| | | | | | | | 12 ᠳ᠋ᠤᠭᠠᠷ ᠰᠠᠷ᠎ᠠ ᠶᠢᠨ 3 ᠤ ᠡᠳᠦᠷ᠂ ᠰᠢᠶᠠᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ | ᠪᠠᠶᠢᠩᠭᠤ ᠶᠢᠨ ᠳᠡᠳ᠋ ᠳᠠᠷᠤᠭ᠎ᠠ᠂ ᠬᠤᠷᠢᠨᠭᠡᠷ ᠰᠢᠶᠠᠨ ᠤ ᠬᠥᠳᠡᠭᠡ ᠲᠣᠰᠬᠤᠨ ᠤ ᠭᠠᠵᠠᠷ ᠰᠢᠷᠣᠶ ᠶᠢᠨ ᠲᠦᠷᠢᠮ ᠤᠨ | ᠥᠭᠡᠷᠡᠴᠢᠯᠡᠯᠲᠡ ᠶᠢᠨ ᠭᠤᠷᠪᠠᠨ ᠵᠦᠢᠯ ᠤᠨ ᠲᠤᠷᠰᠢᠯᠲᠠ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ ᠳᠡᠳ᠋ | ᠳᠠᠷᠤᠭ᠎ᠠ ᠵᠠᠩ ᠯᠢᠨ ᠯᠢᠨ᠂ ᠰᠢᠶᠠᠨ ᠤ ᠨᠠᠮ ᠵᠠᠰᠠᠭ ᠤᠨ ᠠᠯᠪᠠᠨ ᠠᠰᠠᠷ ᠤᠨ 401 ᠬᠤᠷᠠᠯ ᠤᠨ ᠭᠡᠷ ᠲᠤ ᠪᠦᠬᠦ | ᠰᠢᠶᠠᠨ ᠤ ᠬᠥᠳᠡᠭᠡ ᠲᠣᠰᠬᠤᠨ ᠤ ᠭᠠᠵᠠᠷ ᠰᠢᠷᠣᠶ ᠶᠢᠨ ᠳᠦᠷᠢᠮ ᠤᠨ ᠥᠭᠡᠷᠡᠴᠢᠯᠡᠯᠲᠡ ᠶᠢᠨ ᠭᠤᠷᠪᠠᠨ ᠵᠦᠢᠯ ᠤᠨ | ᠲᠤᠷᠰᠢᠯᠲᠠ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ ᠬᠤᠷᠠᠯ ᠢ ᠡᠷᠭᠢᠯᠡᠨ ᠬᠤᠷᠠᠯᠳᠣᠭᠤᠯᠪᠠ᠃ ᠰᠢᠶᠠᠨ ᠤ | ᠭᠠᠵᠠᠷ ᠰᠢᠷᠣᠶ ᠶᠢᠨ ᠥᠭᠡᠷᠡᠴᠢᠯᠡᠯᠲᠡ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ ᠨᠢᠭᠡᠴᠡ ᠶᠢᠨ | ᠭᠤᠣᠯ ᠬᠠᠷᠢᠭᠤᠴᠠᠯᠭᠠᠲᠠᠨ᠂ ᠡᠯ᠎ᠡ ᠰᠢᠶᠠᠩ ᠪᠠᠯᠭᠠᠰᠤ᠂ ᠠᠵᠤ ᠠᠬᠤᠶ ᠶᠢᠨ ᠨᠡᠭᠡᠭᠡᠯᠲᠡ ᠶᠢᠨ ᠲᠣᠭᠤᠷᠢᠭ ᠤᠨ ᠭᠤᠣᠯ | ᠬᠠᠷᠢᠭᠤᠴᠠᠯᠭᠠᠲᠠᠨ ᠵᠢᠴᠢ ᠭᠠᠵᠠᠷ ᠰᠢᠷᠣᠢ ᠶᠢᠨ ᠥᠭᠡᠷᠡᠴᠢᠯᠡᠯᠲᠡ ᠶᠢᠨ ᠲᠤᠷᠰᠢᠯᠲᠠ ᠶᠢᠨ ᠦᠷ᠎ᠡ ᠪᠦᠲᠦᠭᠡᠯ ᠢ | ᠡᠮᠬᠢᠳᠬᠡᠨ ᠨᠠᠶᠢᠷᠠᠭᠤᠯᠬᠤ ᠠᠵᠢᠯᠯᠠᠬᠤ ᠳᠤᠭᠤᠶᠢᠯᠠᠩ ᠤᠨ ᠪᠦᠬᠦ ᠭᠡᠰᠢᠭᠦᠳ ᠬᠤᠷᠠᠯ ᠳᠤ ᠣᠷᠣᠯᠴᠠᠪᠠ᠃ | ᠬᠤᠷᠠᠯ ᠲᠡᠭᠡᠷ᠎ᠡ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠤᠷᠢᠨᠭᠡᠷ ᠰᠢᠶᠠᠨ ᠤ ᠬᠥᠳᠡᠭᠡ | ᠲᠣᠰᠬᠤᠨ ᠤ ᠭᠠᠵᠠᠷ ᠰᠢᠷᠣᠶ ᠶᠢᠨ ᠲᠦᠷᠢᠮ ᠤᠨ ᠥᠭᠡᠷᠡᠴᠢᠯᠡᠯᠲᠡ ᠶᠢᠨ ᠭᠤᠷᠪᠠᠨ ᠵᠦᠢᠯ ᠤᠨ ᠲᠤᠷᠰᠢᠯᠲᠠ ᠶᠢᠨ | ᠴᠡᠭ ᠤᠨ ᠠᠵᠢᠯ ᠤᠨ ᠳ᠋ᠦᠩᠨᠡᠯᠲᠡ ᠶᠢᠨ ᠮᠡᠳᠡᠭᠦᠯᠦᠯᠲᠡ ︵ᠰᠠᠨᠠᠯ ᠬᠤᠷᠢᠶᠠᠬᠤ ᠡᠬᠡ ᠨᠣᠣᠷᠠᠭ︶︾᠂ ︽ᠬᠤᠷᠢᠨᠭᠡᠷ | ᠰᠢᠶᠠᠨ ᠤ ᠬᠥᠳᠡᠭᠡ ᠲᠣᠰᠬᠤᠨ ᠤ ᠭᠠᠵᠠᠷ ᠰᠢᠷᠣᠶ ᠲᠠᠲᠠᠪᠤᠷᠢᠯᠠᠬᠤ ᠲᠦᠷᠢᠮ ᠤᠨ ᠥᠭᠡᠷᠡᠴᠢᠯᠡᠯᠲᠡ ᠶᠢᠨ | ᠲᠤᠷᠰᠢᠯᠲᠠ ᠶᠢᠨ ᠠᠵᠢᠯ ᠤᠨ ᠲᠤᠰᠬᠠᠶ ᠰᠡᠳᠦᠪᠲᠦ ᠮᠡᠳᠡᠭᠦᠯᠦᠯᠲᠡ ︵ᠰᠠᠨᠠᠯ ᠬᠤᠷᠢᠶᠠᠬᠤ ᠡᠬᠡ ᠨᠣᠣᠷᠠᠭ︶︾᠂ ︽ | ᠬᠤᠷᠢᠨᠭᠡᠷ ᠰᠢᠶᠠᠨ ᠤ ᠬᠠᠮᠲᠤ ᠶᠢᠨ ᠡᠵᠡᠩᠨᠡᠯᠲᠡ ᠶᠢᠨ ᠴᠢᠨᠠᠷᠲᠠᠶ ᠪᠦᠲᠦᠭᠡᠡ ᠪᠠᠶᠢᠭᠤᠯᠤᠯᠲᠠ ᠳᠤ ᠬᠡᠷᠡᠭᠯᠡᠬᠦ ᠭᠠᠵᠠᠷ | ᠰᠢᠷᠣᠶ ᠶᠢ ᠵᠠᠬ᠎ᠠ ᠳᠡᠯᠭᠡᠭᠦᠷ ᠲᠤ ᠣᠷᠣᠭᠤᠯᠬᠤ ᠥᠭᠡᠷᠡᠴᠢᠯᠡᠯᠲᠡ ᠶᠢᠨ ᠲᠤᠷᠰᠢᠯᠲᠠ ᠶᠢᠨ ᠠᠵᠢᠯ ᠤᠨ ᠲᠤᠰᠬᠠᠶ | ᠰᠡᠳᠦᠪᠲᠦ ᠮᠡᠳᠡᠭᠦᠯᠦᠯᠲᠡ ︵ᠰᠠᠨᠠᠯ ᠬᠤᠷᠢᠶᠠᠬᠤ ᠡᠬᠡ ᠨᠣᠣᠷᠠᠭ︶︾ ᠪᠣᠯᠣᠨ ︽ᠬᠤᠷᠢᠨᠭᠡᠷ ᠰᠢᠶᠠᠨ ᠤ ᠬᠥᠳᠡᠭᠡ | ᠲᠣᠰᠬᠤᠨ ᠤ ᠣᠷᠣᠨ ᠰᠠᠭᠤᠴᠠ ᠶᠢᠨ ᠭᠠᠵᠠᠷ ᠤᠨ ᠲᠦᠷᠢᠮ ᠤᠨ ᠥᠭᠡᠷᠡᠴᠢᠯᠡᠯᠲᠡ ᠶᠢᠨ ᠲᠤᠷᠰᠢᠯᠲᠠ ᠶᠢᠨ ᠠᠵᠢᠯ ᠤᠨ | ᠲᠤᠰᠬᠠᠶ ᠰᠡᠳᠦᠪᠲᠦ ᠮᠡᠳᠡᠭᠦᠯᠦᠯᠲᠡ ︵ᠰᠠᠨᠠᠯ ᠬᠤᠷᠢᠶᠠᠬᠤ ᠡᠬᠡ ᠨᠣᠣᠷᠠᠭ︶︾ ᠢ ᠣᠩᠰᠢᠨ ᠤᠯᠠᠮᠵᠢᠯᠠᠵᠤ᠂ ᠡᠯ᠎ᠡ | ᠰᠢᠶᠠᠩ ᠪᠠᠯᠭᠠᠰᠤ᠂ ᠠᠵᠤ ᠠᠬᠤᠶ ᠶᠢᠨ ᠨᠡᠭᠡᠭᠡᠯᠳᠡ ᠶᠢᠨ ᠲᠣᠭᠤᠷᠢᠭ ᠪᠣᠯᠣᠨ ᠬᠤᠯᠪᠣᠭᠳᠠᠯ ᠪᠦᠬᠦᠢ ᠰᠠᠯᠠᠭ᠎ᠠ | ᠮᠥᠴᠢᠷ ᠤᠨ ᠬᠠᠷᠢᠭᠤᠴᠠᠯᠭᠠᠲᠠᠳ ᠠᠵᠢᠯ ᠤᠨ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ᠂ ᠪᠣᠳᠠᠲᠠᠶ ᠵᠠᠰᠠᠪᠤᠷᠢ | ᠣᠷᠣᠭᠤᠯᠬᠤ ᠰᠠᠨᠠᠯ ᠪᠣᠯᠣᠨ ᠰᠠᠨᠠᠭᠤᠯᠭ᠎ᠠ ᠳᠤᠷᠠᠳᠤᠭᠰᠠᠨ ᠪᠠᠶᠢᠨ᠎ᠠ᠃ | ᠬᠤᠷᠠᠯ ᠠᠴᠠ ᠵᠠᠷᠴᠢᠮ ᠳᠡᠭᠡᠷ᠎ᠡ ᠪᠠᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠤᠷᠢᠨᠭᠡᠷ | ᠰᠢᠶᠠᠨ ᠤ ᠬᠥᠳᠡᠭᠡ ᠲᠣᠰᠬᠤᠨ ᠤ ᠭᠠᠵᠠᠷ ᠰᠢᠷᠣᠶ ᠶᠢᠨ ᠲᠦᠷᠢᠮ ᠤᠨ ᠥᠭᠡᠷᠡᠴᠢᠯᠡᠯᠲᠡ ᠶᠢᠨ ᠭᠤᠷᠪᠠᠨ ᠵᠦᠢᠯ ᠤᠨ | ᠲᠤᠷᠰᠢᠯᠲᠠ ᠶᠢᠨ ᠴᠡᠭ ᠤᠨ ᠠᠵᠢᠯ ᠤᠨ ᠳ᠋ᠦᠩᠨᠡᠯᠲᠡ ᠶᠢᠨ ᠮᠡᠳᠡᠭᠦᠯᠦᠯᠲᠡ ︵ᠰᠠᠨᠠᠯ ᠬᠤᠷᠢᠶᠠᠬᠤ ᠡᠬᠡ ᠨᠣᠤᠷᠠᠭ︶︾ | ᠪᠣᠯᠣᠨ 5 ᠲᠤᠰᠬᠠᠶ ᠰᠡᠳᠦᠪᠲᠦ ᠮᠡᠳᠡᠭᠦᠯᠦᠯᠲᠡ ᠶᠢ ᠪᠠᠲᠣᠯᠠᠪᠠ᠃ | ᠬᠤᠷᠠᠯ ᠠᠴᠠ ᠱᠠᠭᠠᠷᠳᠠᠭᠰᠠᠨ ᠨᠢ᠂ ᠨᠢᠭᠡ ᠳᠤ ᠮᠡᠳᠡᠭᠦᠯᠦᠯᠲᠡ ᠶᠢ ᠨᠣᠣᠷᠠᠭᠯᠠᠬᠤ ᠬᠦᠮᠦᠰ ᠵᠠᠪᠠᠯ ᠬᠠᠷᠢᠯᠴᠠᠨ | ᠨᠡᠪᠲᠡᠷᠡᠯᠴᠡᠨ ᠣᠶᠢᠯᠠᠭᠠᠯᠴᠠᠵᠣ᠂ ᠲᠤᠭ᠎ᠠ ᠪᠠᠷᠢᠮᠲᠠ ᠪᠠᠨ ᠨᠢᠭᠡᠳᠦᠯᠲᠡᠶ ᠪᠣᠯᠭᠠᠬᠤ ᠬᠡᠷᠡᠭᠲᠡᠢ︔ ᠬᠤᠶᠠᠷ ᠲᠤ᠂ ᠭᠠᠵᠠᠷ | ᠰᠢᠷᠣᠢ ᠶᠢᠨ ᠥᠭᠡᠷᠡᠴᠢᠯᠡᠯᠲᠡ ᠶᠢᠨ ᠠᠯᠪᠠᠨ ᠬᠡᠷ ᠲᠦᠷᠦᠭᠦᠯᠡᠵᠦ᠂ ᠭᠠᠵᠠᠷ ᠰᠢᠷᠣᠢ ᠶᠢᠨ ᠥᠭᠡᠷᠡᠴᠢᠯᠡᠯᠲᠡ ᠶᠢᠨ | ᠲᠤᠷᠰᠢᠯᠲᠠ ᠶᠢᠨ ᠦᠷ᠎ᠡ ᠪᠦᠲᠦᠭᠡᠯ ᠢ ᠡᠮᠬᠢᠳᠬᠡᠨ ᠨᠠᠶᠢᠷᠠᠭᠤᠯᠬᠤ ᠠᠵᠢᠯᠯᠠᠬᠤ ᠳᠣᠭᠤᠶᠢᠯᠠᠩ ᠤᠨ ᠪᠦᠬᠦ ᠭᠡᠰᠢᠭᠦᠳ | ᠬᠠᠮᠵᠢᠯᠴᠠᠵᠣ᠂ ᠬᠤᠷᠠᠯ ᠳᠡᠭᠡᠷ᠎ᠡ ᠳᠤᠷᠠᠳᠤᠭᠰᠠᠨ ᠵᠠᠰᠠᠪᠤᠷᠢ ᠣᠷᠣᠭᠤᠯᠬᠤ ᠰᠠᠨᠠᠯ ᠶᠣᠰᠣᠭᠠᠷ᠂ ᠳ᠋ᠦᠩᠨᠡᠯᠲᠡ ᠶᠢᠨ | ᠮᠡᠳᠡᠭᠦᠯᠦᠯᠲᠡ ᠪᠣᠯᠤᠨ ᠲᠤᠰᠬᠠᠶ ᠰᠡᠳᠦᠪ ᠤᠨ ᠮᠡᠳᠡᠭᠦᠯᠦᠯᠲᠡ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ | ᠬᠤᠪᠢᠳᠠᠨ ᠬᠠᠮᠢᠶᠠᠷᠴᠤ ᠪᠥᠬᠦᠢ ᠤᠳᠤᠷᠢᠳᠤᠯᠭ᠎ᠠ ᠪᠠᠷ ᠬᠢᠨᠠᠨ ᠲᠣᠭᠲᠠᠭᠠᠭᠰᠠᠨ ᠤ ᠳᠠᠷᠠᠭ᠎ᠠ᠂ 12 ᠰᠠᠷ᠎ᠠ ᠶᠢᠨ 4 ᠤ | ᠡᠳᠦᠷ ᠰᠢᠶᠠᠨ ᠤ ᠨᠠᠮ ᠤᠨ ᠬᠤᠷᠢᠶ᠎ᠠ ᠶᠢᠨ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠤᠳᠤᠷᠢᠳᠬᠤ | ᠳᠤᠭᠤᠶᠢᠯᠠᠩ ᠳᠤ ᠮᠡᠳᠡᠭᠦᠯᠵᠦ ᠬᠢᠨᠠᠨ ᠶᠠᠷᠢᠯᠴᠠᠨ᠎ᠠ︔ ᠭᠤᠷᠪᠠ᠂ ᠭᠠᠵᠠᠷ ᠰᠢᠷᠣᠢ ᠶᠢᠨ ᠥᠭᠡᠷᠡᠴᠢᠯᠡᠯᠲᠡ ᠶᠢᠨ | ᠲᠤᠷᠰᠢᠯᠲᠠ ᠶᠢᠨ ᠦᠷ᠎ᠡ ᠪᠦᠲᠦᠭᠡᠯ ᠢ ᠡᠮᠬᠢᠳᠬᠡᠨ ᠨᠠᠶᠢᠷᠠᠭᠤᠯᠬᠤ ᠠᠵᠢᠯᠯᠠᠬᠤ ᠳᠤᠭᠤᠶᠢᠯᠠᠩ ᠤᠨ ᠪᠦᠬᠦ ᠭᠡᠰᠢᠭᠦᠳ | ᠴᠠᠭ ᠢ ᠠᠮᠵᠢᠨ ᠰᠠᠶᠢᠲᠣᠷ ᠠᠵᠢᠯᠯᠠᠵᠣ᠂ ᠲᠤᠷᠰᠢᠯᠲᠠ ᠶᠢᠨ ᠴᠡᠭ ᠤᠨ ᠡᠯ᠎ᠡ ᠵᠦᠢᠯ ᠤᠨ ᠦᠷ᠎ᠡ ᠪᠦᠲᠦᠭᠡᠯ ᠢᠶᠠᠨ | ᠳᠠᠬᠢᠨ ᠡᠮᠬᠢᠯᠡᠵᠦ᠂ ᠤᠯᠠᠮ ᠲᠡᠭᠦᠯᠳᠡᠷᠵᠢᠭᠦᠯᠦᠨ᠂ ᠬᠠᠭᠤᠯᠪᠤᠷᠢᠯᠠᠵᠤ ᠪᠣᠯᠬᠤ᠂ ᠳᠡᠯᠭᠡᠷᠡᠭᠦᠯᠵᠦ ᠪᠣᠯᠬᠤ᠂ ᠲᠣᠯᠢᠳᠠᠵᠣ | ᠪᠣᠯᠬᠤ ᠲᠤᠷᠰᠢᠯᠭ᠎ᠠ ᠪᠠ ᠠᠷᠭ᠎ᠠ ᠬᠢᠳᠡᠯ ᠪᠣᠯᠭᠠᠨ᠂ ᠨᠠᠮ ᠤᠨ ᠲᠥᠪ ᠬᠤᠷᠢᠶ᠎ᠠ ᠪᠣᠯᠤᠨ ᠥᠪᠡᠷᠲᠡᠭᠡᠨ ᠵᠠᠰᠠᠬᠤ | ᠣᠷᠣᠨ ᠤ ᠨᠠᠮ ᠤᠨ ᠬᠤᠷᠢᠶ᠎ᠠ᠂ ᠬᠤᠲᠠ ᠶᠢᠨ ᠨᠠᠮ ᠤᠨ ᠬᠤᠷᠢᠶ᠎ᠠ ᠳᠤ ᠨᠢᠭᠡᠨ ᠬᠤᠪᠢ ᠬᠢᠷᠢ ᠲᠡᠩᠴᠡᠭᠰᠡᠨ | ᠥᠭᠡᠷᠡᠴᠢᠯᠡᠯᠲᠡ ᠶᠢᠨ ᠰᠢᠯᠭᠠᠯᠲᠠ ᠶᠢᠨ ᠬᠠᠭᠤᠳᠠᠰᠤ ᠲᠤᠰᠢᠶᠠᠬᠤ ᠪᠠᠷ ᠴᠢᠷᠮᠠᠶᠢᠬᠤ ᠬᠡᠷᠡᠭᠲᠡᠶ ᠭᠡᠪᠡ᠃ |