ᠦᠭᠡᠷᠡᠴᠢᠯᠡᠯᠳᠡ ᠨᠡᠭᠡᠭᠡᠯᠳᠡ ᠶᠢᠨ ᠲᠦᠴᠢᠨ ᠵᠢᠯ ᠤᠨ ᠤᠢ ᠳᠤ ᠵᠤᠷᠢᠭᠤᠯᠤᠭᠰᠠᠨ ︽ᠰᠡᠳᠬᠢᠯ ᠳᠤ | ᠬᠤᠨᠤᠭᠰᠢᠭᠰᠠᠨ ᠡᠭᠡᠰᠢᠭ︾ ᠵᠤᠬᠢᠶᠠᠯ ᠤᠨ ᠳᠠᠭᠤᠤ ᠶᠢᠨ ᠦᠳᠡᠰᠢᠯᠡᠭᠡ 12 ᠳ᠋ᠤᠭᠠᠷ ᠰᠠᠷ᠎ᠠ ᠶᠢᠨ 7 ᠤ ᠤᠷᠤᠢ | ᠬᠦᠬᠡᠬᠤᠳᠠ ᠳᠤ ᠪᠤᠯᠤᠯ᠎ᠠ᠃ | ᠦᠳᠡᠰᠢᠯᠡᠭᠡ ᠳᠤ ᠠᠯᠳᠠᠷᠳᠤ ᠳᠠᠭᠤᠴᠢᠨ ᠯᠾᠡᠰᠦ᠋ᠷᠦᠩ᠂ ᠠᠯᠳᠠᠢ᠂ ᠮᠦᠩᠬᠦᠨᠴᠡᠴᠡᠭ᠂ ᠤᠶᠤᠨᠪᠢᠯᠢᠭ᠌᠂ | ᠦᠷᠴᠠᠶᠢᠬᠤ᠂ ᠴᠡᠴᠡᠭᠮ᠎ᠡ᠂ ᠰᠦ᠊ · ᠬᠦᠭᠵᠢᠯᠳᠤ᠂ ᠳᠠᠪᠰᠢᠯᠳᠤ᠂ ᠤᠳᠬᠠᠨᠳᠤᠶᠠᠭ᠎ᠠ᠂ ᠪᠠᠶᠠᠨᠨᠠᠮᠤᠷ᠂ ᠪᠠᠢ ᠢᠦᠢ | ᠬᠤᠸᠠ᠂ ᠤᠶᠠᠩᠭ᠎ᠠ ᠵᠡᠷᠭᠡ ᠳᠠᠭᠤᠴᠢᠳ ᠪᠤᠯᠤᠨ ︽ᠬᠦᠬᠡ ᠬᠡᠭᠡᠷ᠎ᠡ ᠬᠠᠮᠳᠤᠯᠢᠭ︾᠂ ︽ᠰᠤᠤᠳᠤᠨ︾᠂ ︽ | ᠳᠤᠯᠭᠠᠳᠠᠨ︾ ᠵᠡᠷᠭᠡ ᠬᠠᠮᠳᠤᠯᠢᠭ ᠤᠨ ᠬᠢᠨ ᠬᠦᠮᠦᠨ ᠠᠷᠠᠳ ᠤᠨ ᠢᠶᠠᠨ ᠰᠡᠳᠬᠢᠯ ᠳᠤ ᠬᠦᠷᠦᠭᠰᠡᠨ ᠠᠶᠠᠯᠭᠤ | ᠡᠭᠡᠰᠢᠭ ᠢ ᠳᠠᠬᠢᠨᠳᠠ ᠡᠷᠬᠦᠨ ᠪᠠᠷᠢᠵᠦ᠂ ᠤᠳᠤᠨ ᠬᠤᠯᠠᠳᠠᠭᠰᠠᠨ ᠤᠨ ᠵᠢᠯ᠂ ᠳᠤᠷᠠᠰᠤᠮᠵᠢ ᠶᠢ ᠡᠷᠬᠢᠨ | ᠰᠠᠨᠠᠭᠳᠠᠭᠤᠯᠵᠦ ᠴᠢᠳᠠᠯ᠎ᠠ᠃ ︽ᠬᠤᠯᠠ ᠶᠢᠨ ᠲᠡᠷᠭᠡᠯ ᠬᠦᠳᠡᠭᠡ︾᠂ ︽ᠬᠠᠨ ᠳᠡᠭᠷᠢ ᠠᠯᠠᠱᠠ︾᠂ ︽ᠮᠠᠯᠴᠢᠳ ᠤᠨ | ᠪᠠᠶᠠᠷ︾᠂ ︽ᠡᠵᠢ ᠮᠢᠨᠢ︾᠂ ︽ᠭᠠᠯᠠᠭᠤᠨ ᠢᠷᠡᠳᠡᠭ ᠬᠠᠪᠤᠷ︾ ᠵᠢᠱᠢᠶ᠎ᠡ ᠲᠠᠢ ᠤᠯᠠᠨ ᠰᠠᠶᠢᠬᠠᠨ ᠬᠠᠭᠤᠴᠢᠨ ᠤ | ᠳᠠᠭᠤᠤ ᠨᠤᠭᠤᠳ ᠦᠵᠡᠭᠴᠢᠳ ᠤᠨ ᠬᠠᠷᠠᠭ᠎ᠠ ᠰᠤᠨᠤᠷ ᠲᠤ ᠳᠠᠬᠢᠨ ᠠᠮᠢᠯᠠᠭᠰᠠᠨ ᠪᠢᠯᠡ᠃ | ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠤᠶᠤᠯ ᠵᠤᠭᠠᠴᠠᠯ ᠤᠨ ᠲᠢᠩᠬᠢᠮ ᠠᠴᠠ ᠭᠤᠤᠯᠯᠠᠨ | ᠡᠷᠬᠢᠯᠡᠵᠦ᠂ ᠦᠪᠦᠷ ᠮᠤᠩᠭᠤᠯ ᠤᠨ ᠷᠠᠳᠢᠤ᠋ ᠲᠧᠯᠸᠢᠰ ᠬᠤᠷᠢᠶ᠎ᠠ ᠶᠢᠨ ᠮᠤᠩᠭᠤᠯ ᠤᠳᠤᠨ ᠲᠧᠯᠸᠢᠰ᠂ ᠦᠪᠦᠷ | ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠤᠶᠤᠯ ᠵᠤᠭᠠᠴᠠᠯ ᠤᠨ ᠲᠢᠩᠬᠢᠮ ᠤᠨ ᠤᠷᠠᠯᠢᠭ ᠤᠨ ᠬᠡᠯᠳᠡᠰ ᠠᠴᠠ | ᠳᠠᠭᠠᠭᠠᠴᠢᠯᠠᠨ ᠡᠷᠬᠢᠯᠡᠭᠰᠡᠨ ᠡᠨᠡᠬᠦ ᠦᠳᠡᠰᠢᠯᠡᠭᠡ ᠨᠢ ᠴᠠᠭ ᠦᠶ᠎ᠡ ᠶᠢᠨ ᠲᠦᠯᠦᠭᠡᠯᠡᠬᠦ ᠴᠢᠨᠠᠷᠳᠠᠢ ᠳᠠᠭᠤᠤ ᠶᠢ | ᠰᠤᠩᠭᠤᠨ ᠠᠳᠠᠯᠢ ᠪᠤᠰᠤ ᠬᠡᠪ ᠮᠠᠶ᠋ᠢᠭ᠂ ᠬᠦᠭ ᠠᠶᠠᠰ ᠢ ᠢᠯᠡ ᠳᠤᠳᠤ ᠬᠠᠷᠢᠴᠠᠭᠤᠯᠤᠨ᠂ ᠳᠠᠭᠤᠤ ᠶᠢᠨ ᠤᠷᠠᠯᠢᠭ | ᠤᠨ ᠦᠩᠭᠡᠷᠡᠭᠰᠡᠨ ᠤᠳᠤ ᠶᠢᠨ ᠬᠤᠪᠢᠷᠠᠯ ᠬᠦᠭᠵᠢᠯ ᠢ ᠦᠵᠡᠭᠴᠢᠳ ᠲᠤ ᠬᠠᠷᠠᠭᠤᠯᠬᠤ ᠶᠢ ᠵᠤᠷᠢᠭᠰᠠᠨ ᠪᠠᠶᠢᠨ᠎ᠠ᠃ | ᠦᠳᠡᠰᠢᠯᠡᠭᠡ ᠳᠤ ᠳᠠᠭᠤᠯᠠᠭᠰᠠᠨ ᠳᠠᠭᠤᠤ ᠨᠤᠭᠤᠳ ᠢ ᠥᠪᠥᠷ ᠮᠣᠩᠭᠤᠯ ᠤᠨ ᠦᠪᠡᠷᠳᠡᠭᠡᠨ ᠵᠠᠰᠠᠬᠤ ᠤᠷᠤᠨ | ᠤ ᠰᠤᠶᠤᠯ ᠵᠢᠭᠤᠯᠴᠢᠯᠠᠯ ᠤᠨ ᠲᠢᠩᠬᠢᠮ ᠤᠨ ᠤᠷᠠᠯᠢᠭ ᠤᠨ ᠬᠡᠯᠳᠡᠰ ᠪᠤᠯᠤᠨ ᠮᠤᠩᠭᠤᠯ ᠤᠳᠤᠨ ᠲᠧᠯᠸᠢᠰ ᠤᠨ | ᠤᠷᠠᠨ ᠪᠦᠲᠦᠭᠡᠯᠴᠢ ᠶᠢᠨ ᠪᠠᠭ ᠤᠨ ᠬᠢᠨ ᠰᠤᠩᠭᠤᠨ ᠰᠢᠯᠢᠵᠦ᠂ ᠤᠯᠠᠭᠠᠨᠮᠦ᠋ᠴᠢᠷ ᠤᠨ ᠳᠠᠭᠤᠴᠢᠳ ᠳᠠᠭᠤᠯᠠᠭᠰᠠᠨ | ᠢᠶᠠᠷ ᠢᠶᠠᠨ ᠤᠨᠴᠠᠯᠢᠭᠳᠠᠭᠰᠠᠨ ᠶᠤᠮ᠃ | | | | | | | | | | | |