ᠬᠠᠤᠯᠢ ᠴᠠᠭᠠᠵᠠ ᠶᠢᠨ ᠲᠣᠪᠴᠢᠶ᠎ᠠ

2015-12-04 / ᠬᠦᠬᠡᠬᠣᠲᠠ


ᠬᠠᠤᠯᠢ ᠴᠠᠭᠠᠵᠠ ᠶᠢᠨ ᠲᠣᠪᠴᠢᠶ᠎ᠠ ᠨᠢᠭᠡ ᠂ ᠡᠭᠦᠷᠭᠡ ᠬᠠᠷᠢᠭᠤᠴᠠᠯᠭ᠎ᠠ (1) ᠤᠯᠤᠰ ᠥᠪᠡᠷᠳᠡᠭᠡᠨ ᠵᠠᠰᠠᠬᠤ ᠣᠷᠣᠨ ᠤ ᠬᠠᠮᠢᠶ᠎ᠠ ᠪᠥᠬᠦᠢ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠴᠢᠭᠯᠡᠯᠲᠡ᠂ ᠲᠦᠷᠦ ᠶᠢᠨ ᠪᠣᠳᠤᠯᠭ᠎ᠠ ᠂ ᠬᠠᠤᠯᠢ ᠴᠠᠭᠠᠵᠠ ᠪᠠ ᠬᠠᠤᠯᠢ ᠳᠥᠷᠢᠮ ᠶᠢ ᠲᠤᠤᠱᠠᠯᠠᠭᠤᠯᠠᠨ ᠬᠡᠷᠡᠭᠵᠢᠭᠦᠯᠡᠵᠦ᠂ ᠬᠥᠬᠡᠬᠣᠲᠠ ᠶᠢᠨ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠠᠵᠢᠯ ᠤᠨ ᠲᠦᠷᠦ ᠶᠢᠨ ᠪᠣᠳᠤᠯᠭ᠎ᠠ ᠂ ᠳᠥᠷᠢᠮ ᠲᠣᠭᠲᠠᠭᠠᠯ ᠶᠢ ᠰᠤᠳᠤᠯᠤᠨ ᠲᠣᠭᠲᠠᠭᠠᠵᠤ ᠂ ᠬᠣᠲᠠ ᠶᠢᠨ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠠᠵᠢᠯ ᠤᠨ ᠳᠤᠮᠳᠠᠬᠢ ᠤᠷᠲᠤ ᠬᠤᠭᠤᠴᠠᠭᠠᠨ ᠤ ᠲᠥᠯᠥᠪᠯᠡᠭᠡ ᠪᠣᠯᠤᠨ ᠨᠢᠭᠡ ᠵᠢᠯ ᠤᠨ ᠲᠥᠯᠥᠪᠵᠢᠭᠦᠯᠭᠡ ᠨᠠᠶᠢᠷᠠᠭᠤᠯᠤᠨ ᠵᠣᠬᠢᠶᠠᠵᠤ᠂ ᠬᠢᠨᠠᠨ ᠪᠠᠶᠢᠴᠠᠭᠠᠬᠤ ᠶᠢ ᠬᠡᠷᠡᠭᠵᠢᠭᠦᠯᠦᠨ᠎ᠠ᠃ (2) ᠪᠥᠬᠦ ᠬᠣᠲᠠ ᠶᠢᠨ ᠬᠠᠤᠯᠢ ᠳᠥᠷᠢᠮ ᠤᠨ ᠤᠬᠠᠭᠤᠯᠭ᠎ᠠ ᠪᠣᠯᠤᠨ ᠬᠠᠤᠯᠢ ᠴᠠᠭᠠᠵᠠ ᠶᠢᠨ ᠶᠡᠷᠦ ᠶᠢᠨ ᠮᠡᠳᠡᠯᠭᠡ ᠶᠢ ᠲᠥᠭᠡᠮᠡᠯᠵᠢᠭᠦᠯᠬᠦ ᠲᠥᠯᠥᠪᠯᠡᠭᠡ ᠶᠢ ᠪᠥᠲᠥᠭᠡᠨ ᠪᠠᠶᠢᠭᠤᠯᠬᠤ ᠪᠠ ᠬᠢᠨᠠᠨ ᠪᠠᠶᠢᠴᠠᠭᠠᠬᠤ ᠶᠢ ᠬᠡᠷᠡᠭᠵᠢᠭᠦᠯᠬᠦ ᠢ ᠲᠣᠭᠲᠠᠭᠠᠵᠤ᠂ ᠪᠥᠬᠦ ᠬᠣᠲᠠ ᠶᠢᠨ ᠬᠠᠤᠯᠢ  ᠪᠠᠷ ᠵᠠᠰᠠᠬᠤ ᠠᠵᠢᠯ ᠢ ᠵᠢᠯᠣᠭᠣᠳᠤᠨ᠎ᠠ᠃ ᠬᠣᠶᠠᠷ ᠂ ᠪᠠᠶᠢᠭᠤᠯᠤᠮᠵᠢ ᠶᠢᠨ ᠪᠠᠶᠢᠷᠢᠯᠠᠭᠤᠯᠤᠯᠲᠠ (1)ᠠᠯᠪᠠᠨ ᠭᠡᠷ:ᠪᠥᠬᠦ ᠬᠣᠲᠠ ᠶᠢᠨ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠠᠵᠢᠯ ᠤᠨ ᠣᠨ ᠤ ᠲᠥᠯᠥᠪᠯᠡᠭᠡ ᠪᠠ ᠳᠤᠮᠳᠠ᠂ ᠤᠷᠲᠤ ᠬᠤᠭᠤᠴᠠᠭᠠᠨ ᠤ ᠬᠥᠭᠵᠢᠭᠦᠯᠦᠯᠲᠡ ᠳᠥᠰᠥᠯ ᠢ ᠰᠤᠳᠤᠯᠤᠨ ᠲᠣᠭᠲᠠᠭᠠᠵᠤ᠂ ᠪᠠᠶᠢᠭᠤᠯᠭ᠎ᠠ ᠨᠢᠭᠡᠴᠡ ᠶᠢᠨ ᠳᠠᠷᠤᠭ᠎ᠠ ᠶᠢᠨ ᠡᠳᠤᠷ ᠳᠣᠲᠤᠮ ᠤᠨ ᠠᠵᠢᠯ ᠢ ᠬᠠᠪᠰᠦᠷᠤᠨ ᠰᠢᠢᠳᠪᠦᠷᠢᠯᠡᠵᠦ᠂ ᠪᠠᠶᠢᠭᠤᠯᠭ᠎ᠠ ᠨᠢᠭᠡᠴᠡ ᠶᠢᠨ ᠵᠠᠰᠠᠭ ᠤᠨ ᠶᠠᠪᠤᠳᠠᠯ ᠢ ᠳᠣᠬᠢᠷᠠᠭᠤᠯᠵᠤ᠂ ᠬᠤᠷᠠᠯ ᠢ ᠵᠣᠬᠢᠶᠠᠨ ᠪᠠᠶᠢᠭᠤᠯᠬᠤ ᠂ ᠪᠢᠴᠢᠭ ᠮᠠᠲ᠋ᠸᠷᠢᠶᠠᠯ ᠤᠨ ᠡᠬᠡ ᠨᠣᠣᠷᠠᠭ ᠪᠠ ᠪᠠᠶᠢᠭᠤᠯᠭ᠎ᠠ ᠨᠢᠭᠡᠴᠡ ᠶᠢᠨ ᠪᠢᠴᠢᠭ ᠮᠠᠲ᠋ᠸᠷᠢᠶᠠᠯ᠂ ᠬᠢᠨᠠᠨ ᠪᠠᠶᠢᠴᠠᠭᠠᠬᠤ᠂ ᠳᠠᠩᠰᠠ ᠡᠪᠬᠡᠮᠡᠯ᠂ ᠨᠢᠭᠤᠴᠠ ᠮᠠᠲ᠋ᠸᠷᠢᠶᠠᠯ᠂ ᠮᠡᠳᠡᠭᠡ ᠵᠠᠩᠭᠢ᠂ ᠲᠠᠰᠤ ᠨᠢᠭᠤᠴᠠ᠂ ᠪᠠᠳᠤᠯᠡᠨ ᠬᠠᠮᠠᠭᠠᠯᠠᠯᠲᠠ᠂ ᠠᠷᠤ ᠲᠠᠯ᠎ᠠ ᠶᠢᠨ ᠠᠵᠢᠯ ᠵᠡᠷᠬᠡ ᠠᠵᠢᠯ ᠬᠠᠷᠢᠭᠤᠴᠠᠨ ᠬᠢᠵᠤ᠂ ᠪᠠᠶᠢᠭᠤᠯᠭ᠎ᠠ ᠪᠠ ᠬᠠᠮᠢᠶ᠎ᠠ ᠪᠥᠬᠦᠢ ᠪᠠᠶᠢᠭᠤᠯᠭ᠎ᠠ ᠨᠢᠭᠡᠴᠡ ᠶᠢᠨ ᠵᠠᠰᠠᠭ ᠵᠠᠬᠢᠷᠭᠠᠨ ᠤ ᠵᠠᠷᠤᠳᠠᠯ ᠢ ᠤᠷᠢᠳᠴᠢᠯᠠᠨ ᠳ᠋ᠦᠩᠨᠡᠨ ᠪᠣᠳᠣᠬᠤ ᠪᠠ ᠲᠤᠰᠠᠬᠠᠢ ᠵᠠᠷᠤᠳᠠᠯ  ᠢ ᠲᠣᠭᠠᠴᠢᠨ ᠨᠠᠶᠢᠷᠠᠭᠤᠯᠵᠤ᠂ ᠬᠢᠨᠠᠯᠲᠠ ᠲᠠᠯᠪᠢᠬᠤ ᠲᠣᠪᠴᠢᠶᠠᠨ ᠤ ᠤᠷᠢᠳᠴᠢᠯᠠᠨ ᠪᠣᠳᠣᠭᠰᠠᠨ ᠳᠣᠲᠣᠷᠠᠬᠢ᠂ ᠤᠷᠢᠳᠴᠢᠯᠡᠨ ᠪᠣᠳᠣᠭᠰᠠᠨ  ᠡᠴᠡ ᠭᠠᠳᠠᠨᠠᠬᠢ ᠰᠦᠢᠳᠬᠡᠯ ᠪᠠ ᠤᠯᠤᠰ ᠤᠨ ᠥᠮᠴᠢᠯᠡᠯᠲᠤ ᠬᠥᠷᠦᠩᠭᠡ ᠬᠠᠮᠢᠶᠠᠷᠬᠤ᠂ ᠪᠥᠬᠦ ᠬᠣᠲᠠ ᠶᠢᠨ ᠬᠥᠳᠡᠯᠮᠥᠷᠢ ᠰᠤᠷᠭᠠᠨ ᠬᠥᠮᠥᠵᠢᠯ ᠤᠨ ᠰᠢᠰᠲ᠋ᠸᠮ ᠤᠨ ᠡᠳ᠋ ᠶᠢᠨ ᠵᠠᠰᠠᠭ ᠤᠨ ᠵᠣᠭᠣᠰ ᠰᠠᠯᠭᠠᠬᠤ᠂ ᠪᠡᠯᠡ ᠣᠷᠣᠭᠤᠯᠤᠯᠲᠠ ᠶᠢᠨ ᠪᠠᠲᠤᠯᠪᠤᠷᠢ ᠶᠢ ᠡᠵᠡᠮᠳᠡᠵᠤ᠂ ᠴᠠᠭᠳᠠᠭ᠎ᠠ ᠤ ᠮᠠᠰᠢᠨ ᠲᠡᠷᠭᠡ ᠡᠳ᠋ ᠪᠣᠳᠠᠰ ᠢ ᠬᠠᠮᠢᠶᠠᠷᠤᠵᠤ᠂ ᠬᠠᠤᠯᠢ ᠴᠭᠠᠵᠠ ᠵᠠᠰᠠᠭ ᠵᠠᠬᠢᠷᠭᠠᠨ ᠤ ᠰᠢᠰᠲ᠋ᠸᠮ ᠢ ᠬᠠᠮᠢᠶᠠᠷᠤᠨ᠂ ᠳᠤᠲᠤᠭᠠᠳᠤ ᠶᠢᠨ ᠬᠢᠨᠠᠨ ᠪᠣᠳᠤᠵᠤ ᠬᠢᠨᠠᠯᠲᠠ ᠲᠠᠯᠪᠢᠬᠤ ᠠᠵᠢᠯ ᠢ ᠬᠠᠷᠢᠭᠤᠴᠠᠨ᠎ᠠ᠃ ᠠᠵᠢᠯᠯᠬᠤ ᠭᠠᠵᠠᠷ:ᠬᠥᠬᠡᠬᠣᠲᠠ ᠶᠢᠨ ᠰᠢᠨ᠎ᠡ ᠬᠣᠲᠠ ᠶᠢᠨ ᠲᠣᠭᠣᠷᠢᠭ ᠭᠤᠸᠠᠩ ᠬᠤᠸᠠ ᠵᠡᠭᠡᠯᠢ ᠭᠠᠳᠠᠭᠠᠳᠤ ᠠᠷᠠᠯᠵᠢᠶᠠᠨ ᠤ ᠭᠣᠳᠤᠮᠵᠢ 2 ᠳ᠋ᠤᠭᠠᠷ ᠬᠠᠷᠢᠯᠴᠠᠬᠤ ᠤᠲᠠᠰᠤ:0471-4978677 4971977