ᠪᠤᠳᠤᠯᠭᠠᠳᠣ ᠮᠡᠷᠭᠡᠨ ᠰᠠᠮᠣᠷ ᠭᠦᠩᠵᠤ | ᠰᠠᠮᠤᠷ ᠭᠦᠩᠵᠤ ᠪᠤᠯ ᠣᠮᠠᠷᠠᠳᠣ ᠶᠣᠸᠠᠨ ᠤ ᠲᠡᠤᠬᠡᠨ ᠳᠤ ᠠᠯᠳᠠᠷ ᠮᠠᠨᠳᠣᠭᠰᠠᠨ ᠭᠠᠪᠢᠶᠠᠳᠣ ᠡᠮᠡᠭᠳᠡᠢ | ᠪᠤᠯᠤᠨ᠎ᠠ᠃ᠲᠡᠷᠡ ᠪᠠᠷ᠂ ᠴᠢᠩᠭᠢᠰ ᠬᠠᠭᠠᠨ ᠤ ᠪᠠᠶᠢᠭᠤᠯᠤᠭᠰᠠᠨ ᠶᠡᠭᠡ ᠮᠣᠩᠭᠤᠯ ᠤᠨ ᠲᠤᠯᠭᠤᠷ ᠲᠦᠷᠦ ᠬᠠᠭᠠᠴᠠᠯ | ᠵᠠᠳᠠᠷᠠᠯ ᠤᠨ ︽ᠬᠠᠷᠠᠩᠭᠤᠢᠦᠶᠡ ᠳᠤ ᠰᠡᠴᠡᠨ ᠰᠡᠷᠭᠦᠯᠡᠩ ᠠᠷᠭ᠎ᠠ ᠰᠠᠮᠪᠠᠭ᠎ᠠ᠂ ᠵᠦᠢᠷᠯᠡᠰᠢ ᠦᠭᠡᠢ ᠣᠬᠠᠭᠠᠨ | ᠪᠤᠳᠤᠯᠭ᠎ᠠ ᠪᠠᠷ ᠬᠤᠶᠠᠷ ᠤᠳᠠᠭ᠎ᠠ ᠠᠪᠣᠷᠠᠵᠤ᠂ᠴᠢᠩᠭᠢᠰ ᠡᠪᠦᠭᠡ ᠶᠢᠨ ᠢᠶᠠᠨ ᠴᠢᠰᠣ ᠶᠢ ᠦᠪᠯᠡᠵᠤ ᠲᠦᠷᠦᠭᠰᠡᠨ ᠤ | ᠬᠤᠪᠢ ᠳᠤ ᠶᠡᠭᠡ ᠠᠯᠳᠠᠷ ᠢ ᠨᠢ ᠭᠤᠳᠣᠭᠠᠯ ᠦᠭᠡᠢᠮᠠᠨᠳᠣᠭᠤᠯᠵᠤ ᠶᠠᠪᠤᠭᠰᠠᠨ ᠢᠶᠠᠷ ᠦᠢᠷᠠᠳ ᠊᠊᠊᠊᠊᠊᠊ | ᠮᠤᠩᠭᠤᠯ ᠤᠨ ᠲᠡᠤᠬᠡᠨ ᠳᠤ ᠣᠯᠠᠨ ᠰᠠᠶᠢᠬᠠᠨ ᠲᠤᠮᠤᠭ ᠦᠯᠡᠳᠡᠭᠡᠭᠰᠡᠨ ᠶᠤᠮ᠃ᠰᠠᠮᠤᠷ ᠭᠦᠩᠵᠤ ᠪᠤᠯ ᠴᠢᠩᠭᠢᠰ | ᠬᠠᠭᠠᠨ ᠬᠤᠶᠢᠴᠢ ᠣᠭᠰᠠᠭᠠᠨ ᠤ ᠡᠯᠪᠡᠭ ᠨᠢᠭᠦᠯᠰᠦᠩᠭᠦᠢ ᠬᠠᠭᠠᠨ ᠤ ᠦᠬᠢᠨ᠃ | ᠮᠠᠨᠳᠣᠬᠠᠢ ᠰᠡᠴᠡᠨ ᠬᠠᠳᠣᠨ | ᠮᠠᠨᠳᠣᠬᠠᠢ ᠰᠡᠴᠡᠨ ᠬᠠᠳᠣᠨ ᠪᠤᠯ ᠮᠤᠩᠭᠤᠯᠴᠣᠳ ᠤᠨ ᠬᠦᠨᠳᠣᠳᠬᠡᠨ ᠰᠢᠳᠦᠳᠡᠭ ᠡᠷᠳᠡᠨ ᠤ ᠭᠤᠷᠪᠠᠨ | ᠠᠭᠤᠣ ᠡᠮᠡᠭᠳᠡᠢ ᠶᠢᠨ ᠨᠢᠭᠡ ᠪᠤᠯᠤᠨ᠎ᠠ᠃ ᠲᠡᠷᠡ ᠵᠦᠢᠷᠯᠡᠰᠢ ᠦᠭᠡᠢ ᠠᠤᠭ᠎ᠠ ᠵᠤᠷᠢᠭ ᠪᠠ ᠴᠡᠴᠡᠨ ᠣᠬᠠᠭᠠᠨ ᠢᠶᠠᠷ | ᠴᠢᠩᠬᠢᠰ ᠬᠠᠭᠠᠨ ᠤᠣᠷᠤᠭ ᠲᠠᠰᠣᠷᠤᠮᠠᠷ ᠪᠠᠶᠢᠭᠰᠠᠨ ᠮᠤᠩᠭᠤᠯ ᠬᠠᠭᠠᠨᠳᠣ ᠲᠦᠷᠦ ᠶᠢ ᠵᠠᠯᠭᠠᠭᠤᠯᠵᠤ᠂ ᠵᠠᠭᠤ | ᠰᠢᠬᠠᠮ ᠵᠢᠯ ᠦᠷᠭᠦᠯᠵᠢᠯᠡᠭᠰᠡᠨᠮᠣᠩᠭᠤᠯ ᠤᠨ ᠨᠡᠶᠢᠭᠡᠮ ᠤᠨ ᠬᠠᠭᠠᠴᠠᠯ ᠵᠠᠳᠠᠷᠠᠯ ᠤᠨ ᠬᠠᠷᠠᠩᠭᠤᠢ ᠲᠡᠤᠬᠡ ᠶᠢ | ᠡᠴᠦᠰᠯᠡᠭᠦᠯᠦᠨ᠂ ᠲᠠᠷᠠᠬᠠᠢ ᠪᠣᠳᠠᠷᠬᠠᠢ ᠮᠣᠩᠭᠤᠯ ᠤᠨᠠᠶᠢᠮᠠᠭ ᠤᠭᠰᠠᠭ᠎ᠠ ᠨᠤᠭᠤᠳ ᠢ ᠨᠢᠭᠡᠨ ᠵᠢᠯᠤᠭᠤᠨ ᠳᠤ | ᠬᠤᠷᠢᠶᠠᠭᠰᠠᠨ ᠢᠶᠠᠷ ᠪᠠᠷᠠᠬᠤ ᠦᠭᠡᠢ᠂ ᠮᠤᠩᠭᠤᠯ ᠤᠨ ᠨᠡᠶᠢᠭᠡᠮ ᠤᠨᠬᠦ᠋ᠭᠵᠢᠯᠳᠡ ᠶᠢᠨ ᠭᠡᠷᠡᠯ ᠰᠠᠴᠣᠷᠠᠭᠰᠠᠨ | ᠰᠢᠨ᠎ᠡ ᠨᠢᠭᠡᠨ ᠬᠠᠭᠤᠳᠠᠰᠤ ᠲᠡᠯᠭᠡᠭᠳᠡᠬᠦ ᠳᠤ ᠲᠠᠶᠢᠪᠣᠩ ᠰᠠᠶᠢᠬᠠᠨ ᠨᠦᠬᠦᠴᠡᠯ ᠢᠪᠦ᠋ᠷᠢᠯᠳᠦᠭᠦᠯᠦᠨ ᠦᠭᠴᠡᠢ᠃ | ᠲᠡᠷᠡ ᠪᠤᠯ ᠨᠢᠭᠡᠨ ᠰᠢᠯᠭᠠᠷᠠᠭᠰᠠᠨ ᠣᠯᠤᠰ ᠲᠦᠷᠦᠴᠢᠨ ᠮᠦᠷᠳᠡᠭᠡᠨ ᠴᠣᠯᠭᠤᠷᠠᠭᠰᠠᠨ ᠴᠡᠷᠢᠭᠲ᠋ᠠᠶᠢᠨ ᠤ | ᠪᠤᠳᠤᠯᠭᠠᠳᠠᠨ᠂ ᠠᠯᠳᠠᠷᠳᠣ ᠨᠡᠶᠢᠭᠡᠮ ᠤᠨ ᠵᠢᠳᠭᠦᠯᠳᠡᠨ ᠪᠤᠯᠤᠨ᠎ᠠ᠃ ᠮᠠᠨᠳᠣᠬᠠᠢ ᠰᠡᠴᠡᠨ ᠬᠠᠳᠣᠨ ᠪᠤᠯ | ᠲᠦᠮᠡᠳ ᠤᠨᠡᠩᠬᠦᠳ ᠤᠨ ᠬᠦᠮᠦᠨ᠃ 1447 ᠤᠨ ᠳᠤ ᠮᠡᠨᠳᠦᠯᠡᠪᠡ᠃ ᠲᠡᠭᠦᠨ ᠤ ᠡᠴᠢᠭᠡ ᠨᠢ ᠴᠣᠷᠣᠰᠪᠠᠢ ᠲᠡᠮᠤᠷ | ᠴᠢᠩᠰᠠᠩ ᠭᠡᠳᠡᠭ᠃ ᠮᠠᠨᠳᠣᠭᠤᠯ ᠬᠠᠭᠠᠨ ︵1463 -1467︶ ᠤ ᠪᠠᠭ᠎ᠠ ᠬᠠᠳᠣᠨ ᠨᠢ ᠪᠤᠯᠤᠨ᠎ᠠ᠃ ᠮᠠᠨᠳᠣᠬᠠᠢ | ᠰᠡᠴᠡᠨ ᠬᠠᠳᠣᠨ ᠭᠤᠴᠢᠨ ᠭᠤᠷᠪᠠᠨᠨᠠᠰᠣ ᠲᠠᠢ ᠦᠶ᠎ᠡ ᠳᠡᠭᠡᠨ ᠴᠢᠩᠭᠢᠰ ᠤᠨ ᠠᠯᠳᠠᠨ ᠣᠷᠤᠭᠳᠠᠨ ᠤ ᠬᠤᠶᠢᠴᠢᠰ | ᠪᠤᠯᠬᠤ ᠪᠠᠳᠣᠮᠦ᠋ᠩᠬᠡ ︵1474 -1533︶ ᠶᠢ ᠡᠷᠭᠦᠨ ᠲᠡᠳᠬᠦᠵᠤ ᠪᠣᠳᠠᠷᠠᠭᠰᠠᠨ ᠣᠯᠤᠰ ᠢ ᠨᠢ ᠬᠤᠷᠢᠶᠠᠨ᠂ | ᠲᠤᠯᠭᠤᠷ ᠲᠦᠷᠦ ᠶᠢ ᠨᠢ ᠴᠣᠭᠴᠠᠯᠠᠨ ᠦᠭᠴᠣ᠂ ᠮᠤᠩᠭᠤᠯ ᠤᠨᠲ᠋ᠡᠤᠬᠡᠨ ᠳᠠᠬᠢ ᠬᠤᠶᠠᠳᠣᠭᠠᠷ ᠣᠳᠠᠭᠠᠨ ᠤ ᠶᠡᠭᠡ | ᠨᠢᠭᠡᠳᠦᠯ ᠢ ᠪᠡᠶᠡᠯᠡᠭᠦᠯᠪᠡ᠃ | ᠡᠷᠬᠡᠳᠤ ᠬᠠᠳᠣᠨ ᠵᠦᠩᠬᠡᠨ | ᠤᠯᠠᠨ ᠠᠴᠠ ᠬᠡᠳᠦ᠋ᠢᠳᠦᠭᠰᠡᠨ ᠴᠡᠴᠡᠨ ᠪᠢᠯᠢᠭ᠂ ᠣᠬᠠᠭᠠᠨ ᠵᠢᠪᠬᠤᠭ᠎ᠠ ᠪᠠᠷ ᠢᠶᠠᠨ ᠮᠣᠩᠭᠤᠯᠴᠣᠳ ᠤᠨ | ᠭᠠᠶᠢᠬᠠᠯᠪᠢᠰᠢᠷᠡᠯ ᠢ ᠣᠯᠵᠤ ᠶᠠᠪᠤᠭᠰᠠᠨ ᠪᠠᠭᠠᠳᠣᠷ ᠰᠣᠣᠳᠣ ᠡᠮᠡᠭᠳᠡᠢ ᠪᠤᠯ ᠵᠦᠩᠬᠡᠨ ᠬᠠᠳᠣᠨ ᠪᠤᠯᠤᠨ᠎ᠠ᠃ | ᠲᠡᠷᠡ ᠪᠠᠷ ᠮᠤᠩᠭᠤᠯ ᠤᠨᠪᠠᠷᠠᠭᠤᠨ ᠭᠠᠷ ᠤᠨ ᠲᠦᠮᠡᠳ ᠤᠨ ᠲᠦᠷᠦᠭᠦᠤ ᠠᠯᠳᠠᠨ ᠬᠠᠭᠠᠨ ︵1507 -1581︶ ᠤ | ᠬᠠᠳᠣᠨ ᠪᠤᠯᠣᠨ᠎ᠠ᠃ | ᠵᠦᠩᠬᠡᠨ ᠬᠠᠳᠣᠨ ᠪᠤᠯ ᠦᠩᠭᠡ ᠵᠢᠰᠣ ᠭᠤᠸ᠎ᠠ ᠬᠡᠬᠡᠨᠴᠢᠷ ᠮᠦᠷᠳᠡᠭᠡᠨ ᠣᠢ ᠤᠬᠠᠭᠠᠨ ᠴᠡᠴᠡᠨ | ᠰᠡᠷᠭᠦᠯᠡᠩ ᠵᠶ᠋ᠠᠷᠪᠠᠷᠠᠬᠤ ᠦᠭᠡᠢ ᠲᠠᠭᠤᠣ ᠪᠦᠵᠢᠭ ᠲᠤ ᠠᠪᠢᠶᠠᠰᠯᠢᠭ᠃ ᠲᠡᠷᠡ ᠮᠦᠨ ᠬᠦᠯᠦᠭ ᠤᠨ ᠨᠢᠷᠣᠭᠤᠨ ᠳᠤ | ᠰᠠᠯᠬᠢᠯᠠᠨ ᠬᠦᠪᠴᠢᠳᠣ ᠨᠣᠮᠤ ᠲᠠᠯᠠᠵᠤ᠂ ᠴᠡᠷᠢᠭ ᠤᠨ ᠡᠷᠳᠡᠮ ᠳᠤ ᠴᠠᠭᠠᠷᠠᠨ ᠨᠡᠪᠳᠡᠷᠡᠭᠰᠡᠨ ᠡᠷᠡᠮᠡᠬᠡᠢ ᠪᠠᠭᠠᠳᠣᠷ | ᠡᠮᠡᠭᠳᠡᠢ ᠪᠤᠯᠤᠨ᠎ᠠ᠃ ᠲᠡᠭᠡᠬᠦ ᠳᠤ ᠠᠯᠳᠠᠨᠬᠠᠭᠠᠨ ᠤ ᠭᠦᠨ ᠢᠳᠡᠭᠡᠯ ᠢ ᠤᠯᠵᠤ᠂ ᠠᠯᠳᠠᠨ ᠬᠠᠭᠠᠨ ᠤ ᠨᠣᠶᠠᠷᠬᠠᠯ ᠢ | ᠪᠠᠬᠢᠵᠢᠭᠦᠯᠦᠨ᠂ ᠮᠢᠩ ᠣᠯᠤᠰ ᠯᠤᠭ᠎ᠠ ᠶᠢᠨ ᠬᠢᠯᠢ ᠵᠢᠨᠰᠣᠯᠢᠯᠴᠠᠭᠠ ᠶᠠᠪᠤᠯᠴᠠᠭ᠎ᠠ ᠵᠢᠴᠢ ᠲᠣᠳᠣᠭᠠᠳᠣ ᠶᠢᠨ ᠡᠪ | ᠨᠢᠭᠡᠳᠦᠯ ᠳᠤ ᠴᠢᠬᠤᠯᠠ ᠦᠢᠯᠡᠳᠦᠯ ᠦᠵᠡᠭᠦᠯᠵᠤ ᠶᠠᠪᠤᠭᠰᠠᠨ ᠶᠤᠮ᠃ | ᠵᠦᠩᠬᠡᠨ ᠬᠠᠳᠣᠨ ᠪᠠᠰᠠ ᠠᠮᠣᠳᠠᠢ ᠰᠡᠴᠡᠨ ᠬᠠᠭᠠᠨ᠂ ᠪᠣᠳᠠᠰᠢᠷᠢ ᠬᠤᠩ ᠲᠠᠶᠢᠵᠢ ᠨᠠᠷ ᠲᠠᠢ ᠬᠠᠮᠳᠣᠷᠠᠨ᠂ | ᠰᠢᠷᠡᠭᠡᠳᠣᠭᠦ᠋ᠤᠰᠢ ᠴᠣᠷᠵᠢ᠂ ᠠᠶᠣᠰᠢ᠂ ᠠᠨᠠᠨᠳᠠ ᠮᠠᠨᠽᠣᠰᠢᠷᠢ ᠪᠤᠯᠤᠨ ᠪᠠᠷᠠᠭᠤᠨ ᠭᠤᠷᠪᠠᠨ ᠲᠦᠮᠡᠨ ᠤ ᠬᠡᠯᠡᠮᠣᠷᠴᠢ | ᠮᠡᠷᠭᠡᠳ ᠢ ᠵᠤᠬᠢᠶᠠᠨᠪᠠᠶᠢᠭᠤᠯᠵᠤ᠂ 1602 ᠊᠊᠊᠊ 1607 ᠤᠨ ᠬᠦᠷᠳᠡᠯ᠎ᠡ᠂ ᠵᠢᠷᠭᠤᠭᠠᠨ ᠵᠢᠯ ᠤᠨ ᠬᠤᠭᠤᠴᠠᠭᠠᠨ ᠳᠤ | ᠭᠠᠨᠵᠤᠤᠷ ᠨᠤᠮ ᠢ ᠮᠤᠩᠭᠤᠯᠬᠡᠯᠡ ᠪᠠᠷ ︽ᠪᠦᠷᠢᠨ ᠲᠡᠭᠦᠰ ᠣᠷᠴᠢᠭᠤᠯᠵᠤ︾ ᠲᠡᠭᠦᠰᠭᠡᠭᠰᠡᠨ ᠲᠡᠤᠬᠡ ᠲᠠᠢ᠃ | | ᠴᠢᠯᠠᠭᠤᠨ ᠳᠤ ᠠᠮᠢᠯᠠᠭᠰᠠᠨ ᠭᠤᠶᠣ ᠡᠮᠡᠭᠳᠡᠢ ᠲᠠᠵᠢ ᠮᠠᠬᠠᠯ | ᠮᠣᠩᠭᠤᠷ ︵ᠮᠤᠩᠭᠤᠯ︶ ᠬᠠᠭᠠᠨᠳᠣ ᠣᠯᠤᠰ ᠤᠨ ᠪᠠᠳᠠᠷᠠᠯ ᠬᠦᠭᠵᠢᠯ ᠢ ᠲᠣᠰᠬᠠᠨ᠂ ᠵᠢᠩᠬᠢᠨᠢ ᠴᠡᠪᠡᠷ ᠬᠠᠶᠢᠷ᠎ᠠ ᠶᠢᠨ | ᠪᠡᠯᠭᠡ ᠲᠡᠮᠳᠡᠭ ᠪᠤᠯᠤᠭᠰᠠᠨ ︽ᠡᠨᠡᠳᠬᠡᠭ ᠤᠨ ᠡᠷᠳᠡᠨᠢ︾ ᠭᠡᠮᠡᠭᠴᠢ ᠲᠠᠵᠢ ︵ᠲᠠᠶᠢᠵᠢ︶ ᠮᠠᠬᠠᠯ ᠤᠨ ᠪᠤᠩᠬᠤᠨ ᠨᠢ | ᠲᠡᠯᠡᠬᠡᠢ ᠶᠢᠨ ᠲᠤᠯᠤᠭᠠᠨ ᠭᠠᠶᠢᠬᠠᠮᠰᠢᠭᠳᠣ ᠪᠠᠷᠢᠯᠭ᠎ᠠ ᠶᠢᠨ ᠨᠢᠭᠡ ᠪᠤᠯᠵᠤ ᠬᠤᠷᠸ᠎ᠠ ᠳᠤ ᠠᠯᠳᠠᠷᠰᠢᠵᠤ ᠪᠤᠢ᠃ | ᠲᠠᠵᠢ ᠮᠠᠬᠠᠯ ᠪᠤᠯ ᠮᠤᠩᠭᠤᠷ ᠬᠠᠭᠠᠨᠳᠣ ᠣᠯᠤᠰ ᠤᠨ ᠲᠠᠪᠣᠳᠣᠭᠠᠷ ᠦᠶ᠎ᠡ ᠶᠢᠨ ᠬᠠᠭᠠᠨ ᠱ᠊ • ᠵᠠᠭᠠᠨ ︵ᠪᠠᠰᠠ | ᠰᠠᠩᠵᠠᠢᠭᠡᠵᠤ ᠵᠠᠷᠢᠮ ᠨᠤᠮ ᠳᠤ ᠲᠡᠮᠳᠡᠭᠯᠡᠵᠤ ᠪᠤᠢ︶ ᠤ ᠬᠠᠶᠢᠷᠠᠳᠠᠢ ᠬᠠᠳᠣᠨ ᠨᠢ ᠪᠤᠯᠤᠨ᠎ᠠ᠃ ᠲᠡᠷᠡ ᠡᠨᠡᠳᠬᠡᠭ ᠤᠨ | ᠣᠮᠠᠷᠠᠳᠣ ᠬᠡᠰᠡᠭ ᠲᠠᠬᠢᠨᠢᠭᠡᠨ ᠮᠤᠩᠭᠤᠯ ᠢᠵᠠᠭᠤᠷᠳᠡᠨ ᠤ ᠭᠡᠷ ᠲᠤ ᠲᠦᠷᠦᠪᠡ᠃ ᠬᠤᠷᠸ᠎ᠠ ᠳᠤ ᠬᠤᠣᠰ ᠦᠭᠡᠢ | ᠭᠤᠶᠤ ᠦᠵᠡᠰᠭᠦᠯᠡᠩ ᠮᠦᠷᠳᠡᠭᠡᠨᠰᠡᠴᠡᠨ ᠴᠡᠯᠮᠡᠭ ᠤᠬᠠᠭᠠᠨ ᠰᠠᠨᠠᠭ᠎ᠠ ᠲᠠᠢ ᠪᠠᠶᠢᠵᠤ᠂ ᠵᠢᠩᠬᠢᠨᠢ ᠴᠡᠪᠡᠷ ᠠᠷᠢᠭᠤᠨ | ᠬᠠᠶᠢᠷ᠎ᠠ ᠶᠢ ᠲᠡᠭᠡᠳᠦᠯᠡᠵᠤ ᠶᠠᠪᠤᠭᠰᠠᠨ ᠠᠭᠤᠣᠶᠡᠭᠡ ᠮᠤᠩᠭᠤᠯ ᠡᠮᠡᠭᠳᠡᠢ ᠪᠤᠯᠤᠨ᠎ᠠ᠃ | ᠲᠠᠵᠢ ᠬᠠᠳᠣᠨ ᠪᠤᠯ ᠦᠩᠭᠡ ᠵᠢᠰᠣ ᠪᠠ ᠪᠡᠶ᠎ᠡ ᠭᠠᠯᠪᠢᠷ ᠬᠤᠣᠰ ᠦᠭᠡᠢ ᠭᠤᠶᠣ ᠦᠵᠡᠰᠭᠦᠯᠡᠩ ᠮᠦᠷᠳᠡᠭᠡᠨ | ᠣᠬᠠᠭᠠᠨᠰᠠᠨᠠᠭᠠ᠂ ᠢᠨᠠᠭ ᠬᠠᠶᠢᠷ᠎ᠠ᠂ ᠪᠣᠳᠤᠯ ᠰᠡᠳᠬᠢᠯ᠂ ᠪᠢᠯᠢᠭ ᠠᠪᠢᠶᠠᠰ᠂ ᠦᠢᠯᠡ ᠶᠠᠪᠣᠳᠠᠯ ᠤᠨ ᠡᠷᠬᠢᠮ | ᠰᠠᠶᠢᠬᠠᠨ ᠪᠦᠬᠦᠨ ᠢᠪᠦ᠋ᠷᠢᠳᠦᠭᠦᠯᠦᠭᠰᠡᠨ ᠲᠡᠭᠦᠰ ᠭᠤᠸ᠎ᠠ ᠡᠮᠡᠭᠳᠡᠢ ᠪᠤᠯᠤᠨ᠎ᠠ᠃ ᠲᠡᠭᠦᠨ ᠤ ᠠᠮᠢᠳᠣ ᠰᠡᠷᠡᠭᠦᠨ | ᠦᠶ᠎ᠡ ᠶᠢᠨ ᠦᠢᠯᠡ ᠶᠠᠪᠣᠳᠠᠯ ᠲᠡᠤᠬᠡ ᠰᠣᠳᠣᠷ ᠲᠤ ᠲᠡᠮᠡᠢ ᠲᠡᠮᠳᠡᠭᠯᠡᠭᠰᠡᠨ ᠦᠭᠡᠢ ᠪᠣᠯᠪᠠᠴᠣ ᠭᠠᠨᠳᠢᠭ | ᠴᠢᠯᠠᠭᠤᠨ ᠳᠤ ᠠᠮᠢᠯᠠᠭᠰᠠᠨ ᠭᠤᠶᠣ ᠲᠦᠷᠬᠦ ᠨᠢ ᠵᠢᠩᠬᠢᠨᠢᠠᠷᠢᠭᠤᠨ ᠬᠠᠶᠢᠷ᠎ᠠ ᠶᠢᠨ ᠰᠢᠳᠦᠭᠡᠨ ᠪᠤᠯᠤᠨ ᠠᠮᠢᠯᠠᠵᠤ | ᠬᠦᠮᠦᠨ ᠲᠦᠷᠦᠯᠬᠢᠳᠡᠨ ᠳᠤ ᠪᠠᠭ᠋ᠠᠷᠬᠠᠭᠳᠠᠨ ᠲᠠᠭᠠᠯᠠᠭᠳᠠᠵᠤ ᠪᠠᠶᠢᠬᠤᠮᠦ᠋ᠷᠳᠡᠭᠡᠨ ᠡᠨᠡᠳᠬᠡᠭ᠂ ᠮᠤᠩᠭᠤᠷ ᠬᠠᠭᠠᠨᠳᠣ | ᠣᠯᠤᠰ᠂ ᠮᠣᠩᠭᠤᠯ ᠡᠮᠡᠭᠳᠡᠢ ᠶᠢᠨ ᠡᠷᠬᠢᠮᠰᠦᠭ ᠰᠠᠶᠢᠬᠠᠨ ᠢ ᠲᠡᠯᠡᠬᠡᠢ ᠳ᠋ᠠᠬᠢᠨ ᠳᠤ ᠦᠨᠢ ᠮᠦᠩᠬᠡ | ᠠᠯᠳᠠᠷᠰᠢᠭᠤᠯᠵᠤ ᠪᠠᠶᠢᠭ᠎ᠠ ᠶᠤᠮ᠃ ᠲᠠᠵᠢ ᠬᠠᠳᠣᠨ ᠨᠠᠰᠣ ᠪᠠᠷᠠᠭᠠᠳ 300 ᠭᠠᠷᠦᠢ ᠵᠢᠯ ᠪᠤᠯᠵᠤ ᠪᠠᠶᠢᠭ᠎ᠠ | ᠪᠣᠯᠪᠠᠴᠣ ᠲᠡᠯᠡᠬᠡᠢ ᠶᠢᠨ ᠬᠦᠮᠦᠨ ᠠᠷᠠᠳ ᠤᠨ ᠰᠡᠳᠬᠢᠯ ᠵᠢᠷᠦᠬᠡᠨ ᠳᠤ ᠮᠥᠨ ᠯᠠ ᠠᠮᠢᠳᠣ ᠪᠠᠷ ᠢᠶᠠᠨ ᠪᠠᠶᠢᠭ᠎ᠠ ᠰᠢᠭ᠋ | ᠪᠠᠶᠢᠵᠤ᠂ᠮᠤᠩᠭᠤᠯ ᠡᠮᠡᠭᠳᠡᠢ ᠶᠢᠨ ᠵᠢᠰᠣ ᠭᠠᠯᠪᠢᠷ ᠬᠢᠭᠡᠳ ᠣᠶᠤᠨ ᠰᠠᠨᠠᠭᠠᠨ ᠤ ᠭᠤᠸ᠎ᠠ ᠰᠠᠶᠢᠬᠠᠨ ᠵᠢᠴᠢ ᠰᠣᠶᠣᠯ ᠤᠨ | ᠢᠷᠠᠭᠤ ᠰᠠᠶᠢᠬᠠᠨᠬᠦ᠋ᠷᠳᠡᠭᠡᠯ ᠢᠶᠠᠷ ᠢᠶᠠᠨ ᠪᠦᠮᠪᠤᠷᠴᠡᠭ ᠢ ᠢᠪᠢᠯᠭᠡᠵᠤ᠂ ᠮᠤᠨᠳᠠᠭ ᠲᠤᠮᠤ ᠵᠤᠭᠠᠴᠠᠯ ᠤᠨ | ᠦᠷᠳᠡᠭ᠂ ᠰᠣᠶᠤᠯ ᠤᠨ ᠦᠷᠳᠡᠭ ᠢ ᠡᠭᠦᠳᠦᠨ᠂ ᠡᠨᠡᠳᠬᠡᠭ ᠤᠨ ᠠᠷᠠᠳ ᠲᠦᠮᠡᠨ ᠢ ᠢᠪᠡᠭᠡᠨ ᠲᠡᠳᠬᠦᠵᠤ ᠪᠤᠢ᠃ | | ᠴᠢᠩ ᠪᠢᠰᠢᠷᠡᠯᠳᠣ ᠲᠠᠶᠢᠬᠠᠯ ᠬᠠᠳᠣᠨ ᠡᠬᠡ | ᠡᠬᠡ ᠲᠠᠶᠢᠬᠠᠯ ᠬᠠᠳᠣᠨ ᠪᠤᠯ 17 ᠳ᠋ᠣᠭᠠᠷ ᠵᠠᠭᠤᠨ ᠤ ᠡᠬᠢᠨ ᠤ ᠵᠢᠯ ᠤᠳ ᠲᠤ ᠠᠯᠳᠠᠷ ᠮᠠᠨᠳᠣᠭᠰᠠᠨ | ᠣᠶᠤᠳᠠᠨ ᠬᠠᠳᠣᠨ ᠪᠤᠯᠤᠨ᠎ᠠ᠃ ᠲᠡᠶᠢᠮᠤ ᠠᠴᠠ ᠮᠤᠩᠭᠤᠯ ᠤᠨ ᠲᠡᠤᠬᠡᠨ ᠳᠤ ᠲᠡᠭᠦᠨ ᠢ ︽ᠴᠢᠩ ᠪᠢᠰᠢᠷᠡᠯᠳᠣ ᠲᠠᠶᠢᠬᠠᠯ | ᠬᠠᠳᠣᠨ ᠡᠬᠡ︾ ᠭᠡᠮᠡᠨᠬᠦ᠋ᠨᠳᠦᠳᠬᠡᠨ ᠲᠡᠮᠳᠡᠭᠯᠡᠭᠰᠡᠨ ᠪᠠᠶᠢᠳᠠᠭ᠃ ᠲᠠᠶᠢᠬᠠᠯ ᠬᠠᠳᠣᠨ ᠪᠤᠯ ᠲᠠᠶᠠᠨ ᠬᠠᠭᠠᠨ ᠤ | ᠣᠳᠬᠤᠨ ᠬᠦᠤ ᠭᠡᠷᠰᠠᠨᠵᠢ ︵ᠪᠠᠰᠠᠭᠡᠷᠰᠠᠨᠵᠢ ᠯᠠᠶᠢᠬᠤᠷ ᠭᠡᠳᠡᠭ︶ ᠶᠢᠨ ᠭᠤᠷᠪᠠᠳᠣᠭᠠᠷ ᠬᠦᠪᠡᠭᠦᠨ ᠣᠶᠢᠵᠢᠨ | ᠨᠤᠶᠠᠨ ᠤ ᠬᠦᠤ ᠪᠠᠭ᠋ᠠᠷᠠᠢ ᠬᠤᠰᠢᠭᠤᠴᠢ ᠶᠢᠨ ᠬᠠᠳᠣᠨᠪᠤᠯᠤᠨᠠ᠃ ᠲᠡᠷᠡ ᠬᠠᠷᠠᠬᠠᠨ ᠪᠠᠭ᠎ᠠ ᠠᠴᠠ ᠪᠠᠨ ᠴᠡᠴᠡᠨ | ᠰᠡᠷᠭᠦᠯᠡᠩ᠂ ᠤᠢ ᠪᠢᠯᠢᠭ ᠴᠣᠭᠤᠷᠬᠠᠢ᠂ ᠪᠢᠴᠢᠭ ᠰᠣᠶᠤᠯ ᠳᠤ ᠰᠢᠮᠳᠠᠨ᠂ᠮᠤᠩᠭᠤᠯ ᠲᠦᠪᠡᠳ ᠦᠰᠦᠭ ᠪᠢᠴᠢᠭ ᠲᠤ | ᠨᠡᠪᠳᠡᠷᠡᠵᠡᠢ᠃ ᠲᠡᠭᠡᠭᠡᠳ ᠣᠶᠤᠳᠠᠨ ᠡᠮᠡᠭᠳᠡᠢ ᠪᠤᠯᠤᠨ ᠠᠯᠳᠠᠷᠰᠢᠵᠡᠢ᠃ | ᠴᠢᠩ ᠪᠢᠰᠢᠷᠡᠯᠳᠤ ᠲᠠᠶᠢᠬᠠᠯ ᠬᠠᠳᠣᠨ ᠪᠢᠴᠢᠭ ᠰᠣᠶᠤᠯ ᠳᠤ ᠨᠡᠪᠳᠡᠷᠡᠵᠤ᠂ ᠮᠤᠩᠭᠤᠯ ᠰᠣᠶᠤᠯ ᠤᠨ | ᠭᠦᠭᠵᠢᠯᠳᠡ ᠳᠤ ᠪᠠᠯᠠᠷᠠᠰᠢ ᠦᠭᠡᠢ ᠵᠢᠳᠬᠦᠯ ᠦᠭᠭᠦᠭᠰᠡᠨ ᠢᠶᠠᠷ ᠪᠠᠷᠠᠬᠤ ᠦᠭᠡᠢ ᠬᠦᠪᠡᠭᠦᠨ ᠴᠣᠭᠳᠤ ︵ᠴᠣᠭᠳᠣ | ᠲᠠᠶᠢᠵᠢ︶ ᠪᠠᠨ ᠪᠠᠯᠴᠢᠷ ᠪᠠᠭ᠎ᠠ ᠠᠴᠠ ᠨᠢ ᠪᠢᠴᠢᠭ ᠰᠣᠶᠤᠯ ᠢᠶᠠᠷ ᠭᠡᠶᠢᠭᠦᠯᠦᠨ ᠬᠦᠮᠦᠵᠢᠭᠦᠯᠵᠤ ᠪᠢᠯᠡ᠃ ᠬᠠᠳᠣᠨ | ᠡᠬᠡ ᠶᠢᠨ ᠢᠶᠠᠨ ᠭᠡᠷᠡᠯᠳᠦᠭᠰᠡᠨ ᠣᠬᠠᠭᠠᠨ᠂ᠬᠠᠳᠠᠭᠤ ᠬᠦᠮᠦᠵᠢᠯ ᠢ ᠲᠡᠭᠡᠳᠦᠯᠡᠨ᠂ ᠴᠣᠭᠳᠣ ᠲᠠᠶᠢᠵᠢ ᠪᠣᠰᠣᠳ ᠠᠴᠠ | ᠴᠣᠯᠭᠤᠷᠠᠭᠰᠠᠨ ᠶᠡᠭᠡ ᠪᠢᠯᠢᠭ ᠠᠪᠢᠶᠠᠰ ᠲᠠᠢ ᠠᠯᠳᠠᠷᠳᠤ ᠢᠷᠠᠭᠤ ᠨᠠᠶᠢᠷᠠᠭᠴᠢ᠂ ᠲᠡᠤᠬᠡᠴᠢ ᠮᠦᠷᠳᠡᠭᠡᠨ ᠭᠠᠷᠮᠠᠭᠠᠢ | ᠣᠯᠤᠰ ᠲᠦᠷᠦᠴᠢᠨ᠂ ᠡᠬᠡ ᠣᠷᠤᠨᠴᠢ ᠪᠠᠭᠠᠳᠣᠷ ᠪᠤᠯᠤᠭᠰᠠᠨ ᠶᠤᠮ᠃ ᠲᠠᠶᠢᠬᠠᠯ ᠬᠠᠳᠣᠨ ᠡᠬᠡ 1601 | ᠤᠨ ᠠᠴᠠ ᠡᠬᠢᠯᠡᠨ᠂ ᠬᠦᠤ ᠴᠣᠭᠳᠣ ᠲᠠᠢ ᠪᠠᠨ ᠲᠦᠪᠡᠳ ᠬᠡᠯᠡᠨ ᠠᠴᠠ ᠪᠤᠷᠬᠠᠨ ᠤ ᠨᠤᠮᠰᠣᠳᠣᠷ ᠢ | ᠣᠷᠴᠢᠭᠤᠯᠬᠤ ᠶᠢᠨ ᠲᠠᠭᠠᠣ ᠣᠷᠠᠨ ᠵᠤᠬᠢᠶᠠᠯ᠂ ᠲᠡᠤᠬᠡ᠂ ᠬᠦᠨ ᠤᠬᠠᠭᠠᠨ᠂ ᠠᠨᠠᠭᠠᠬᠤ ᠣᠬᠠᠭᠠᠨ ᠵᠡᠷᠭᠡ | ᠣᠯᠠᠨᠲ᠋ᠦ᠋ᠷᠦᠯ ᠤᠨ ᠨᠤᠮ ᠰᠣᠳᠣᠷ ᠢ ᠮᠤᠩᠭᠤᠯᠴᠢᠯᠠᠵᠤ᠂ ᠠᠷᠠᠳ ᠲᠦᠮᠡᠨ ᠢᠶᠠᠨ ᠭᠡᠭᠡᠷᠡᠭᠦᠯᠦᠨ᠂ ᠮᠤᠩᠭᠤᠯ | ᠰᠣᠶᠤᠯ ᠤᠨᠭᠦ᠋ᠭᠵᠢᠯᠳᠡ ᠳᠤ ᠯᠤᠳᠤ ᠶᠡᠭᠡ ᠭᠠᠪᠢᠶ᠎ᠡ ᠵᠢᠳᠭᠦᠯ ᠦᠵᠡᠭᠦᠯᠦᠭᠰᠡᠨ ᠶᠤᠮ᠃ ᠡᠭᠦᠨ ᠤ ᠲᠠᠭᠠᠤ ᠲᠡᠷᠡ | ᠪᠠᠰᠠ ᠬᠦᠪᠡᠭᠦᠨ ᠴᠣᠭᠳᠣ ᠲᠠᠶᠢᠵᠢ ᠲᠠᠢ ᠪᠠᠨ ᠪᠦᠬᠦᠯᠢ ᠠᠷᠪᠠᠨ ᠵᠢᠯ ᠤᠨ ᠴᠠᠭ ᠢ ᠵᠠᠷᠣᠴᠠᠭᠤᠯᠣᠨ᠂ ᠲᠣᠣᠯᠠ ᠶᠢᠨ | ᠪᠠᠷᠠᠭᠤᠨ ᠳᠠᠬᠢ ᠵᠢᠷᠦᠬᠡᠨ ᠨᠡᠷᠡᠳᠤ ᠠᠭᠤᠯᠠ ᠶᠢᠨ ᠡᠩᠭᠡᠷ ᠲᠣ ᠵᠢᠷᠭᠤᠭᠠᠨ ᠰᠦᠮ᠎ᠡ ᠶᠢ ᠪᠠᠶᠢᠭᠤᠯᠵᠤ ᠪᠢᠯᠡ᠃ | ᠡᠳᠡᠭᠡᠷ ᠰᠦᠮ᠎ᠡ ᠬᠡᠶᠢᠳ ᠨᠢ ᠮᠤᠩᠭᠤᠯ ᠨᠤᠳᠤᠭ ᠲᠤ ᠱᠠᠰᠢᠨ ᠲᠡᠯᠭᠡᠷᠡᠭᠦᠯᠬᠦ ᠶᠢᠨ ᠲᠠᠭᠠᠣ ᠮᠤᠩᠭᠤᠯ ᠰᠣᠶᠤᠯ ᠤᠨ | ᠦᠯᠦᠭᠡᠢ ᠪᠤᠯᠵᠤ᠂ ᠦᠶ᠎ᠡ ᠦᠶ᠎ᠡ ᠶᠢᠨ ᠬᠦᠮᠦᠰ ᠢ ᠰᠣᠶᠤᠯᠵᠢᠭᠤᠯᠤᠨ ᠭᠡᠭᠡᠷᠡᠭᠦᠯᠵᠤ ᠪᠠᠶᠢᠪᠠ᠃ ᠡᠨᠡᠬᠦ ᠠᠯᠳᠠᠷ | ᠬᠦᠨᠳᠣᠳᠡᠢ ᠰᠣᠶᠤᠯᠳᠣ ᠡᠬᠡ ᠪᠠᠨ ᠮᠦᠩᠬᠡ ᠲᠣᠷᠠᠰᠴᠣ ᠶᠠᠪᠣᠬᠤ ᠶᠢᠨ ᠲᠦᠯᠦᠭᠡ᠂ᠮᠤᠩᠭᠤᠯ ᠤᠯᠤᠰ ᠤᠨ | ᠠᠯᠳᠠᠷᠳᠣ ᠢᠷᠠᠭᠤ ᠨᠠᠶᠢᠷᠠᠭᠴᠢ ᠭᠡ᠊ • ᠢᠰᠢᠬᠦᠣ ︽ᠴᠢᠩ ᠪᠢᠰᠢᠷᠡᠯᠳᠣ ᠲᠠᠶᠢᠬᠠᠯ ᠬᠠᠳᠣᠨ ᠡᠬᠡ︾ ᠭᠡᠬᠦ | ᠭᠠᠶᠢᠬᠠᠯᠳᠠᠢ ᠰᠢᠯᠦᠭ ᠢ ᠪᠦᠳᠦᠭᠡᠵᠤ᠂ ᠡᠨᠡᠬᠦ ᠨᠢᠭᠡᠨ ᠦᠶ᠎ᠡ ᠶᠢᠨ ᠰᠣᠣ ᠪᠢᠯᠢᠭᠳᠣ ᠬᠠᠳᠣᠨ ᠡᠬᠡ ᠶᠢᠨ ᠠᠷᠢᠭᠤᠬᠠᠨ | ᠵᠢᠳᠬᠦᠯ ᠢᠲ᠋ᠦ᠋ᠩᠨᠡᠭᠰᠡᠨ ᠪᠠᠶᠢᠨ᠎ᠠ᠃ | ︽ᠡᠬᠡ ᠬᠤᠩ ᠲᠠᠶᠢᠵᠢ ᠶᠢᠨ ᠪᠢᠰᠢᠷᠡᠯᠳᠣ ᠲᠠᠶᠢᠬᠠᠯ ᠡᠬᠡ \ ᠡᠷᠳᠡᠮ ᠤᠨ ᠲᠠᠯᠠᠢ ᠶᠢ ᠱᠦᠭᠦᠷᠳᠡᠭᠰᠡᠨ ᠣᠶᠤᠳᠠᠨ | ᠮᠥᠨᠪᠤᠶᠤ ᠡᠳᠦᠭᠡ ᠮᠢᠨᠤ ᠰᠢᠯᠦᠭ ᠲᠠᠬᠢ ᠰᠣᠶᠤᠨ ᠭᠡᠭᠡᠷᠡᠭᠰᠡᠨ ᠲᠡᠭᠦᠨ ᠢ ᠡᠬᠡ ᠣᠷᠤᠨᠴᠢ ᠬᠦᠤ ᠲᠠᠢ ᠨᠢ ᠠᠭᠠᠷ | ᠨᠢᠭᠡᠨ ᠦᠵᠡᠪᠡᠢ᠃ᠮᠡᠳᠡᠭᠰᠡᠨ ᠡᠷᠳᠡᠮ ᠢᠶᠠᠨ ᠲᠦᠭᠡᠭᠡᠬᠦ ᠪᠠᠷ ᠴᠠᠭᠠᠨ ᠬᠠᠷᠰᠢ ᠪᠠᠶᠢᠭᠤᠯᠪᠠ \ ᠮᠡᠷᠭᠡᠳ | ᠰᠡᠴᠡᠳ ᠤᠨ ᠰᠣᠳᠣᠷ ᠤᠳ ᠢ ᠤᠨᠲ᠋ᠠᠷᠠᠭᠠᠯᠠᠵᠤ ᠣᠷᠴᠢᠭᠤᠯᠪᠠ \ ᠰᠣᠶᠤᠯ ᠤᠨ ᠦᠷ᠎ᠡ ᠲᠠᠷᠢᠬᠤ ᠶᠢ ᠡᠬᠡ | ᠬᠦᠤ ᠡᠷᠡᠮᠡᠯᠵᠡᠪᠡ \ ᠰᠣᠯᠣᠩᠭᠠᠨ ᠣᠬᠠᠭᠠᠨᠰᠠᠴᠣᠷᠠᠭᠤᠯᠤᠨ ᠨᠢᠭᠡᠨ ᠦᠶ᠎ᠡ ᠴᠡᠴᠡᠭᠯᠡᠪᠡ \ ᠬᠠᠯᠬ᠎ᠠ ᠶᠢᠨ | ᠪᠢᠰᠢᠷᠡᠯᠳᠣ ᠬᠠᠳᠣᠨ ᠤ ᠬᠦᠰᠡᠯ ᠢᠶᠠᠨ ᠪᠡᠶᠡᠯᠡᠪᠡ \ ᠬᠠᠳᠣᠨᠲ᠋ᠣᠣᠯᠠ ᠶᠢᠨ ᠣᠷᠤᠰᠬᠠᠯ ᠰᠢᠭ᠋ ᠡᠬᠡ ᠶᠢᠨ | ᠰᠡᠳᠬᠢᠯ ᠮᠡᠯᠳᠡᠯᠵᠡᠪᠡ \ ᠬᠠᠩᠭᠠᠢ ᠬᠠᠨ ᠤ ᠠᠭᠤᠯᠠᠨ ᠳᠤ ᠣᠶᠠᠷᠠᠵᠤ ᠭᠠᠷᠣᠭᠰᠠᠨᠬᠤᠩ ᠲᠠᠶᠢᠵᠢ \ ᠬᠠᠯᠠᠭᠤᠳᠤ | ᠡᠭᠡᠴᠢ ᠪᠠᠨ ᠰᠠᠨᠠᠭᠠᠯᠵᠠᠨ ᠣᠶᠠᠩᠭ᠎ᠠ ᠶᠢᠨ ᠰᠢᠯᠦᠭ ᠲᠠᠳᠠᠯᠠᠪᠠ \ ᠪᠢᠯᠢᠭᠳᠣ ᠲᠠᠳᠡᠨ ᠤ ᠬᠦᠰᠡᠯ ᠢᠴᠠᠭ ᠤᠨ ᠰᠠᠯᠬᠢ | ᠠᠷᠴᠢᠪᠠ \ ᠪᠢᠴᠢᠭ ᠤᠨ ᠪᠦᠳᠦᠭᠡᠯ ᠨᠤᠮ ᠢ ᠨᠢ ᠣᠯᠠᠭᠠᠨ ᠲᠦᠢᠮᠡᠷ ᠢᠳᠡᠪᠡ \ ᠪᠢᠷ ᠶᠠᠨᠲᠠᠢ | ᠶᠠᠭᠤ ᠶᠢ ᠨᠢᠰᠢᠷᠠ ᠶᠢᠨ ᠱᠠᠰᠢᠨ ᠬᠤᠭᠤᠴᠢᠪᠠ \ ᠪᠡᠭᠡ ᠪᠠᠷ ᠴᠦ ᠲᠣᠳᠠᠭᠠ ᠦᠭᠡᠢ ᠲᠡᠳᠡ ᠴᠠᠭᠠᠨ ᠴᠠᠭᠠᠰᠣ ᠴᠦ | ᠦᠭᠡᠢ ᠦᠯᠡᠳᠡᠪᠡ \ᠴᠢᠩ ᠤᠨ ᠬᠠᠭᠠᠳ ᠤᠳ ᠮᠣᠩᠭᠤᠯ ᠢ ᠬᠠᠭᠠᠯᠤᠨ ᠪᠣᠳᠠᠯᠠᠵᠤ ᠡᠬᠢᠯᠡᠪᠡ \ ᠴᠢᠩᠭᠢᠰ ᠤᠨ | ᠣᠭᠰᠠᠭᠠᠳᠣ ᠨᠤᠶᠠᠳ ᠰᠠᠯᠤᠨ ᠪᠣᠳᠠᠷᠠᠵᠤᠣᠷᠪᠠᠪᠠ \ ᠲᠡᠭᠰᠢ ᠪᠣᠳᠤᠯᠭ᠎ᠠ ᠪᠠᠨ ᠠᠯᠳᠠᠭᠰᠠᠨ ᠳᠤ ᠲᠦᠷᠦ ᠣᠯᠤᠰ | ᠬᠢᠮᠤᠷᠠᠪᠠ \ ᠴᠢᠩ ᠲᠠᠶᠢᠬᠠᠯ ᠬᠠᠳᠣᠭᠳᠠᠨ ᠤ ᠰᠡᠳᠬᠢᠯᠰᠠᠨᠠᠭᠠ ᠦᠢᠮᠤᠷᠡᠪᠡ \ ᠬᠠᠯᠬ᠎ᠠ ᠶᠢᠨ ᠲᠤᠮᠤ ᠨᠤᠶᠠᠳ | ᠰᠢᠷ᠎ᠠ ᠶᠢᠨ ᠱᠠᠰᠢᠨ ᠳᠤ ᠣᠷᠤᠯᠳᠣᠪᠠ \ ᠬᠠᠷᠢ ᠶᠢᠨ ᠪᠣᠳᠤᠯᠭᠠᠬᠡᠷᠡᠭᠵᠢᠵᠤ ᠠᠶᠣᠯ ᠵᠠᠨᠤᠯ ᠦᠩᠭᠡᠯᠵᠡᠪᠡ \ | ᠠᠷᠪᠠᠨ ᠲᠤᠯᠤᠳᠠᠬᠢ ᠵᠠᠭᠤᠨ ᠳᠤ ᠰᠢᠷ᠎ᠠ ᠣᠯᠠᠭᠠᠨ ᠮᠦᠷᠭᠦᠯᠳᠦᠪᠡ \ ᠠᠮᠣᠷ ᠵᠠᠶᠠᠭᠠᠦᠵᠡᠭᠦᠯᠬᠦ ᠬᠠᠭᠠᠳ ᠨᠤᠶᠠᠳ | ᠰᠦᠷᠭᠡᠭᠦᠯᠳᠦᠪᠡ \ ᠠᠷᠣ ᠬᠠᠯᠬ᠎ᠠ ᠶᠢᠨ ᠴᠣᠭᠳᠣ ᠲᠠᠶᠢᠵᠢ ᠴᠠᠰᠣᠳᠣ ᠲᠦᠪᠡᠳ ᠢ ᠵᠣᠷᠢᠪᠡ \ᠠᠬᠠᠶᠢᠳᠠᠨ | ᠪᠢᠰᠢᠷᠡᠯᠳᠣ ᠬᠠᠳᠣᠨ ᠲᠠᠶᠢᠬᠠᠯ ᠤᠨ ᠠᠮᠢᠳᠣᠷᠠᠯ ᠲᠡᠮᠡᠴᠡᠯ ᠲᠡᠭᠦᠰᠪᠡ︾ ᠬᠡᠮᠡᠪᠡ᠃ | ᠠᠪᠠᠢ ᠬᠠᠳᠣᠨ | ᠠᠪᠠᠢ ᠬᠠᠳᠣᠨ ᠪᠤᠯ ᠲᠦᠷᠪᠡᠨ ᠦᠢᠷᠠᠳ ᠤᠨ ᠲᠡᠤᠬᠡᠨ ᠳᠤ ᠠᠯᠳᠠᠷᠳᠠᠢ ᠰᠣᠣ ᠪᠢᠯᠢᠭᠳᠣ ᠡᠮᠡᠭᠳᠡᠢ ᠶᠤᠮ᠃ | ᠲᠡᠷᠡ ᠪᠠᠷᠦᠢᠷᠠᠳᠴᠣᠳ ᠤᠨ ᠣᠮᠤᠭᠰᠢᠯ ᠪᠠᠭ᠋ᠠᠷᠬᠠᠯ ᠢ ᠲᠠᠳᠠᠭᠰᠠᠨ ︽ᠲᠠᠪᠣᠨ ᠪᠠᠷᠰ︾ ᠭᠡᠮᠡᠭᠳᠡᠭᠰᠡᠨ ᠲᠠᠪᠣᠨ | ᠬᠡᠤᠬᠡᠳ ᠢᠶᠠᠨ ᠲᠦᠷᠦᠭᠦᠯᠦᠨᠦᠰᠭᠡᠭᠰᠡᠨ ᠮᠦᠷᠳᠡᠭᠡᠨ ᠦᠢᠷᠠᠳ ᠡᠷᠡᠴᠣᠳ ᠤᠨ ᠬᠠᠳᠠᠭᠤ ᠰᠢᠨᠳᠠᠰᠣ᠂ ᠠᠷᠭ᠎ᠠ | ᠪᠣᠳᠣᠯᠭ᠎ᠠ᠂ ᠭᠠᠷᠮᠠᠭᠠᠢ ᠵᠤᠷᠢᠭ ᠰᠦᠯᠳᠡ ᠪᠠᠷᠬᠡᠤᠬᠡᠳ ᠢᠶᠠᠨ ᠬᠦᠮᠦᠵᠢᠭᠦᠯᠦᠭᠰᠡᠨ ᠪᠠᠭᠠᠳᠣᠷ ᠡᠬᠡ ᠶᠤᠮ᠃ ᠠᠪᠠᠢ | ᠬᠠᠳᠣᠨ ᠬᠡᠤᠬᠡᠳ ᠢᠶᠠᠨ ᠦᠭᠡᠯᠡᠢ ᠶᠡᠭᠡ ᠪᠤᠯᠳᠠᠯ᠎ᠠ ᠬᠤᠱᠣᠳᠠᠶᠢᠮᠠᠭ ᠢ ᠵᠠᠰᠠᠭᠯᠠᠨ ᠶᠠᠪᠤᠵᠤ᠂ ᠬᠤᠱᠤᠳ ᠠᠶᠢᠮᠠᠭ ᠤᠨ | ᠬᠦᠴᠦᠷᠬᠡᠭᠵᠢᠨ ᠮᠠᠨᠳᠣᠬᠤ ᠳᠤ ᠰᠠᠭᠤᠷᠢ ᠲᠠᠯᠪᠢᠵᠤ ᠦᠭᠭᠦᠭᠰᠡᠨᠪᠦ᠋ᠭᠡᠳ ᠬᠤᠱᠣᠳᠴᠣᠳ ᠤᠨ ᠲᠦᠷᠪᠡᠨ | ᠦᠢᠷᠠᠳ ᠤᠨ ᠴᠢᠭᠤᠯᠭᠠᠨ ᠳᠤ ᠲᠡᠷᠢᠭᠦᠯᠵᠤ ᠶᠠᠪᠤᠬᠤ ᠪᠠᠶᠢᠷᠢ ᠰᠠᠭᠤᠷᠢ ᠶᠢ ᠪᠠᠳᠣᠯᠠᠭᠰᠠᠨᠶᠤᠮ᠃ ᠠᠪᠠᠢ ᠬᠠᠳᠤᠨ ᠪᠤᠯ | ᠴᠣᠷᠣᠰ ᠠᠶᠢᠮᠠᠭ ᠤᠨ ᠰᠣᠷᠪᠤᠯᠵᠢᠳᠣ ᠭᠡᠷ ᠤᠨ ᠦᠬᠢᠨ ᠶᠤᠮ᠃ ᠲᠡᠷᠡ ᠬᠠᠨᠢ ᠨᠤᠶᠠᠨ ᠤ ᠭᠤᠤᠯ ᠬᠠᠳᠣᠨ ᠪᠠᠶᠢᠪᠠ᠃ | |