︽ᠴᠢᠩᠬᠢᠰ ᠬᠠᠭᠠᠨ ᠰᠢᠳᠦᠬᠡᠨ ᠤ ᠬᠡᠬᠡᠨ ᠲᠤᠯᠢ︾ ᠶᠢᠨ ᠮᠤᠩᠭᠤᠯ ᠬᠡᠪᠯᠡᠯ ᠳᠠᠷᠬᠠᠭᠠᠭᠳᠠᠪᠠ
ᠨᠡᠶᠢᠲᠡᠯᠡᠭᠰᠡᠨ ᠴᠠᠭ᠄
2017/9/14
     ᠤᠢᠢᠷ᠎ᠠ ᠶᠢᠨ ᠡᠳᠦᠷ᠂ ᠤᠷᠳᠤᠰ ᠲᠡᠦᠬᠡ ᠰᠤᠶᠤᠯ ᠤᠨ ᠲᠤᠰᠬᠠᠢ ᠮᠡᠷᠬᠡᠵᠢᠯᠳᠡᠨ ᠸᠠᠩᠴᠤᠭ ᠤᠨ ᠨᠠᠶᠢᠷᠠᠭᠤᠯᠤᠨ ᠪᠢᠴᠢᠵᠦ᠂ ᠴᠢᠩᠬᠢᠰ ᠬᠠᠭᠠᠨ ᠤ ᠰᠤᠳᠤᠯᠭᠠᠨ ᠤ ᠬᠦᠷᠢᠶᠡᠯᠡᠩ ᠠᠴᠠ ᠤᠷᠴᠢᠭᠤᠯᠤᠭᠰᠠᠨ ︽ᠴᠢᠩᠬᠢᠰ ᠬᠠᠭᠠᠨ ᠰᠢᠳᠦᠬᠡᠨ ᠤ ᠬᠡᠬᠡᠨ ᠲᠤᠯᠢ︾ ᠯᠢᠶᠤᠤᠨᠢᠩ ᠤᠨ ᠦᠨᠳᠦᠰᠦᠳᠡᠨ ᠤ ᠬᠡᠪᠯᠡᠯ ᠤᠨ ᠬᠤᠷᠢᠶ᠎ᠠ ᠠᠴᠠ ᠬᠡᠪᠯᠡᠭᠳᠡᠨ ᠲᠠᠷᠬᠠᠭᠠᠭᠳᠠᠪᠠ᠃      ︽ᠴᠢᠩᠬᠢᠰ ᠬᠠᠭᠠᠨ ᠰᠢᠳᠦᠬᠡᠨ ᠤ ᠬᠡᠬᠡᠨ ᠲᠤᠯᠢ︾ ᠪᠤᠯ ᠴᠢᠩᠬᠢᠰ ᠤᠨ ᠤᠩᠭᠤᠨ ᠢ ᠰᠠᠬᠢᠨ ᠬᠠᠮᠠᠭᠠᠯᠠᠵᠦ ᠲᠠᠶᠢᠯᠬ᠋᠎ᠠ ᠲᠠᠬᠢᠯᠭ᠎ᠠ ᠬᠦᠢᠴᠡᠳᠭᠡᠳᠡᠭ ᠲᠠᠷᠬᠠᠳᠴᠤᠳ ᠤᠨ ᠤᠯᠠᠮᠵᠢᠯᠠᠵᠦ ᠪᠠᠶᠢᠬ᠋᠎ᠠ ᠰᠤᠶᠤᠯ ᠤᠨ ᠦᠪ ᠵᠢᠴᠢ ᠤᠢᠢᠷ᠎ᠠ ᠶᠢᠨ ᠵᠢᠯ ᠤᠨ ᠴᠢᠩᠬᠢᠰ ᠬᠠᠭᠠᠨ ᠤ ᠰᠤᠳᠤᠯᠭᠠᠨ ᠤ ᠬᠦᠷᠢᠶᠡᠯᠡᠩ ᠤᠨ ᠴᠢᠩᠬᠢᠰ ᠬᠠᠭᠠᠨ ᠰᠢᠳᠦᠬᠡᠨ ᠤ ᠰᠤᠶᠤᠯ ᠰᠤᠳᠤᠯᠭᠠᠨ ᠤ ᠦᠷ᠎ᠠ ᠪᠦᠳᠦᠬᠡᠯ ᠢ ᠬᠦᠢᠴᠡᠳ ᠠᠰᠢᠬᠯᠠᠵᠦ᠂ 1530 ᠭᠠᠷᠤᠢ ᠵᠦᠢᠯ ᠤᠨ ᠲᠠᠶᠢᠯᠪᠤᠷᠢᠯᠠᠯ ᠪᠠ 1500 ᠭᠠᠷᠤᠢ ᠬᠠᠮᠢᠶ᠎ᠠ ᠪᠦᠬᠦᠢ ᠵᠢᠷᠤᠭ ᠢ ᠰᠤᠩᠭᠤᠨ ᠤᠷᠤᠭᠤᠯᠬᠤ ᠶᠢᠨ ᠬᠠᠮᠳᠤ ᠴᠢᠩᠬᠢᠰ ᠬᠠᠭᠠᠨ ᠰᠢᠳᠦᠬᠡᠨ ᠤ ᠲᠤᠮᠤ ᠬᠡᠷᠡᠭ ᠶᠡᠪᠤᠳᠠᠯ ᠤᠨ ᠲᠡᠮᠳᠡᠭᠯᠡᠯ ᠵᠡᠷᠬᠡ ᠠᠭᠤᠯᠬ᠋᠎ᠠ ᠶᠢ ᠲᠠᠭᠠᠯᠳᠤᠭᠤᠯᠤᠭᠰᠠᠨ ᠵᠠᠭᠤᠨ ᠲᠦᠮᠡ ᠰᠢᠬᠠᠮ ᠦᠰᠦᠭ ᠤᠨ ᠪᠦᠳᠦᠬᠡᠯ ᠪᠤᠯᠤᠨ᠎ᠠ᠃ ᠲᠡᠭᠡᠳᠦ ᠲᠤᠤᠷᠠᠳᠤ ᠬᠤᠶᠠᠷ ᠪᠦᠯᠦᠭ᠂ ᠠᠷᠪᠠᠨ ᠲᠦᠷᠪᠡᠨ ᠬᠡᠰᠡᠭ ᠲᠠᠢ᠂ ᠡᠬᠦᠨ ᠳᠤ ᠴᠢᠩᠬᠢᠰ ᠬᠠᠭᠠᠨ ᠪᠤᠯᠤᠨ ᠲᠡᠦᠬᠡᠳᠤ ᠬᠦᠮᠦᠰ᠂ ᠴᠢᠩᠬᠢᠰ ᠬᠠᠭᠠᠨ ᠰᠢᠳᠦᠬᠡᠨ᠂ ᠴᠢᠩᠬᠢᠰ ᠬᠠᠭᠠᠨ ᠰᠢᠳᠦᠬᠡᠨ ᠤ ᠬᠠᠨ᠎ᠠ ᠶᠢᠨ ᠵᠢᠷᠤᠭ᠂ ᠴᠢᠩᠬᠢᠰ ᠬᠠᠭᠠᠨ ᠤ ᠨᠠᠶ᠋ᠮᠠᠨ ᠴᠠᠭᠠᠨ ᠤᠷᠳᠤ᠂ ᠴᠢᠩᠬᠢᠰ ᠬᠠᠭᠠᠨ ᠤ ᠰᠦᠯᠳᠡ᠂ ᠴᠢᠩᠬᠢᠰ ᠬᠠᠭᠠᠨ ᠤ ᠲᠠᠶᠢᠯᠬ᠋᠎ᠠ ᠲᠠᠬᠢᠯᠭ᠎ᠠ᠂ ᠴᠢᠩᠬᠢᠰ ᠬᠠᠭᠠᠨ ᠤ ᠲᠠᠶᠢᠯᠭ᠎ᠠ ᠲᠠᠬᠢᠯᠭ᠎ᠠ ᠶᠢᠨ ᠦᠴᠢᠭ ᠢᠷᠤᠬᠡᠯ᠂ ᠴᠢᠩᠬᠢᠰ ᠬᠠᠭᠠᠨ ᠤ ᠲᠠᠶᠢᠯᠭ᠎ᠠ ᠲᠠᠬᠢᠯᠭ᠎ᠠ ᠶᠢᠨ ᠵᠠᠩ ᠦᠢᠯᠡ᠂ ᠴᠢᠩᠬᠢᠰ ᠬᠠᠭᠠᠨ ᠤ ᠤᠩᠭᠤᠨ ᠢ ᠪᠠᠷᠠᠭᠤᠨᠰᠢ ᠨᠡᠬᠦᠯᠬᠡᠭᠰᠡᠨ ᠵᠢᠴᠢ ᠡᠬᠡᠬᠦᠯᠦᠨ ᠠᠪᠴᠢᠷᠠᠭᠰᠠᠨ᠂ ᠴᠢᠩᠬᠢᠰ ᠬᠠᠭᠠᠨ ᠢ ᠲᠤᠷᠠᠰᠬᠠᠬᠤ ᠠᠵᠢᠯᠯᠠᠬ᠋᠎ᠠ ᠵᠢᠴᠢ ᠰᠤᠷᠪᠤᠯᠵᠢ ᠪᠢᠴᠢᠭ᠂ ᠴᠢᠩᠬᠢᠰ ᠬᠠᠭᠠᠨ ᠤ ᠤᠩᠭᠤᠨ ᠤ ᠵᠢᠭᠤᠯᠴᠢᠯᠠᠯ ᠤᠨ ᠪᠦᠰᠡ᠂ ᠲᠠᠷᠬᠠᠳᠴᠤᠳ᠂ ᠲᠠᠷᠬᠠᠳᠴᠤᠳ ᠤᠨ ᠵᠠᠩ ᠦᠢᠯᠡ᠂ ᠲᠠᠷᠬᠠᠳ ᠤᠨ ᠢᠷᠬᠡᠳ ᠤᠨ ᠰᠤᠶᠤᠯ ᠵᠢᠴᠢ ᠤᠷᠤᠰᠢᠯ᠂ ᠲᠠᠭᠠᠯᠳᠤᠭᠤᠯᠤᠯ ︵ᠴᠢᠩᠬᠢᠰ ᠬᠠᠭᠠᠨ ᠤ ᠤᠩᠭᠤᠨ ᠤ ᠲᠤᠬᠠᠢ ᠲᠤᠮᠤ ᠬᠡᠷᠡᠭ ᠶᠠᠪᠤᠳᠠᠯ︶᠂ ᠬᠤᠶᠢᠨᠠᠬᠢ ᠦᠬᠡ ᠵᠡᠷᠬᠡ ᠠᠭᠤᠯᠬ᠋᠎ᠠ ᠶᠢ ᠪᠠᠭᠳᠠᠭᠠᠵᠦ ᠪᠤᠢ᠃      ᠲᠤᠰ ᠲᠤᠯᠢ ᠪᠢᠴᠢᠭ ᠪᠤᠯ ᠵᠢᠷᠤᠭ ᠰᠡᠬᠦᠳᠡᠷ ᠪᠠ ᠦᠰᠦᠭ ᠪᠢᠴᠢᠭ ᠢ ᠬᠠᠪᠰᠤᠷᠭᠠᠭᠰᠠᠨ ᠬᠡᠯᠪᠡᠷᠢ ᠪᠠᠷ ᠴᠢᠩᠬᠢᠰ ᠬᠠᠭᠠᠨ ᠰᠢᠳᠦᠬᠡᠨ ᠤ ᠨᠢᠭᠤᠴᠠᠭᠠᠢ ᠲᠡᠦᠬᠡ ᠰᠤᠶᠤᠯ ᠢ ᠢᠯᠡᠷᠡᠬᠦᠯᠦᠭᠰᠡᠨ ᠮᠡᠳᠡᠯᠬᠡᠳᠦ ᠴᠢᠨᠠᠷᠳᠡᠢ᠂ ᠶᠡᠷᠤᠩᠬᠡᠶᠢᠯᠡᠭᠰᠡᠨ ᠴᠢᠨᠠᠷᠳᠡᠢ ᠲᠤᠮᠤ ᠬᠡᠯᠪᠡᠷᠢ ᠶᠢᠨ ᠨᠡᠪᠳᠡᠷᠬᠡᠢ ᠲᠤᠯᠢ ᠪᠤᠯᠬᠤ ᠶᠤᠮ᠃ ᠴᠢᠩᠬᠢᠰ ᠬᠠᠭᠠᠨ ᠰᠢᠳᠦᠬᠡᠨ ᠤ ᠰᠤᠶᠤᠯ ᠢ ᠤᠢᠢᠯᠠᠭᠠᠬᠤ᠂ ᠬᠠᠮᠠᠭᠠᠯᠠᠬᠤ᠂ ᠰᠤᠳᠤᠯᠬᠤ᠂ ᠤᠯᠠᠮᠵᠢᠯᠠᠬᠤ ᠪᠠ ᠮᠤᠩᠭᠤᠯ ᠦᠨᠳᠦᠰᠦᠳᠡᠨ ᠤ ᠤᠯᠠᠮᠵᠢᠯᠠᠯᠳᠤ ᠰᠤᠶᠤᠯ ᠢ ᠰᠤᠳᠤᠯᠬᠤ ᠶᠢ ᠠᠬᠢᠭᠤᠯᠵᠦ᠂ ᠦᠨᠳᠦᠰᠦᠳᠡᠨ ᠤ ᠰᠢᠯᠢᠳᠡᠭ ᠰᠤᠶᠤᠯ ᠢ ᠪᠠᠳᠠᠷᠠᠭᠤᠯᠬᠤ ᠳᠤ ᠴᠢᠬᠤᠯᠠ ᠦᠢᠯᠡᠳᠤᠯ ᠦᠵᠡᠬᠦᠯᠬᠦ ᠪᠤᠯᠤᠨ᠋᠎ᠠ᠃      ︽ᠴᠢᠩᠬᠢᠰ ᠬᠠᠭᠠᠨ ᠰᠢᠳᠦᠬᠡᠨ ᠤ ᠬᠡᠬᠡᠨ ᠲᠤᠯᠢ︾ ᠶᠢᠨ ᠬᠢᠳᠡᠳ ᠬᠡᠪᠯᠡᠯ ᠢ 2016 ᠤᠨ ᠳᠤ ᠦᠪᠤᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠠᠴᠠ ᠬᠡᠪᠯᠡᠬᠦᠯᠦᠭᠰᠡᠨ ᠶᠤᠮ᠃
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ