᠤᠬᠠᠭᠠᠷᠠᠭᠤᠯᠵᠤ | ᠦᠰᠭᠡᠭᠰᠡᠨ ᠡᠵᠢ ᠮᠢᠨᠢ ᠳ᠋ᠠ︾ ᠭᠡᠬᠦ ᠳᠠᠭᠤᠤ ᠶᠢ ᠰᠤᠨᠤᠰᠬᠤ ᠪᠦᠷᠢ ᠪᠤᠭᠤᠷᠤᠯ ᠡᠵᠢ ᠪᠠᠨ ᠰᠠᠨᠠᠭᠠᠯᠵᠠᠳᠠᠭ᠃ ᠠᠶᠢᠯ ᠭᠡᠷ ᠢᠶᠠᠨ ᠦᠭᠡᠳᠡ ᠲᠠᠲᠠᠬᠤ | ᠭᠡᠵᠤ ᠠᠮᠢᠳᠤᠷᠠᠯ ᠤᠨ ᠬᠦᠨᠳᠦ ᠠᠴᠢᠶ᠎ᠠ ᠶᠢ ᠠᠷᠤ ᠨᠢᠷᠤᠭᠤᠨ ᠳᠤ ᠪᠠᠨ ᠪᠦᠭᠲᠦ᠋ᠢᠲᠡᠯᠡ ᠡᠭᠦᠷᠦᠭᠰᠡᠨ ᠬᠦᠮᠦᠨ ᠪᠤᠯ ᠡᠵᠢ᠃ ᠠᠰᠬᠠᠨ ᠨᠢᠷᠤᠭᠤ ᠪᠠᠨ | ᠬᠦᠰᠢᠲᠡᠯ᠎ᠡ ᠠᠷᠪᠠᠨ ᠬᠤᠷᠤᠭᠤ ᠪᠠᠨ ᠡᠪᠡᠷᠰᠢᠲᠡᠯᠡ ᠶᠠᠪᠤᠭᠰᠠᠨ ᠬᠦᠮᠦᠨ ᠪᠤᠯ ᠡᠵᠢ᠃ ᠮᠠᠶᠢᠵᠢᠬᠢ ᠭᠤᠷᠪᠠᠨ ᠲᠠᠰᠤᠯᠭ᠎ᠠ ᠸᠠᠭᠠᠷ ᠤᠨ ᠭᠡᠷ ᠲᠠᠢ᠂ ᠨᠢᠳᠤᠨ ᠤ | ᠬᠢᠨᠢ ᠪᠤᠯᠤᠷ᠂ ᠵᠢᠷᠦᠬᠡᠨ ᠤ ᠬᠢᠨᠢ ᠰᠤᠯᠢᠷ ᠪᠤᠯᠤᠭᠰᠠᠨ ᠦᠷ᠎ᠡ ᠶᠢᠨ ᠭᠠᠭᠴᠠ ᠬᠦᠦ ᠲᠠᠢ᠂ ᠬᠦᠮᠦᠨ ᠤ ᠳᠤᠮᠳᠠ ᠬᠦᠷᠦᠩᠭᠡ ᠴᠤᠭᠯᠠᠭᠤᠯᠬᠤ ᠶᠢ ᠬᠦᠰᠡᠭᠰᠡᠨ | ᠦᠭᠡᠢ᠂ ᠬᠠᠷᠢᠨ ᠲᠦᠢᠳᠭᠡᠷ ᠦᠷ᠎ᠡ ᠲᠠᠢ ᠪᠠᠨ ᠪᠠᠶᠠᠰᠴᠤ ᠶᠠᠪᠤᠭᠰᠠᠨ ᠬᠦᠮᠦᠨ ᠪᠤᠯ ᠮᠢᠨᠦ ᠡᠵᠢ᠃ ᠬᠠᠨ ᠠᠭᠤᠯᠠ ᠶᠢ ᠴᠠᠰᠤ ᠳᠠᠷᠤᠵᠤ᠂ ᠬᠠᠶᠢᠷᠠᠨ ᠡᠵᠢ ᠶᠢ | ᠨᠠᠰᠤ ᠳᠠᠷᠤᠵᠤ ᠰᠢᠤ︕ ᠭᠠᠭᠴᠠ ᠦᠷ᠎ᠡ ᠶᠢᠨ ᠢᠶᠠᠨ ᠲᠦᠯᠦᠭᠡ ᠭᠠᠯ ᠵᠠᠯᠠᠭᠤ ᠨᠠᠰᠤ᠂ ᠭᠠᠩᠭᠠᠩ ᠰᠠᠶᠢᠬᠠᠨ ᠪᠡᠶ᠎ᠡ ᠪᠠᠷ ᠢᠶᠠᠨ ᠵᠢᠳᠭᠦᠭᠰᠡᠭᠡᠷ ᠢᠷᠡᠭᠰᠡᠨ ᠰᠢᠤ︕ | ᠡᠵᠢ ᠮᠢᠨᠢ᠂ ᠠᠮᠢᠳᠤᠷᠠᠯ ᠤᠨ ᠠᠶᠠᠨ ᠳᠤ ᠮᠦᠩᠬᠡ ᠶᠢᠨ ᠨᠠᠷᠠ ᠪᠤᠯᠵᠤ ᠭᠡᠷᠡᠯᠲᠦᠭᠰᠡᠨ᠃ ︽ᠠᠪᠤ ᠶᠢᠨ ᠭᠡᠷ ᠲᠤ ᠲᠦᠷᠦᠭᠰᠡᠨ ᠬᠦᠦ ᠠᠪᠤ ᠶᠢᠨ ᠭᠡᠷ ᠲᠤ | ᠦᠲᠡᠯᠳᠡᠭ ᠦᠭᠡᠢ︾ ᠭᠡᠵᠤ ᠤᠬᠠᠭ᠎ᠠ ᠤᠷᠤᠮᠠᠭᠴᠠ ᠠᠷᠤ ᠭᠡᠷ ᠠᠴᠠ ᠪᠠᠨ ᠰᠠᠯᠵᠤ ᠪᠢᠴᠢᠭ ᠰᠤᠶᠤᠯ ᠤᠨ ᠮᠦᠷ ᠢ ᠬᠦᠭᠡᠭᠡᠬᠦ ᠪᠤᠯᠤᠯ᠎ᠠ᠃ ︽ᠲᠦᠭ ᠲᠦᠮᠡᠨ | ᠬᠦᠮᠦᠨ ᠤ ᠲᠡᠭ ᠳᠤᠮᠳᠠᠭᠤᠷ ᠨᠢ ᠪᠢᠰᠢ ᠲᠡᠷᠢᠭᠦᠨ ᠳᠤ ᠨᠢ ᠴᠡᠭᠡᠵᠢ ᠲᠦᠷᠢᠨ ᠶᠠᠪᠤ ᠡ᠂ ᠮᠢᠨᠦ ᠬᠦᠦ᠂ ᠬᠦᠮᠦᠨ ᠰᠢᠭ ᠬᠦᠮᠦᠨ ᠪᠤᠯᠤᠭᠠᠷᠠᠢ᠂ ᠬᠡᠭᠡᠷ᠎ᠡ ᠶᠢᠨ | ᠭᠠᠯᠠᠭᠤ ᠨᠢᠰᠦᠭᠡᠳ ᠬᠦᠷᠬᠦ ᠦᠭᠡᠢ ᠭᠠᠵᠠᠷ ᠠᠴᠠ ᠬᠦᠮᠦᠨ ᠤ ᠬᠦᠦ ᠡᠷᠳᠡᠨᠢ ᠡᠪᠦᠷᠯᠡᠵᠤ ᠢᠷᠡᠨ᠎ᠡ ᠰᠢᠤ᠂ ᠮᠢᠨᠦ ᠬᠦᠦ ᠴᠢᠷᠮᠠᠶᠢᠭᠠᠷᠠᠢ︕︾ ᠭᠡᠵᠤ ᠵᠠᠬ᠎ᠠ ᠶᠢᠨ | ᠬᠦᠬᠡ ᠮᠦᠴᠢᠷ ᠢ ᠨᠠᠮᠠᠰᠬᠢᠲᠡᠯᠡ ᠡᠨᠡᠷᠢᠯᠲᠦ ᠡᠵᠢ ᠮᠢᠨᠢ ᠵᠠᠬᠢᠭᠰᠠᠨ᠃ ᠭᠡᠲᠡᠯ᠎ᠡ᠂ ᠡᠷᠢᠶᠡᠨ ᠪᠠᠷᠠᠭᠠᠨ ᠬᠤᠷᠸ᠎ᠠ ᠶᠢᠨ ᠡᠯ᠎ᠡ ᠪᠤᠯᠭᠠᠨ ᠦᠭᠶᠦᠭᠡᠲᠦᠯ ᠢ ᠬᠦᠦ ᠴᠢᠨᠢ | ᠲᠡᠰᠴᠤ ᠴᠢᠳᠠᠭᠰᠠᠨ ᠦᠭᠡᠢ ᠲᠠᠨ ᠢ ᠪᠠᠨ ᠵᠤᠪᠠᠭᠠᠯ᠎ᠠ᠃ ᠦᠳᠡᠰᠢ ᠶᠢᠨ ᠴᠡᠩᠭᠡᠬᠦᠨ ᠤ ᠭᠠᠵᠠᠷ ᠦᠶ᠎ᠡ ᠶᠢᠨ ᠬᠤᠩᠭᠤᠷ ᠲᠠᠢ ᠪᠠᠨ ᠨᠠᠭᠠᠯᠢᠩᠬᠠᠶᠢᠳᠤᠨ ᠴᠡᠩᠭᠡᠵᠤ | ᠶᠠᠪᠤᠭᠰᠠᠨ ᠨᠢ ᠪᠤᠷᠤᠭᠤ᠃ ᠬᠦᠴᠦ ᠪᠠᠨ ᠰᠢᠪᠬᠠᠨ᠂ ᠬᠦᠯᠦᠰᠦ ᠪᠠᠨ ᠤᠷᠤᠰᠬᠠᠨ ᠤᠯᠵᠤ ᠪᠠᠶᠢᠭ᠎ᠠ ᠬᠡᠮᠵᠢᠶᠡᠲᠠᠶᠢᠬᠠᠨ ᠵᠤᠭᠤᠰ ᠢ ᠴᠢᠨᠢ ᠤᠰᠤ ᠴᠠᠰᠤ ᠰᠢᠬ | ᠪᠦᠷᠢᠯᠭᠡᠵᠤ ᠪᠠᠶᠢᠬᠤ ᠨᠢ ᠮᠢᠨᠦ ᠪᠤᠷᠤᠭᠤ᠃ ᠰᠦᠨᠢᠵᠢᠨ ᠨᠠᠭᠠᠳᠤᠮ ᠳᠤ ᠰᠢᠨᠤᠵᠤ᠂ ᠡᠳᠦᠷᠵᠢᠨ ᠰᠦᠨᠡᠰᠦ ᠦᠭᠡᠢ ᠭᠡᠶᠤᠷᠡᠵᠤ ᠶᠠᠪᠤᠬᠤ ᠨᠢ ᠮᠢᠨᠦ ᠪᠤᠷᠤᠭᠤ᠃ | ᠪᠠᠶᠢᠨ ᠪᠠᠶᠢᠨ ᠤᠲᠠᠰᠤᠴᠢᠬᠠᠭᠠᠳ ︽ᠬᠦᠦ ᠴᠢᠨᠢ ᠪᠤᠯᠵᠤ ᠪᠠᠶᠢᠨ᠎ᠠ︾ ᠭᠡᠵᠤ ᠡᠷᠭᠢᠭᠦᠦ ᠳᠤᠩᠭᠤᠳᠤᠭᠰᠠᠨ ᠨᠢ ᠮᠢᠨᠦ ᠪᠤᠷᠤᠭᠤ᠃ | ᠠᠷᠪᠠᠨ ᠵᠢᠯ ᠪᠢᠴᠢᠭ ᠰᠤᠶᠤᠯ ᠤᠨ ᠵᠠᠮ ᠮᠦᠷ ᠢ ᠬᠦᠭᠡᠭᠡᠭᠰᠡᠨ ᠴᠤ ᠰᠠᠨᠠᠭᠠᠨ ᠳᠤ ᠪᠠᠨ ᠲᠤᠯᠲᠠᠯ᠎ᠠ ᠠᠮᠵᠢᠯᠲᠠ ᠤᠯᠤᠭ᠎ᠠ ᠦᠭᠡᠢ ᠨᠢ ᠮᠢᠨᠦ ᠪᠤᠷᠤᠭᠤ᠃ | ᠡᠨᠡ ᠪᠦᠬᠦᠨ ᠢ ᠪᠤᠳᠤᠬᠤ ᠲᠠᠢ ᠵᠡᠷᠭᠡ ᠭᠡᠮᠰᠢᠯ ᠬᠠᠷᠠᠮᠰᠠᠯ ᠤᠨ ᠨᠢᠯᠪᠤᠰᠤ ᠬᠤᠶᠠᠷ ᠨᠢᠳᠦ ᠶᠢ ᠪᠦᠷᠬᠦᠳᠡᠭ᠃ ︽ᠠᠰᠠᠷᠠᠯᠲᠦ ᠠᠪᠤ ᠶᠢᠨ ᠭᠠᠰᠢᠭᠤᠨ | ᠰᠡᠭᠦᠷᠡᠰᠦ ᠠᠰᠬ᠎ᠠ ᠬᠠᠳᠠᠨ ᠤ ᠬᠦᠢᠲᠡᠨ ᠰᠢᠭᠤᠷᠭ᠎ᠠ ᠡᠨᠡᠷᠢᠯᠲᠦ ᠡᠵᠢ ᠶᠢᠨ ᠨᠢᠳᠤᠨ ᠤ ᠨᠢᠯᠪᠤᠰᠤ ᠡᠭᠡᠷᠡᠮ᠎ᠡ ᠲᠠᠯ᠎ᠠ ᠶᠢᠨ ᠨᠠᠭᠤᠷ ᠴᠦᠬᠦᠷᠤᠮ︾ ᠭᠡᠳᠡᠭᠴᠢᠯᠡᠨ | ᠦᠷ᠎ᠡ ᠨᠢ ᠲᠠᠨ ᠳᠤ ᠪᠠᠨ ᠠᠮᠠᠯᠠᠵᠤ ᠪᠠᠶᠢᠨ᠎ᠠ᠃ ᠲᠡᠵᠢᠭᠡᠭᠰᠡᠨ ᠪᠢᠷᠠᠭᠤ ᠲᠡᠷᠭᠡ ᠡᠪᠳᠡᠬᠦ ᠶᠤᠰᠤ ᠦᠭᠡᠢ᠃ ᠤᠷᠴᠢᠯᠠᠩ ᠳᠡᠯᠡᠬᠡᠢ ᠳᠤ ᠬᠠᠮᠤᠭ ᠤᠨ ᠠᠷᠢᠭᠤᠨ | ᠴᠠᠭᠠᠨ᠂ ᠬᠠᠮᠤᠭ ᠤᠨ ᠠᠭᠤᠤ ᠶᠡᠭᠡ ᠬᠤᠯᠢᠰᠢ ᠦᠭᠡᠢ ᠬᠠᠶᠢᠷ᠎ᠠ ᠶᠢᠨ ᠴᠢᠨᠢ ᠬᠠᠷᠢᠭᠤ ᠳᠤ ᠦᠷ᠎ᠡ ᠴᠢᠨᠢ ᠪᠢ ᠴᠢᠷᠮᠠᠶᠢᠬᠤ ᠵᠤᠷᠢᠭ ᠪᠡᠯᠡᠬᠡᠨ ᠪᠠᠶᠢᠨ᠎ᠠ᠃ | ᠵᠤᠬᠢᠶᠠᠭᠴᠢ᠄ ᠰᠢᠨᠵᠢᠯᠠ ︵ᠤᠯᠠᠭᠠᠨᠬᠤᠲᠠ ᠬᠤᠶᠠᠳᠤᠭᠠᠷ ᠳᠤᠮᠳᠠᠳᠦ ᠰᠤᠷᠭᠠᠭᠤᠯᠢ ᠶᠢᠨ ᠦᠨᠳᠤᠷ ᠬᠤᠶᠠᠷ ᠤᠨ ᠭᠤᠷᠪᠠ︶ | ᠵᠢᠯᠤᠭᠤᠳᠤᠭᠰᠠᠨ ᠪᠠᠭᠰᠢ᠄ ᠵᠧᠦ ᠸᠧᠨ ᠰᠢᠶᠠᠩ |