ᠠᠷᠠᠳ ᠤᠨ ᠶᠠᠪᠤᠳᠠᠯ ᠤᠨ ᠲᠣᠪᠴᠢᠶ᠎ᠠ

2015-12-04 / ᠬᠦᠬᠡᠬᠣᠲᠠ


ᠠᠷᠠᠳ  ᠤᠨ ᠶᠠᠪᠣᠳᠠᠯ  ᠤᠨ ᠲᠣᠪᠴᠢᠶ᠎ᠠ 1 ᠂ ᠭᠣᠣᠯ ᠬᠠᠷᠢᠭᠣᠴᠠᠯᠭ᠎ᠠ ︵ ᠨᠢᠭᠡ ︶ ᠂ ᠣᠯᠣᠰ ᠪᠠ ᠦᠪᠡᠷᠲᠡᠭᠡᠨ ᠵᠠᠰᠠᠬᠣ ᠣᠷᠣᠨ  ᠤ ᠠᠷᠠᠳ  ᠤᠨ ᠶᠠᠪᠣᠳᠠᠯ  ᠤᠨ ᠠᠵᠢᠯ  ᠤᠨ ᠬᠣᠯᠪᠣᠭᠳᠠᠯ ᠪᠦᠬᠦᠢ ᠴᠢᠭᠯᠡᠯᠲᠡ ᠂ ᠲᠦᠷᠦ  ᠶᠢᠨ ᠪᠣᠳᠣᠯᠭ᠎ᠠ ᠪᠠ ᠬᠠᠣᠯᠢ ᠴᠠᠭᠠᠵᠠ ᠂ ᠬᠠᠣᠯᠢ ᠲᠣᠭᠳᠠᠭᠠᠯ  ᠢ ᠲᠣᠣᠱᠯᠠᠭᠣᠯᠣᠨ ᠨᠠᠶᠢᠳᠠᠪᠣᠷᠢᠵᠢᠭᠣᠯᠵᠦ ᠂ ᠪᠦᠬᠦ ᠬᠣᠲᠠ  ᠶᠢᠨ ᠠᠷᠠᠳ  ᠤᠨ ᠶᠠᠪᠣᠳᠠᠯ  ᠤᠨ ᠦᠢᠯᠡᠰ  ᠢ ᠭᠦᠭᠵᠢᠭᠦᠯᠬᠦ ᠲᠦᠯᠣᠪᠵᠢᠭᠦᠯᠭᠡ ᠪᠡ ᠬᠣᠯᠪᠣᠭᠳᠠᠯ ᠪᠦᠬᠦᠢ ᠲᠦᠷᠦ  ᠶᠢᠨ ᠪᠣᠳᠣᠯᠭ᠎ᠠ  ᠶᠢ ᠲᠣᠭᠳᠠᠭᠠᠵᠦ ᠂ ᠣᠷᠣᠨ ᠨᠣᠳᠣᠭ  ᠤᠨ ᠴᠢᠨᠠᠷᠲᠠᠢ ᠬᠣᠯᠪᠣᠭᠳᠠᠯ ᠪᠦᠬᠦᠢ ᠬᠠᠣᠯᠢ ᠲᠣᠭᠳᠠᠭᠠᠯ ᠂ ᠲᠦᠷᠢᠮ ᠲᠣᠭᠳᠠᠭᠠᠯ  ᠤᠨ ᠨᠣᠣᠷᠠᠭᠯᠠᠵᠦ ᠂ ᠵᠣᠬᠢᠶᠠᠨ ᠪᠠᠶᠢᠭᠣᠯᠣᠨ ᠭᠡᠷᠡᠭᠵᠢᠬᠦᠯᠬᠦ ᠪᠡ ᠬᠢᠨᠠᠯᠲᠠ ᠲᠠᠯᠪᠢᠨ ᠪᠠᠶᠢᠴᠠᠭᠠᠬᠣ  ᠶᠢ ᠭᠡᠷᠡᠭᠵᠢᠭᠦᠯᠣᠨ᠎ᠡ ᠃ ︵ ᠬᠣᠶᠠᠷ ︶ ᠂ ᠪᠦᠬᠦ ᠬᠣᠲᠠ  ᠶᠢᠨ ᠣᠯᠠᠨ ᠨᠡᠶᠢᠲᠡ  ᠶᠢᠨ ᠪᠠᠶᠢᠭᠣᠯᠭ᠎ᠠ ᠪᠠ ᠨᠠᠶᠢᠳᠠᠯᠭ᠎ᠠ  ᠪᠠᠷ ᠣᠷᠣᠯᠣᠨ ᠬᠠᠮᠢᠶᠠᠷᠴᠦ ᠪᠠᠶᠢᠭ᠎ᠠ ᠪᠦᠬᠦ ᠣᠷᠣᠨ  ᠤ ᠴᠢᠨᠠᠷᠲᠠᠢ ᠨᠡᠶᠢᠭᠡᠮ  ᠤᠨ ᠪᠦᠯᠬᠦᠮ  ᠤᠨ ᠬᠣᠪᠢᠶᠠᠷᠢ ᠪᠠᠶᠢᠭᠣᠯᠣᠮᠵᠢ ᠂ ᠠᠷᠠᠳ  ᠠᠴᠠ ᠡᠷᠬᠢᠯᠡᠭᠰᠡᠨ ᠠᠵᠦ ᠠᠬᠣᠶᠢᠯᠠᠯ  ᠤᠨ ᠪᠣᠰᠦ ᠨᠢᠭᠡᠴᠨ  ᠶᠢ ᠲᠠᠩᠰᠠᠯᠠᠨ ᠬᠠᠮᠢᠶᠠᠷᠬᠣ ᠪᠠ ᠬᠢᠨᠠᠨ ᠪᠠᠶᠢᠴᠠᠭᠠᠬᠣ ᠬᠠᠷᠢᠭᠣᠴᠠᠯᠭ᠎ᠠ  ᠶᠢ ᠭᠡᠷᠡᠭᠵᠢᠭᠦᠯᠣᠨ᠎ᠡ ᠃ ︵ ᠭᠣᠷᠪᠠ ︶ ᠂ ᠣᠯᠣᠰ  ᠤᠨ ᠬᠠᠷᠠᠭᠠᠯᠵᠢᠯᠠᠯ  ᠤᠨ ᠲᠦᠷᠦ  ᠶᠢᠨ ᠪᠣᠳᠣᠯᠭ᠎ᠠ  ᠶᠢ ᠲᠣᠣᠱᠯᠠᠭᠣᠯᠣᠨ ᠭᠡᠷᠡᠭᠵᠢᠭᠦᠯᠵᠦ ᠂ ᠡᠯ᠎ᠡ ᠲᠦᠷᠣᠯ  ᠤᠨ ᠬᠠᠷᠠᠭᠠᠯᠵᠠᠬᠣ ᠡᠳᠡᠭᠡᠳ  ᠤᠨ ᠬᠠᠷᠠᠭᠠᠯᠵᠢᠯᠠᠯ ᠂ ᠠᠰᠠᠷᠠᠮᠵᠢ ᠂ ᠨᠦᠬᠦᠪᠦᠷᠢ ᠪᠠ ᠣᠯᠣᠰ  ᠤᠨ ᠪᠠᠶᠢᠭᠣᠯᠭ᠎ᠠ  ᠶᠢᠨ ᠠᠵᠢᠯᠲᠠᠨ  ᠤ ᠦᠭᠦᠯ ᠰᠢᠷᠬᠠᠳᠣᠯ  ᠤᠨ ᠠᠰᠠᠷᠠᠮᠵᠢ ᠠᠵᠢᠯ  ᠢ ᠬᠠᠷᠢᠭᠣᠴᠠᠨ᠎ᠠ ᠃ ᠪᠠᠭᠠᠳᠣᠷᠴᠣᠣᠨ  ᠢ ᠰᠠᠶᠢᠰᠢᠶᠠᠨ ᠭᠦᠬᠢᠭᠦᠯᠬᠦ ᠠᠵᠢᠯ  ᠢ ᠬᠠᠷᠢᠭᠣᠴᠠᠵᠦ ᠂ ᠴᠢᠷᠢᠭ  ᠢᠶᠠᠨ ᠬᠦᠷᠢᠶᠡᠯᠡᠬᠦ ᠰᠢᠯᠢᠳᠡᠭ ᠭᠡᠷ ᠪᠦᠯᠢ  ᠶᠢ ᠵᠣᠬᠢᠶᠠᠨ ᠪᠠᠶᠢᠭᠣᠯᠣᠨ ᠵᠢᠯᠣᠭᠣᠳᠴᠦ ᠬᠣᠲᠠ  ᠶᠢᠨ ᠴᠢᠷᠢᠭ  ᠢᠶᠠᠨ ᠭᠦᠷᠢᠶᠡᠯᠡᠬᠦ ᠰᠢᠯᠢᠳᠡᠭ ᠭᠡᠷ ᠪᠦᠯᠢ ᠂ ᠵᠠᠰᠠᠭ  ᠢᠶᠠᠨ ᠭᠦᠷᠢᠶᠡᠯᠡᠬᠦ ᠠᠷᠠᠳ  ᠢᠶᠠᠨ ᠬᠠᠶᠢᠷᠠᠯᠠᠬᠣ ᠠᠵᠢᠯ  ᠤᠨ ᠣᠳᠣᠷᠢᠳᠬᠣ ᠲᠣᠭᠣᠶᠢᠯᠠᠩ  ᠤᠨ ᠡᠳᠣᠷ ᠲᠣᠳᠣᠮ  ᠤᠨ ᠠᠵᠢᠯ  ᠢ ᠬᠠᠷᠢᠭᠣᠴᠠᠨ᠎ᠠ ᠃ ︵ ᠲᠦᠷᠪᠡ ︶ ᠂ ᠪᠦᠬᠦ ᠬᠣᠲᠠ  ᠶᠢᠨ ᠴᠢᠷᠢᠭ  ᠤᠨ ᠠᠯᠪᠠᠨ  ᠠᠴᠠ ᠪᠠᠭᠣᠭᠰᠠᠳ ᠂ ᠴᠢᠷᠢᠭ ᠠᠩᠭᠢ  ᠤᠨ ᠴᠢᠷᠢᠭ  ᠠᠴᠠ ᠪᠠᠭᠣᠭᠰᠠᠨ ᠺᠠᠳᠠᠷ ᠂ ᠣᠷᠣᠨ ᠨᠣᠳᠣᠭ  ᠤᠨ ᠵᠠᠰᠠᠭ  ᠤᠨ ᠣᠷᠳᠣᠨ  ᠲᠤ ᠠᠵᠢᠯ ᠪᠠᠶᠢᠷᠢᠯᠠᠭᠣᠯᠬᠣ  ᠪᠠᠷ ᠰᠢᠯᠵᠢᠭᠦᠯᠵᠦ ᠦᠭᠭᠦᠭᠰᠡᠨ ᠴᠢᠷᠢᠭ ᠠᠩᠭᠢ  ᠠᠴᠠ ᠠᠵᠢᠯ  ᠠᠴᠠ  ᠪᠠᠨ ᠪᠠᠭᠣᠵᠦ ᠠᠮᠣᠰᠬᠢᠭ᠍ᠰᠡᠨ ᠺᠠᠳᠠᠷ ᠪᠣᠯᠣᠨ ᠴᠢᠷᠢᠭ  ᠤᠨ ᠪᠣᠰᠦ ᠠᠵᠢᠯ  ᠠᠴᠠ  ᠪᠠᠨ ᠪᠠᠭᠣᠵᠦ ᠠᠮᠣᠰᠬᠢᠭ᠍ᠰᠡᠨ ᠠᠵᠢᠯᠲᠠᠨ  ᠢ ᠠᠵᠢᠯ ᠲᠣᠬᠢᠷᠠᠭᠣᠯᠬᠣ ᠲᠦᠷᠦ  ᠶᠢᠨ ᠪᠣᠳᠣᠯᠭ᠎ᠠ ᠂ ᠲᠦᠯᠣᠪᠯᠡᠭᠡ  ᠶᠢ ᠨᠣᠣᠷᠠᠭᠯᠠᠨ ᠲᠣᠭᠳᠠᠭᠠᠵᠦ ᠂ ᠪᠦᠬᠦ ᠬᠣᠳᠠ ᠠᠵᠢᠯ ᠲᠣᠬᠢᠷᠠᠭᠣᠯᠬᠣ ᠠᠵᠢᠯ ᠪᠣᠯᠣᠨ ᠪᠦᠬᠦ ᠬᠣᠲᠠ  ᠶᠢᠨ ᠴᠢᠷᠢᠭ  ᠠᠴᠠ ᠪᠠᠭᠣᠭᠰᠠᠨ ᠴᠢᠷᠢᠭ  ᠤᠨ ᠪᠣᠯᠪᠠᠰᠣᠷᠠᠯ ᠪᠣᠯᠣᠨ ᠠᠵᠢᠯ ᠣᠯᠭᠣᠬᠣ ᠠᠵᠢᠯ  ᠢ ᠵᠢᠯᠣᠭᠣᠳᠣᠨ᠎ᠠ ᠃ ︵ ᠲᠠᠪᠣ ︶ ᠂ ᠪᠦᠬᠦ ᠬᠣᠲᠠ  ᠶᠢᠨ ᠭᠠᠮᠰᠢᠭ  ᠠᠴᠠ ᠠᠪᠣᠷᠠᠬᠣ ᠠᠵᠢᠯ  ᠤᠨ ᠲᠦᠯᠣᠪᠯᠡᠭᠡ ᠪᠣᠯᠣᠨ ᠲᠦᠷᠦ  ᠶᠢᠨ ᠪᠣᠳᠣᠯᠭ᠎ᠠ  ᠶᠢ ᠲᠣᠭᠳᠠᠭᠠᠵᠦ ᠂ ᠭᠠᠮᠰᠢᠭ  ᠠᠴᠠ ᠠᠪᠣᠷᠠᠬᠣ ᠭᠠᠮᠰᠢᠭ  ᠢ ᠪᠠᠭᠠᠰᠬᠠᠬᠣ ᠠᠵᠢᠯ  ᠢ ᠵᠣᠬᠢᠶᠠᠨ ᠪᠠᠶᠢᠭᠣᠯᠣᠨ ᠵᠢᠯᠣᠭᠣᠳᠣᠨ᠎ᠠ ᠃ ᠪᠠᠶᠢᠭᠠᠯᠢ  ᠶᠢᠨ ᠭᠠᠮᠰᠢᠭ  ᠠᠴᠠ ᠠᠪᠣᠷᠠᠨ ᠲᠡᠳᠭᠦᠭᠦ ᠰᠢᠰᠲ᠋ᠸᠮ  ᠢ ᠪᠦᠳᠣᠭᠡᠨ ᠪᠠᠶᠢᠭᠣᠯᠵᠦ ᠂ ᠲᠡᠭᠡᠭᠰᠢ ᠮᠡᠳᠡᠭᠦᠯᠬᠦ ᠭᠠᠮᠰᠢᠭ  ᠤᠨ ᠪᠠᠶᠢᠳᠠᠯ  ᠢ ᠬᠠᠷᠭᠣᠭᠣᠯᠣᠨ ᠪᠠᠶᠢᠴᠠᠭᠠᠬᠣ ᠂ ᠪᠦᠷᠢᠳᠭᠡᠭᠦ ᠠᠵᠢᠯ  ᠢ ᠬᠠᠷᠢᠭᠣᠴᠠᠨ᠎ᠠ ︔ ᠲᠦᠪ ᠬᠣᠷᠢᠶ᠎ᠠ ᠂ ᠦᠪᠡᠷᠲᠡᠭᠡᠨ ᠵᠠᠰᠠᠬᠣ ᠣᠷᠣᠨ ᠪᠣᠯᠣᠨ ᠮᠠᠨ  ᠤ ᠬᠣᠲᠠ  ᠶᠢᠨ ᠪᠠᠭᠣᠯᠭᠠᠭᠰᠠᠨ ᠭᠠᠮᠰᠢᠭ  ᠠᠴᠠ ᠠᠪᠣᠷᠠᠬᠣ ᠵᠣᠭᠣᠰ ᠮᠦᠩᠭᠦ ᠡᠳ᠋ ᠪᠣᠳᠠᠰ  ᠢ ᠬᠣᠪᠢᠶᠠᠷᠢᠯᠠᠬᠣ  ᠶᠢ ᠬᠠᠷᠢᠭᠣᠴᠠᠨ ᠂ ᠬᠡᠷᠡᠭᠯᠡᠬᠦ ᠳ᠋ᠣᠨᠢ ᠬᠢᠨᠠᠯᠲᠠ ᠲᠠᠯᠪᠢᠵᠦ ᠂ ᠪᠦᠬᠦ ᠬᠣᠲᠠ  ᠶᠢᠨ ᠴᠢᠨᠠᠷᠲᠠᠢ ᠭᠠᠮᠰᠢᠭ  ᠢ ᠡᠰᠡᠷᠭᠦᠴᠡᠬᠦ ᠪᠡᠯᠭᠡᠯᠡᠨ ᠭᠦᠷᠭᠡᠭᠦ ᠠᠵᠢᠯ  ᠢ ᠵᠣᠬᠢᠶᠠᠨ ᠪᠠᠶᠢᠭᠣᠯᠵᠦ ᠂ ᠪᠦᠬᠦ ᠬᠣᠲᠠ  ᠶᠢᠨ ᠭᠠᠮᠰᠢᠭ  ᠢ ᠪᠠᠭᠠᠰᠬᠠᠬᠣ ᠵᠦᠪᠯᠡᠯ  ᠤᠨ ᠬᠣᠯᠪᠣᠭᠳᠠᠯ ᠪᠦᠬᠦᠢ ᠠᠵᠢᠯ  ᠢ ᠬᠠᠷᠢᠭᠣᠴᠠᠨ᠎ᠠ ᠃ ︵ ᠵᠢᠷᠭᠣᠭ᠎ᠠ ︶ ᠂ ᠪᠦᠬᠦ ᠬᠣᠲᠠ  ᠶᠢᠨ ᠬᠣᠲᠠ ᠭᠦᠳᠡᠭᠡ  ᠶᠢᠨ ᠨᠡᠶᠢᠭᠡᠮ  ᠤᠨ ᠠᠪᠣᠷᠠᠨ ᠲᠣᠰᠠᠯᠠᠬᠣ ᠰᠢᠰᠲ᠋ᠸᠮ  ᠤᠨ ᠪᠠᠶᠢᠭᠣᠯᠣᠯᠲᠠ  ᠶᠢ ᠬᠠᠷᠢᠭᠣᠴᠠᠨ ᠂ ᠨᠡᠶᠢᠭᠡᠮ  ᠤᠨ ᠠᠪᠣᠷᠠᠨ ᠲᠣᠰᠠᠯᠠᠬᠣ ᠲᠦᠯᠣᠪᠯᠡᠭᠡ ᠂ ᠲᠦᠷᠦ  ᠶᠢᠨ ᠪᠣᠳᠣᠯᠭ᠎ᠠ ᠪᠠ ᠪᠠᠷᠢᠮᠵᠢᠶ᠎ᠠ  ᠶᠢ ᠲᠣᠭᠳᠠᠭᠠᠵᠦ ᠂ ᠬᠣᠲᠠ ᠭᠦᠳᠡᠭᠡ  ᠶᠢᠨ ᠰᠠᠭᠣᠭᠠᠯᠢ ᠠᠷᠠᠳ  ᠤᠨ ᠬᠠᠮᠣᠭ ᠨᠠᠭᠠᠳᠦ ᠵᠠᠬ᠎ᠠ  ᠶᠢᠨ ᠠᠮᠢᠳᠣᠷᠠᠯ  ᠤᠨ ᠪᠠᠳᠣᠯᠭ᠎ᠠ ᠂ ᠲᠠᠪᠣᠨ ᠪᠠᠳᠣᠯᠭᠠᠳᠦ  ᠶᠢᠨ ᠬᠠᠷᠠᠭᠠᠯᠵᠢᠯᠠᠯ ᠂  ᠲᠦᠷ ᠴᠠᠭ  ᠤᠨ ᠠᠪᠣᠷᠠᠨ ᠲᠣᠰᠠᠯᠠᠬᠣ ᠪᠠ ᠠᠮᠢᠳᠣᠷᠠᠯ  ᠳᠠᠭᠠᠨ ᠵᠦᠪ ᠦᠭᠡᠢ ᠭᠦᠮᠣᠰ  ᠢ ᠠᠪᠣᠷᠠᠨ ᠲᠡᠳᠭᠦᠭᠦ ᠠᠵᠢᠯ  ᠢ ᠬᠠᠷᠢᠭᠣᠴᠠᠨ᠎ᠠ ᠃ ︵ ᠲᠣᠯᠣᠭ᠎ᠠ ︶ ᠂ ᠵᠠᠰᠠᠭ ᠵᠠᠬᠢᠷᠭᠠᠨ  ᠤ ᠬᠣᠪᠢᠶᠠᠷᠢᠯᠠᠯ  ᠤᠨ ᠶᠡᠷᠣᠩᠭᠡᠢ ᠲᠦᠯᠣᠪᠵᠢᠭᠦᠯᠭᠡ ᠂ ᠵᠠᠰᠠᠭ ᠵᠠᠬᠢᠷᠭᠠᠨ  ᠤ ᠣᠷᠣᠨ ᠨᠣᠳᠣᠭ  ᠤᠨ ᠵᠠᠬ᠎ᠠ ᠵᠠᠭᠠᠭ ᠪᠣᠯᠣᠨ ᠭᠠᠵᠠᠷ  ᠤᠨ ᠨᠡᠷ᠎ᠡ  ᠶᠢᠨ ᠬᠠᠮᠢᠶᠠᠷᠣᠯᠲᠠ  ᠶᠢᠨ ᠠᠷᠭ᠎ᠠ  ᠶᠢ ᠲᠣᠭᠳᠠᠭᠠᠨ᠎ᠠ ᠃ ᠪᠦᠬᠦ ᠬᠣᠲᠠ  ᠶᠢᠨ ᠵᠠᠰᠠᠭ ᠵᠠᠬᠢᠷᠭᠠᠨ  ᠤ ᠬᠣᠪᠢᠶᠠᠷᠢᠯᠠᠯ  ᠤᠨ ᠲᠣᠬᠢᠷᠠᠭᠣᠯᠣᠯᠲᠠ  ᠶᠢ ᠬᠢᠨᠠᠨ ᠬᠠᠷᠭᠣᠭᠣᠯᠬᠣ ᠂ ᠬᠢᠨᠠᠨ ᠵᠦᠪᠰᠢᠶᠡᠷᠡᠬᠦ ᠪᠠ ᠮᠡᠳᠡᠭᠦᠯᠬᠦ ᠠᠵᠢᠯ  ᠢ ᠬᠠᠷᠢᠭᠣᠴᠠᠨ᠎ᠠ ᠃ ᠬᠣᠰᠢᠭᠣ ᠰᠢᠶᠠᠨ ︵ ᠬᠣᠲᠠ ᠲᠣᠭᠣᠷᠢᠭ ︶  ᠤ ᠵᠠᠰᠠᠭ ᠵᠠᠬᠢᠷᠭᠠᠨ  ᠤ ᠣᠷᠣᠨ ᠨᠣᠳᠣᠭ  ᠤᠨ ᠵᠠᠬ᠎ᠠ ᠵᠠᠭᠠᠭ  ᠤᠨ ᠱᠣᠭᠣᠮ  ᠢ ᠲᠣᠭᠳᠠᠭᠠᠬᠣ ᠂ ᠬᠠᠮᠢᠶᠠᠷᠬᠣ ᠪᠠ ᠵᠠᠬ᠎ᠠ ᠵᠠᠭᠠᠭ  ᠤᠨ ᠮᠠᠷᠭᠣᠭᠠᠨ  ᠢ ᠰᠡᠢᠳᠪᠣᠷᠢᠯᠡᠬᠦ  ᠶᠢ ᠬᠠᠷᠢᠭᠣᠴᠠᠨ᠎ᠠ ᠃ ᠪᠦᠬᠦ ᠬᠣᠲᠠ  ᠶᠢᠨ ᠭᠠᠵᠠᠷ  ᠤᠨ ᠨᠡᠷ᠎ᠡ  ᠶᠢᠨ ᠬᠠᠮᠢᠶᠠᠷᠣᠯᠲᠠ  ᠶᠢ ᠬᠠᠷᠢᠭᠣᠴᠠᠨ᠎ᠠ ᠃ ︵ ᠨᠠᠢᠮᠠ ︶ ᠂ ᠪᠦᠬᠦ ᠬᠣᠲᠠ  ᠶᠢᠨ ᠬᠣᠲᠠ ᠭᠦᠳᠡᠭᠡ  ᠶᠢᠨ ᠦᠨᠳᠣᠰᠣᠨ ᠱᠠᠳᠣᠨ  ᠤ ᠣᠯᠠᠨ ᠲᠦᠮᠡᠨ  ᠤ ᠦᠪᠡᠷᠲᠡᠭᠡᠨ ᠵᠠᠰᠠᠬᠣ ᠪᠠᠶᠢᠭᠣᠯᠣᠯᠲᠠ ᠪᠣᠯᠣᠨ ᠨᠡᠶᠢᠭᠡᠮ ᠲᠣᠭᠣᠷᠢᠭ  ᠤᠨ ᠪᠦᠳᠣᠭᠡᠨ ᠪᠠᠶᠢᠭᠣᠯᠣᠯᠲᠠ  ᠶᠢᠨ ᠲᠦᠷᠦ  ᠶᠢᠨ ᠪᠣᠳᠣᠯᠭ᠎ᠠ  ᠶᠢ ᠲᠣᠭᠳᠠᠭᠠᠵᠦ ᠂ ᠬᠣᠲᠠ ᠭᠦᠳᠡᠭᠡ  ᠶᠢᠨ ᠦᠨᠳᠣᠰᠣᠨ ᠱᠠᠳᠣᠨ  ᠤ ᠵᠠᠰᠠᠭ  ᠤᠨ ᠡᠷᠭᠡ  ᠶᠢᠨ ᠪᠦᠳᠣᠬᠡᠨ ᠪᠠᠶᠢᠭᠣᠯᠣᠯᠲᠠ  ᠶᠢᠨ ᠲᠣᠬᠠᠢ ᠰᠠᠨᠠᠯ ᠰᠠᠨᠠᠭᠠᠴᠢᠯᠭ᠎ᠠ ᠲᠣᠷᠠᠳᠴᠦ ᠨᠡᠶᠢᠭᠡᠮ ᠲᠣᠭᠣᠷᠢᠭ  ᠤᠨ ᠪᠦᠳᠣᠭᠡᠨ ᠪᠠᠶᠢᠭᠣᠯᠣᠯᠲᠠ  ᠶᠢ ᠭᠦᠭᠵᠢᠬᠦᠯᠬᠦ ᠲᠦᠯᠣᠪᠵᠢᠭᠦᠯᠬᠡ ᠲᠣᠷᠠᠳᠣᠨ ᠂ ᠲᠣᠰᠬᠣᠨ  ᠤ ᠠᠷᠠᠳ  ᠤᠨ ᠵᠦᠪᠯᠡᠯ ᠂ ᠨᠡᠶᠢᠭᠡᠮ ᠲᠣᠭᠣᠷᠢᠭ  ᠤᠨ ᠰᠠᠭᠣᠭᠠᠯᠢ ᠠᠷᠠᠳ  ᠤᠨ ᠲᠣᠭᠣᠷᠢᠭ  ᠤᠨ ᠠᠷᠠᠳᠴᠢᠯᠠᠯ ᠣᠯᠣᠰ ᠲᠦᠷᠦ  ᠶᠢᠨ ᠪᠦᠳᠣᠭᠡᠨ ᠪᠠᠶᠢᠭᠣᠯᠣᠯᠲᠠ  ᠶᠢ ᠵᠢᠯᠣᠭᠣᠳᠣᠨ ᠂ ᠲᠣᠰᠬᠣᠨ  ᠤ ᠠᠵᠢᠯ ᠶᠠᠪᠣᠳᠠᠯ  ᠢ ᠢᠯᠡ ᠪᠠᠶᠢᠯᠭᠠᠬᠣ  ᠶᠢ ᠲᠦᠷᠢᠮᠵᠢᠭᠦᠯᠣᠨ ᠂ ᠦᠨᠳᠣᠰᠣᠨ ᠱᠠᠳᠣᠨ  ᠤ ᠵᠠᠰᠠᠭ  ᠤᠨ ᠡᠷᠭᠡ  ᠶᠢᠨ ᠪᠠᠶᠢᠭᠣᠯᠣᠯᠲᠠ  ᠶᠢ ᠠᠬᠢᠭᠣᠯᠣᠨ᠎ᠠ ᠃ ︵ ᠶᠢᠰᠦ ︶ ᠂ ᠨᠡᠶᠢᠭᠡᠮ  ᠤᠨ ᠠᠰᠠᠷᠠᠮᠵᠢ  ᠶᠢᠨ ᠦᠢᠯᠡᠰ  ᠢ ᠭᠦᠭᠵᠢᠭᠦᠯᠬᠦ ᠲᠦᠯᠣᠪᠵᠢᠭᠦᠯᠭᠡ ᠂ ᠲᠦᠷᠦ  ᠶᠢᠨ ᠪᠣᠳᠣᠯᠭ᠎ᠠ ᠪᠠ ᠪᠠᠷᠢᠮᠵᠢᠶ᠎ᠠ  ᠶᠢ ᠲᠣᠭᠳᠠᠭᠠᠵᠦ ᠂ ᠨᠡᠶᠢᠭᠡᠮ  ᠤᠨ ᠠᠰᠠᠷᠠᠮᠵᠢ  ᠶᠢᠨ ᠪᠠᠶᠢᠭᠣᠯᠣᠮᠵᠢ  ᠶᠢᠨ ᠬᠠᠮᠢᠶᠠᠷᠣᠯᠲᠠ ᠪᠠ ᠠᠰᠠᠷᠠᠮᠵᠢ  ᠶᠢᠨ ᠱᠠᠩᠨᠠᠯᠳᠦ ᠲᠡᠮᠳᠡᠭ ᠲᠠᠷᠬᠠᠭᠠᠬᠣ ᠬᠠᠮᠢᠶᠠᠷᠣᠯᠲᠠ  ᠶᠢᠨ ᠠᠷᠭ᠎ᠠ  ᠶᠢ ᠲᠣᠭᠳᠠᠭᠠᠵᠦ ᠂ ᠲᠣᠰ ᠱᠠᠳᠣᠨ  ᠤ ᠠᠰᠠᠷᠠᠮᠵᠢ  ᠶᠢᠨ ᠰᠠᠭᠣᠷᠢ ᠮᠦᠩᠭᠦ  ᠶᠢ ᠬᠠᠮᠢᠶᠠᠷᠣᠨ ᠂ ᠨᠡᠶᠢᠭᠡᠮ  ᠤᠨ ᠠᠰᠠᠷᠠᠮᠵᠢ  ᠶᠢᠨ ᠠᠵᠦ ᠠᠬᠣᠶᠢᠯᠠᠯ  ᠢ ᠨᠣᠳᠠᠯᠠᠬᠣ ᠪᠠᠷᠢᠮᠵᠢᠶ᠎ᠠ ᠪᠣᠯᠣᠨ ᠲᠡᠳᠭᠦᠨ ᠬᠠᠮᠠᠭᠠᠯᠠᠬᠣ ᠲᠦᠷᠦ  ᠶᠢᠨ ᠪᠣᠳᠣᠯᠭ᠎ᠠ  ᠶᠢ ᠰᠣᠳᠣᠯᠣᠨ ᠲᠣᠭᠳᠠᠭᠠᠵᠦ ᠂ ᠪᠣᠶᠠᠨ  ᠤ ᠦᠢᠯᠡᠰ  ᠢ ᠭᠦᠭᠵᠢᠭᠦᠯᠬᠦ ᠲᠦᠷᠦ  ᠶᠢᠨ ᠪᠣᠳᠣᠯᠭ᠎ᠠ  ᠶᠢ ᠵᠣᠬᠢᠶᠠᠨ ᠪᠠᠶᠢᠭᠣᠯᠣᠨ ᠲᠣᠭᠳᠠᠭᠠᠵᠦ ᠂ ᠨᠡᠶᠢᠭᠡᠮ ᠨᠡᠶᠢᠲᠡ  ᠶᠢᠨ ᠬᠠᠨᠳᠢᠪ ᠭᠦᠷᠲᠡᠭᠡᠬᠦ ᠠᠵᠢᠯ  ᠢ ᠵᠣᠬᠢᠶᠠᠨ ᠪᠠᠶᠢᠭᠣᠯᠣᠨ ᠵᠢᠯᠣᠭᠣᠳᠴᠦ ᠂ ᠨᠠᠰᠣᠳᠠᠶᠢᠴᠣᠣᠨ ᠂ ᠦᠨᠣᠴᠢᠨ ᠬᠣᠬᠡᠳ ᠪᠣᠯᠣᠨ ᠵᠡᠮᠳᠡᠭᠴᠣᠣᠨ ᠵᠡᠷᠭᠡ ᠣᠨᠴᠠᠭᠠᠢ ᠭᠦᠮᠣᠰ  ᠤᠨ ᠡᠷᠭᠡ ᠠᠰᠢᠭ  ᠢ ᠪᠠᠳᠣᠯᠠᠬᠣ ᠠᠵᠢᠯ  ᠢ ᠬᠠᠷᠢᠭᠣᠴᠠᠨ᠎ᠠ ᠃ ︵ ᠠᠷᠪᠠ ︶ ᠂ ᠣᠷᠣᠭ  ᠤᠨ ᠬᠠᠮᠢᠶᠠᠷᠣᠯᠲᠠ ᠂ ᠣᠷᠣᠰᠢᠭᠣᠯᠭ᠎ᠠ  ᠶᠢᠨ ᠬᠠᠮᠢᠶᠠᠷᠣᠯᠲᠠ ᠪᠠ ᠬᠣᠬᠡᠳ ᠦᠷᠡᠴᠢᠯᠡᠬᠦ ᠲᠣᠬᠠᠢ ᠲᠦᠷᠦ  ᠶᠢᠨ ᠪᠣᠳᠣᠯᠭ᠎ᠠ ᠬᠠᠣᠯᠢ ᠲᠣᠭᠳᠠᠭᠠᠯ  ᠢ ᠲᠣᠣᠱᠯᠠᠭᠣᠯᠣᠨ ᠬᠡᠷᠡᠭᠵᠢᠭᠦᠯᠵᠦ ᠂ ᠣᠷᠣᠭ ᠂ ᠣᠷᠣᠰᠢᠭᠣᠯᠭ᠎ᠠ ᠂ ᠦᠷᠡᠴᠢᠯᠡᠬᠦ ᠃ ᠠᠪᠣᠷᠠᠨ ᠲᠣᠰᠠᠯᠠᠬᠣ ᠦᠢᠯᠡᠴᠢᠯᠡᠭᠡᠨ  ᠤ ᠪᠠᠶᠢᠭᠣᠯᠣᠮᠵᠢ  ᠶᠢᠨ ᠬᠠᠮᠢᠶᠠᠷᠣᠯᠲᠠ  ᠶᠢᠨ ᠠᠵᠢᠯ  ᠢ ᠵᠢᠯᠣᠭᠣᠳᠣᠨ᠎ᠠ ᠃ ︵ ᠠᠷᠪᠠᠨ ᠨᠢᠭᠡ ︶ ᠂ ᠬᠣᠯᠪᠣᠭᠳᠠᠯ ᠪᠦᠬᠦᠢ ᠰᠠᠯᠠᠭ᠎ᠠ ᠮᠦᠴᠢᠷ  ᠲᠠᠢ ᠣᠶᠠᠯᠳᠣᠨ ᠨᠡᠶᠢᠭᠡᠮ ᠨᠡᠶᠢᠲᠡ  ᠶᠢᠨ ᠠᠵᠢᠯ  ᠤᠨ ᠴᠢᠳᠠᠪᠣᠷᠢᠲᠡᠨ  ᠤ ᠡᠩᠨᠡᠭᠡ  ᠶᠢᠨ ᠪᠦᠳᠣᠭᠡᠨ ᠪᠠᠶᠢᠭᠣᠯᠣᠯᠲᠠ ᠪᠠ ᠬᠣᠯᠪᠣᠭᠳᠠᠯ ᠪᠦᠬᠦᠢ ᠰᠠᠶᠢᠨ ᠲᠣᠣᠷᠠᠴᠣᠣᠨ  ᠤᠨ ᠡᠩᠨᠡᠭᠡᠨ  ᠤ ᠪᠦᠳᠣᠭᠡᠨ ᠪᠠᠶᠢᠭᠣᠯᠣᠯᠲᠠ  ᠶᠢ ᠠᠬᠢᠭᠣᠯᠣᠨ᠎ᠠ ᠃ ︵ ᠠᠷᠪᠠᠨ ᠬᠣᠶᠠᠷ ︶ ᠂ ᠬᠣᠲᠠ  ᠶᠢᠨ ᠠᠷᠠᠳ  ᠤᠨ ᠵᠠᠰᠠᠭ  ᠤᠨ ᠣᠷᠳᠣᠨ ᠪᠠ ᠦᠪᠡᠷᠲᠡᠭᠡᠨ ᠵᠠᠰᠠᠬᠣ ᠣᠷᠣᠨ  ᠤ ᠠᠷᠠᠳ  ᠤᠨ ᠶᠠᠪᠣᠳᠠᠯ  ᠤᠨ ᠲᠢᠩᠭᠢᠮ  ᠤᠨ ᠲᠣᠰᠢᠶᠠᠭᠰᠠᠨ ᠪᠣᠰᠣᠣᠨ ᠣᠴᠢᠷ ᠶᠠᠪᠣᠳᠠᠯ  ᠢ ᠬᠠᠷᠢᠭᠣᠴᠠᠨ ᠭᠦᠢᠴᠡᠳᠭᠡᠨ᠎ᠡ ᠃ 2 ᠂ ᠪᠠᠶᠢᠭᠣᠯᠣᠮᠵᠢ  ᠶᠢᠨ ᠲᠣᠬᠢᠷᠠᠭᠣᠯᠣᠯᠲᠠ ᠭᠦᠬᠡᠬᠣᠲᠡ  ᠶᠢᠨ ᠠᠷᠠᠳ  ᠤᠨ ᠶᠠᠪᠣᠳᠠᠯ  ᠤᠨ ᠲᠣᠪᠴᠢᠶ᠎ᠠ  ᠨᠢ ᠨᠡᠶᠢᠲᠡ12 ᠪᠠᠶᠢᠭᠣᠯᠣᠮᠵᠢ  ᠲᠠᠢ ᠃ ⑴ ᠠᠯᠪᠠᠨ ᠭᠡᠷ ᠪᠠᠶᠢᠭᠣᠯᠭ᠎ᠠ  ᠶᠢᠨ ᠡᠳᠣᠷ ᠲᠣᠳᠣᠮ  ᠤᠨ ᠠᠵᠢᠯ  ᠢ ᠬᠠᠷᠢᠭᠣᠴᠠᠨ ᠰᠡᠢᠳᠪᠣᠷᠢᠯᠡᠵᠦ ᠂ ᠶᠡᠷᠣᠩᠭᠡᠶᠢᠯᠡᠭᠰᠡᠨ ᠴᠢᠨᠠᠷᠲᠠᠢ ᠪᠢᠴᠢᠭ ᠮᠠᠲ᠋ᠸᠷᠢᠶᠠᠯ  ᠢ ᠬᠠᠷᠢᠭᠣᠴᠠᠨ ᠨᠣᠣᠷᠠᠭᠯᠠᠨ᠎ᠠ ᠃ ᠠᠷᠠᠳ  ᠤᠨ ᠶᠠᠪᠣᠳᠠᠯ  ᠤᠨ ᠲᠦᠷᠦ  ᠶᠢᠨ ᠪᠣᠳᠣᠯᠭ᠎ᠠ  ᠤᠨ ᠣᠨᠣᠯ ᠂ ᠠᠵᠢᠯ  ᠤᠨ ᠬᠠᠣᠯᠢ ᠲᠣᠭᠳᠠᠭᠠᠯ ᠪᠠ ᠵᠠᠰᠠᠭ ᠵᠠᠬᠢᠷᠭᠠᠨ  ᠤ ᠲᠦᠷᠢᠮ ᠲᠣᠭᠳᠠᠭᠠᠯ  ᠢ ᠰᠣᠳᠣᠯᠬᠣ ᠠᠵᠢᠯ  ᠢ ᠬᠠᠷᠢᠭᠣᠴᠠᠨ ᠂ ᠴᠢᠬᠣᠯᠠ ᠬᠣᠷᠠᠯ  ᠢ ᠵᠣᠬᠢᠶᠠᠨ ᠪᠠᠶᠢᠭᠣᠯᠬᠣ ᠠᠵᠢᠯ  ᠢ ᠬᠠᠷᠢᠭᠣᠴᠠᠨ᠎ᠠ ᠃ ᠪᠠᠶᠢᠭᠣᠯᠭ᠎ᠠ  ᠶᠢᠨ ᠠᠯᠪᠠᠨ ᠪᠢᠴᠢᠭ ᠨᠣᠣᠷᠠᠭᠯᠠᠬᠣ ᠂ ᠨᠢᠭᠣᠴᠠ ᠪᠢᠴᠢᠭ ᠮᠠᠲ᠋ᠸᠷᠢᠶᠠᠯ  ᠢ ᠬᠠᠮᠠᠭᠠᠯᠠᠬᠣ ᠂ ᠲᠠᠩᠰᠠ ᠡᠪᠬᠢᠮᠡᠯ  ᠢ ᠬᠠᠮᠢᠶᠠᠷᠬᠣ ᠂ ᠵᠠᠰᠠᠭ  ᠤᠨ ᠶᠠᠪᠣᠳᠠᠯ  ᠢ ᠢᠯᠡ ᠪᠠᠶᠢᠯᠭᠠᠬᠣ ᠂ ᠱᠠᠭᠠᠷᠳᠠᠨ ᠪᠠᠶᠢᠴᠠᠭᠠᠬᠣ ᠂ ᠵᠠᠬᠢᠳᠠᠯ ᠰᠣᠷᠪᠣᠯᠵᠢᠯᠭ᠎ᠠ ᠂ ᠶᠡᠷᠣᠩᠭᠡᠶᠢᠯᠡᠭᠰᠡᠨ ᠠᠵᠢᠯ ᠂ ᠬᠢᠯᠢᠶᠡᠨ ᠠᠪᠬᠣ ᠪᠠ ᠠᠯᠪᠠᠨ ᠠᠵᠢᠯ  ᠢ ᠠᠦᠲ᠋ᠣᠴᠢᠯᠠᠬᠣ ᠠᠵᠢᠯ  ᠢ ᠬᠠᠷᠢᠭᠣᠴᠠᠨ᠎ᠠ ᠃ ⑵ ᠠᠵᠢᠯᠲᠠᠨ  ᠤ ᠰᠠᠯᠠᠭ᠎ᠠ ᠲᠣᠪᠴᠢᠶ᠎ᠠ ᠪᠣᠯᠣᠨ ᠬᠠᠷᠢᠶ᠎ᠠ ᠪᠦᠬᠦᠢ ᠠᠵᠢᠯ ᠦᠢᠯᠡᠰ  ᠤᠨ ᠨᠢᠭᠡᠴᠡ  ᠶᠢᠨ ᠨᠠᠮ  ᠤᠨ ᠪᠠᠶᠢᠭᠣᠯᠣᠯᠲᠠ  ᠶᠢᠨ ᠠᠵᠢᠯ  ᠢ ᠬᠠᠷᠢᠭᠣᠴᠠᠨ᠎ᠠ ᠃ ᠦᠨᠳᠣᠰᠣᠨ ᠱᠠᠳᠣᠨ  ᠤ ᠣᠳᠣᠷᠢᠳᠬᠣ ᠪᠠᠭ  ᠤᠨ ᠪᠠᠶᠢᠭᠣᠯᠣᠯᠲᠠ ᠂ ᠺᠠᠳᠠᠷ  ᠤᠨ ᠡᠩᠨᠡᠭᠡᠨ  ᠤ ᠪᠠᠶᠢᠭᠣᠯᠣᠯᠲᠠ ᠪᠣᠯᠣᠨ ᠨᠠᠮ  ᠤᠨ ᠭᠡᠰᠢᠭᠦᠨ  ᠤ ᠰᠣᠷᠭᠠᠨ ᠭᠦᠮᠣᠵᠢᠯ  ᠤᠨ ᠬᠠᠮᠢᠶᠠᠷᠣᠯᠲᠠ  ᠶᠢᠨ ᠠᠵᠢᠯ  ᠢ ᠬᠠᠷᠢᠭᠣᠴᠠᠨ᠎ᠠ ᠃ ᠪᠦᠬᠦ ᠬᠣᠲᠠ  ᠶᠢᠨ ᠠᠷᠠᠳ  ᠤᠨ ᠶᠠᠪᠣᠳᠠᠯ  ᠤᠨ ᠰᠢᠰᠲ᠋ᠸᠮ  ᠤᠨ ᠺᠠᠳᠠᠷ  ᠤᠨ ᠪᠣᠯᠪᠠᠰᠣᠷᠠᠯ  ᠢ ᠵᠢᠯᠣᠭᠣᠳᠣᠨ ᠂ ᠨᠠᠮ  ᠤᠨ ᠬᠣᠷᠢᠶᠠᠨ  ᠤ ᠬᠣᠷᠠᠯ  ᠤᠨ ᠶᠠᠪᠣᠳᠠᠯ  ᠤᠨ ᠠᠵᠢᠯ  ᠢ ᠬᠠᠷᠢᠭᠣᠴᠠᠨ ᠂ ᠨᠠᠮ  ᠤᠨ ᠬᠣᠷᠢᠶᠠᠨ  ᠤ ᠪᠢᠴᠢᠭ ᠮᠠᠲ᠋ᠸᠷᠢᠶᠠᠯ  ᠢ ᠨᠣᠣᠷᠠᠭᠯᠠᠬᠣ ᠂ ᠲᠣᠣᠱᠯᠠᠭᠣᠯᠣᠨ ᠨᠠᠶᠢᠳᠠᠪᠣᠷᠢᠵᠢᠭᠣᠯᠬᠣ ᠂ ᠱᠠᠭᠠᠷᠳᠠᠨ ᠪᠠᠶᠢᠴᠠᠭᠠᠬᠣ ᠵᠡᠷᠭᠡ ᠠᠵᠢᠯ  ᠢ ᠬᠠᠷᠢᠭᠣᠴᠠᠨ᠎ᠠ ᠃ ᠬᠦᠳᠡᠯᠮᠣᠷᠢ  ᠶᠢᠨ ᠴᠠᠯᠢᠩ ᠭᠦᠯᠣᠰᠦ ᠂ ᠠᠵᠢᠯᠳᠠᠨ ᠴᠢᠳᠠᠪᠣᠷᠢᠲᠠᠨ ᠂ ᠪᠠᠶᠢᠭᠣᠯᠣᠮᠵᠢ  ᠶᠢᠨ ᠣᠷᠣᠨ ᠲᠣᠭ᠎ᠠ ᠂ ᠣᠯᠠᠨ ᠲᠦᠮᠡᠨ  ᠤ ᠪᠦᠯᠭᠦᠮ ᠵᠡᠷᠭᠡ ᠠᠵᠢᠯ  ᠢ ᠬᠠᠷᠢᠭᠣᠴᠠᠨ᠎ᠠ ᠃ ᠲᠣᠪᠴᠢᠶ᠎ᠠ ᠪᠣᠯᠣᠨ ᠬᠠᠷᠢᠶ᠎ᠠ ᠪᠦᠬᠦᠢ ᠠᠵᠢᠯ ᠦᠢᠯᠡᠰ  ᠤᠨ ᠨᠢᠭᠡᠴᠡ  ᠶᠢᠨ ᠶᠡᠷᠣᠩᠭᠡᠶᠢᠯᠡᠨ ᠵᠠᠰᠠᠬᠣ ᠂ ᠲᠦᠯᠣᠪᠯᠡᠭᠡᠲᠦ ᠦᠷᠡᠵᠢᠯ  ᠤᠨ ᠬᠠᠣᠯᠢ ᠴᠠᠭᠠᠵᠠ  ᠶᠢᠨ ᠣᠬᠠᠭᠣᠯᠭ᠎ᠠ ᠪᠠ ᠣᠶᠣᠨ  ᠤ ᠪᠣᠯᠪᠠᠰᠣᠨ  ᠤ ᠪᠠᠶᠢᠭᠣᠯᠣᠯᠲᠠ ᠵᠡᠷᠭᠡ ᠠᠵᠢᠯ  ᠢ ᠬᠠᠷᠢᠭᠣᠴᠠᠨ᠎ᠠ ᠃ ⑶ ᠡᠳ᠋  ᠤᠨ ᠶᠠᠪᠣᠳᠠᠯ  ᠤᠨ ᠰᠠᠯᠠᠭ᠎ᠠ ᠠᠷᠠᠳ  ᠤᠨ ᠶᠠᠪᠣᠳᠠᠯ  ᠤᠨ ᠠᠵᠢᠯ ᠦᠢᠯᠡᠰ  ᠢ ᠭᠦᠭᠵᠢᠬᠦᠯᠬᠦ ᠲᠦᠯᠣᠪᠵᠢᠭᠦᠯᠭᠡ ᠂ ᠲᠦᠯᠣᠪᠯᠡᠭᠡ ᠪᠣᠯᠣᠨ ᠠᠷᠠᠳ  ᠤᠨ ᠶᠠᠪᠣᠳᠠᠯ  ᠤᠨ ᠠᠵᠦ ᠦᠢᠯᠡᠰ  ᠤᠨ ᠵᠠᠷᠣᠳᠠᠯ ᠮᠦᠩᠭᠦ  ᠶᠢ ᠬᠠᠮᠢᠶᠠᠷᠬᠣ ᠠᠷᠭ᠎ᠠ ᠪᠠ ᠠᠷᠠᠳ  ᠤᠨ ᠶᠠᠪᠣᠳᠠᠯ  ᠤᠨ ᠡᠳ᠋  ᠤᠨ ᠶᠠᠪᠣᠳᠠᠯ  ᠤᠨ ᠲᠦᠷᠢᠮ ᠲᠣᠭᠳᠠᠭᠠᠯ  ᠢ ᠰᠣᠳᠣᠯᠣᠨ ᠲᠣᠭᠳᠠᠭᠠᠨ᠎ᠠ ᠃ ᠲᠦᠪ ᠬᠣᠷᠢᠶ᠎ᠠ ᠂ ᠦᠪᠡᠷᠲᠡᠭᠡᠨ ᠵᠠᠰᠠᠬᠣ ᠣᠷᠣᠨ ᠂ ᠮᠠᠨ  ᠤ ᠬᠣᠲᠠ  ᠶᠢᠨ ᠡᠳ᠋  ᠤᠨ ᠵᠠᠰᠠᠭ  ᠠᠴᠠ ᠪᠠᠭᠣᠯᠭᠠᠭᠰᠠᠨ ᠬᠣᠯᠪᠣᠭᠳᠠᠯ ᠪᠦᠬᠦᠢ ᠠᠷᠠᠳ  ᠤᠨ ᠶᠠᠪᠣᠳᠠᠯ  ᠤᠨ ᠠᠵᠦ ᠦᠢᠯᠡᠰ  ᠤᠨ ᠪᠡᠯᠡ ᠮᠦᠩᠭᠦᠨ  ᠤ ᠬᠠᠮᠢᠶᠠᠷᠣᠯᠲᠠ ᠬᠡᠷᠡᠭᠯᠡᠯᠲᠡ  ᠶᠢ ᠵᠢᠯᠣᠭᠣᠳᠣᠨ ᠬᠢᠨᠠᠨ᠎ᠠ ᠃ ᠠᠷᠠᠳ  ᠤᠨ ᠶᠠᠪᠣᠳᠠᠯ  ᠤᠨ ᠦᠢᠯᠡᠰ  ᠤᠨ ᠪᠡᠯᠡ ᠮᠦᠩᠭᠦᠨ  ᠤ ᠨᠠᠶᠢᠳᠠᠪᠣᠷᠢᠵᠢᠭᠣᠯᠣᠯᠲᠡ  ᠶᠢ ᠬᠢᠨᠠᠨ ᠱᠠᠭᠠᠷᠲᠠᠨ᠎ᠠ ᠃ ᠪᠦᠬᠦ ᠬᠣᠲᠠ  ᠶᠢᠨ ᠠᠷᠠᠳ  ᠤᠨ ᠶᠠᠪᠣᠳᠠᠯ  ᠤᠨ ᠦᠢᠯᠡᠰ  ᠤᠨ ᠪᠡᠯᠡ ᠮᠦᠩᠭᠦ  ᠶᠢ ᠬᠢᠨᠠᠨ ᠬᠠᠮᠢᠶᠠᠷᠬᠣ ᠠᠵᠢᠯ  ᠢ ᠬᠠᠷᠢᠭᠣᠴᠠᠨ᠎ᠠ ᠃ ᠪᠠᠶᠢᠭᠣᠯᠭ᠎ᠠ  ᠶᠢᠨ ᠡᠳ᠋  ᠤᠨ ᠶᠠᠪᠣᠳᠠᠯ ᠪᠣᠯᠣᠨ ᠣᠯᠣᠰ  ᠤᠨ ᠦᠮᠴᠢᠯᠡᠯᠲᠦ ᠡᠳ᠋ ᠭᠦᠷᠣᠩᠭᠡ  ᠶᠢᠨ ᠬᠠᠮᠢᠶᠠᠷᠣᠯᠲᠠ  ᠶᠢᠨ ᠠᠵᠢᠯ  ᠢ ᠬᠠᠷᠢᠭᠣᠴᠠᠨ᠎ᠠ ᠃ ᠲᠣᠪᠴᠢᠶᠠᠨ  ᠤ ᠬᠠᠷᠢᠶ᠎ᠠ ᠪᠦᠬᠦᠢ ᠡᠳ᠋  ᠤᠨ ᠶᠠᠪᠣᠳᠠᠯ ᠪᠠ ᠣᠯᠣᠰ  ᠤᠨ ᠦᠮᠴᠢᠯᠡᠯᠡᠲᠦ ᠡᠳ᠋ ᠭᠦᠷᠣᠩᠭᠡ  ᠶᠢᠨ ᠬᠠᠮᠢᠶᠠᠷᠣᠯᠲᠠ  ᠶᠢ ᠵᠢᠯᠣᠭᠣᠳᠣᠨ ᠂ ᠲᠣᠪᠴᠢᠶᠠᠨ  ᠤ ᠬᠠᠷᠢᠶ᠎ᠠ ᠪᠦᠬᠦᠢ ᠨᠢᠭᠡᠴᠡ  ᠶᠢᠨ ᠡᠳ᠋  ᠤᠨ ᠶᠠᠪᠣᠳᠠᠯ  ᠢ ᠬᠢᠨᠠᠨ ᠪᠣᠳᠣᠬᠣ ᠠᠵᠢᠯ  ᠢ ᠬᠠᠷᠢᠭᠣᠴᠠᠨ ᠂ ᠠᠷᠠᠳ  ᠤᠨ ᠶᠠᠪᠣᠳᠠᠯ  ᠤᠨ ᠠᠵᠦ ᠦᠢᠯᠡᠰ  ᠤᠨ ᠲᠣᠭ᠎ᠠ ᠪᠦᠷᠢᠳᠭᠡᠯ  ᠤᠨ ᠠᠵᠢᠯ  ᠢ ᠬᠠᠷᠢᠭᠣᠴᠠᠨ᠎ᠠ ᠃ ⑷ ᠲᠦᠷᠦ  ᠶᠢᠨ ᠪᠣᠳᠣᠯᠭ᠎ᠠ ᠬᠠᠣᠯᠢ ᠲᠣᠭᠳᠠᠭᠠᠯ  ᠤᠨ ᠰᠠᠯᠠᠭ᠎ᠠ ᠬᠣᠯᠪᠣᠭᠳᠠᠯ ᠪᠦᠬᠦᠢ ᠠᠷᠠᠳ  ᠤᠨ ᠶᠠᠪᠣᠳᠠᠯ  ᠤᠨ ᠠᠵᠢᠯ  ᠤᠨ ᠣᠷᠣᠨ ᠨᠣᠳᠣᠭ  ᠤᠨ ᠴᠢᠨᠠᠷᠲᠠᠢ ᠬᠠᠣᠯᠢ ᠲᠣᠭᠳᠠᠭᠠᠯ  ᠤᠨ ᠡᠭᠡ ᠨᠣᠣᠷᠠᠭ ᠪᠠ ᠲᠦᠷᠢᠮ ᠲᠣᠭᠳᠠᠭᠠᠯ  ᠢ ᠨᠣᠣᠷᠠᠭᠯᠠᠵᠦ ᠂ ᠪᠠᠶᠢᠭᠣᠯᠭ᠎ᠠ  ᠶᠢᠨ ᠲᠦᠷᠢᠮᠵᠢᠯ  ᠤᠨ ᠴᠢᠨᠠᠷᠲᠠᠢ ᠪᠢᠴᠢᠭ ᠮᠠᠲ᠋ᠸᠷᠢᠶᠠᠯ  ᠢ ᠬᠢᠨᠠᠨ ᠬᠠᠷᠭᠣᠭᠣᠯᠬᠣ ᠠᠵᠢᠯ  ᠢ ᠬᠠᠷᠢᠭᠣᠴᠠᠨ ᠂ ᠬᠣᠯᠪᠣᠭᠳᠠᠯ ᠪᠦᠬᠦᠢ ᠵᠠᠰᠠᠭ ᠵᠠᠬᠢᠷᠭᠠᠨ  ᠤ ᠲᠠᠬᠢᠨ ᠵᠦᠪᠯᠡᠬᠦ ᠪᠠ ᠵᠠᠰᠠᠭ ᠵᠠᠬᠢᠷᠭᠠᠨ  ᠤ ᠵᠠᠷᠭᠣ ᠭᠦᠯᠢᠶᠡᠭᠦ ᠠᠵᠢᠯ  ᠢ ᠬᠠᠷᠢᠭᠣᠴᠠᠨ ᠬᠠᠣᠯᠢ ᠲᠦᠷᠢᠮ  ᠤᠨ ᠣᠬᠠᠭᠣᠯᠭ᠎ᠠ  ᠶᠢᠨ ᠠᠵᠢᠯ  ᠢ ᠬᠠᠷᠢᠭᠣᠴᠠᠨ᠎ᠠ ᠃ ⑸ ᠠᠷᠠᠳ  ᠠᠴᠠ ᠡᠷᠬᠢᠯᠡᠭᠰᠡᠨ ᠵᠣᠬᠢᠶᠠᠨ ᠪᠠᠶᠢᠭᠣᠯᠣᠯᠲᠠ  ᠶᠢᠨ ᠬᠠᠮᠢᠶᠠᠷᠣᠯᠲᠠ  ᠶᠢᠨ ᠲᠣᠪᠴᠢᠶ᠎ᠠ ︵ ᠠᠷᠠᠳ  ᠠᠴᠠ ᠡᠷᠭᠢᠯᠡᠭᠰᠡᠨ ᠵᠣᠬᠢᠶᠠᠨ ᠪᠠᠶᠢᠭᠣᠯᠣᠯᠲᠠ  ᠶᠢᠨ ᠬᠠᠣᠯᠢ ᠬᠡᠷᠡᠭᠵᠢᠬᠦᠯᠬᠦ ᠬᠢᠨᠠᠨ ᠪᠠᠶᠢᠴᠠᠭᠠᠬᠣ ᠲᠣᠪᠴᠢᠶ᠎ᠠ ︶ ᠣᠯᠠᠨ ᠨᠡᠶᠢᠲᠡ  ᠶᠢᠨ ᠪᠠᠶᠢᠭᠣᠯᠭ᠎ᠠ ᠪᠣᠯᠣᠨ ᠠᠷᠠᠳ  ᠠᠴᠠ ᠡᠷᠭᠢᠯᠡᠭᠰᠡᠨ ᠠᠵᠦ ᠠᠬᠣᠶᠢᠯᠠᠯ ᠪᠣᠰᠦ ᠨᠢᠭᠡᠴᠡ  ᠶᠢ ᠬᠠᠮᠢᠶᠠᠷᠬᠣ ᠲᠦᠷᠦ  ᠶᠢᠨ ᠪᠣᠳᠣᠯᠭ᠎ᠠ ᠂ ᠬᠠᠣᠯᠢ ᠲᠣᠭᠳᠠᠭᠠᠯ  ᠢ ᠲᠣᠣᠱᠯᠠᠭᠣᠯᠣᠨ ᠭᠡᠷᠡᠭᠵᠢᠭᠦᠯᠵᠦ ᠂ ᠪᠦᠬᠦ ᠬᠣᠲᠠ  ᠶᠢᠨ ᠣᠯᠠᠨ ᠨᠡᠶᠢᠲᠡ  ᠶᠢᠨ ᠪᠠᠶᠢᠭᠣᠯᠭ᠎ᠠ ᠂ ᠠᠷᠠᠳ  ᠠᠴᠠ ᠡᠷᠭᠢᠯᠡᠭᠰᠡᠨ ᠠᠵᠦ ᠠᠬᠣᠶᠢᠯᠠᠯ ᠪᠣᠰᠦ ᠨᠢᠭᠡᠴᠡ  ᠶᠢ ᠲᠠᠩᠰᠠᠯᠠᠨ ᠬᠠᠮᠢᠶᠠᠷᠬᠣ ᠠᠵᠢᠯ  ᠢ ᠬᠠᠷᠢᠭᠣᠴᠠᠨ᠎ᠠ ᠃ ᠠᠷᠠᠳ  ᠠᠴᠠ ᠡᠷᠭᠢᠯᠡᠭᠰᠡᠨ ᠠᠵᠦ ᠠᠬᠣᠶᠢᠯᠠᠯ ᠪᠣᠰᠦ ᠨᠢᠭᠡᠴᠡ  ᠶᠢ ᠭᠦᠭᠵᠢᠬᠦᠯᠬᠦ ᠲᠦᠯᠣᠪᠵᠢᠭᠦᠯᠭᠡ  ᠶᠢ ᠰᠣᠳᠣᠯᠣᠨ ᠂ ᠠᠷᠠᠳ  ᠠᠴᠠ ᠡᠷᠭᠢᠯᠡᠭᠰᠡᠨ ᠠᠵᠦ ᠠᠬᠣᠶᠢᠯᠠᠯ ᠪᠣᠰᠦ ᠨᠢᠭᠡᠴᠠ  ᠶᠢ ᠬᠠᠮᠢᠶᠠᠷᠬᠣ ᠠᠷᠭ᠎ᠠ  ᠶᠢ ᠲᠣᠭᠳᠠᠭᠠᠨ ᠂ ᠣᠯᠠᠨ ᠨᠡᠶᠢᠲᠡ  ᠶᠢᠨ ᠪᠠᠶᠢᠭᠣᠯᠭ᠎ᠠ ᠂ ᠠᠷᠠᠳ  ᠠᠴᠠ ᠡᠷᠭᠢᠯᠡᠭᠰᠡᠨ ᠠᠵᠦ ᠠᠬᠣᠶᠢᠯᠠᠯ  ᠤᠨ ᠪᠣᠰᠦ ᠨᠢᠭᠡᠴᠡ  ᠶᠢᠨ ᠠᠵᠢᠯᠯᠠᠭ᠎ᠠ ᠶᠠᠪᠣᠭᠣᠯᠬᠣ  ᠶᠢ ᠬᠠᠣᠯᠢ ᠭᠡᠷᠡᠭᠵᠢᠭᠦᠯᠣᠨ ᠬᠢᠨᠠᠨ ᠪᠠᠶᠢᠴᠠᠭᠠᠨ᠎ᠠ ᠃ ⑹ ᠬᠠᠷᠠᠭᠠᠯᠵᠠᠬᠣ ᠰᠠᠯᠠᠭ᠎ᠠ ᠣᠯᠣᠰ  ᠤᠨ ᠬᠣᠯᠪᠣᠭᠳᠠᠯ ᠪᠦᠬᠦᠢ ᠴᠢᠷᠢᠭ  ᠢᠶᠠᠨ ᠭᠦᠷᠢᠶᠡᠯᠡᠭᠰᠡᠨ ᠰᠠᠶᠢᠨ ᠭᠡᠷ ᠪᠦᠯᠢ ᠪᠠ ᠠᠰᠠᠷᠠᠮᠵᠢ ᠬᠠᠷᠠᠭᠠᠯᠵᠢᠯᠠᠯ  ᠤᠨ ᠲᠦᠷᠦ  ᠶᠢᠨ ᠪᠣᠳᠣᠯᠭ᠎ᠠ ᠬᠠᠣᠯᠢ ᠲᠣᠭᠳᠠᠭᠠᠯ  ᠢ ᠲᠣᠣᠱᠯᠠᠭᠣᠯᠣᠨ ᠭᠡᠷᠡᠭᠵᠢᠬᠦᠯᠵᠦ ᠂ ᠡᠯ᠎ᠠ ᠲᠦᠷᠣᠯ  ᠤᠨ ᠬᠠᠷᠠᠭᠠᠯᠵᠠᠬᠣ ᠡᠲᠡᠭᠡᠳ  ᠤᠨ ᠬᠠᠷᠠᠭᠠᠯᠵᠢᠯᠠᠯ ᠂ ᠠᠰᠠᠷᠠᠮᠵᠢ ᠂ ᠨᠦᠬᠦᠪᠣᠷᠢ ᠪᠣᠯᠣᠨ ᠣᠯᠣᠰ  ᠤᠨ ᠪᠠᠶᠢᠭᠣᠯᠭ᠎ᠠ  ᠶᠢᠨ ᠠᠵᠢᠯᠲᠠᠨ  ᠤ ᠠᠯᠪᠠᠨ ᠣᠴᠢᠷ  ᠪᠠᠷ ᠰᠢᠷᠬᠠᠳᠠᠵᠦ ᠵᠡᠮᠳᠡᠭ ᠪᠣᠯᠣᠭᠰᠠᠳ  ᠤᠨ ᠠᠰᠠᠷᠠᠮᠵᠢ  ᠶᠢᠨ ᠠᠵᠢᠯ  ᠢ ᠬᠠᠷᠢᠭᠣᠴᠠᠨ᠎ᠠ ᠃ ᠪᠠᠭᠠᠳᠣᠷᠴᠣᠣᠨ  ᠢ ᠰᠠᠶᠢᠰᠢᠶᠠᠨ ᠭᠦᠭᠢᠭᠦᠯᠬᠦ ᠠᠵᠢᠯ  ᠢ ᠬᠠᠷᠢᠭᠣᠴᠠᠨ ᠂ ᠠᠰᠠᠷᠠᠮᠵᠢ  ᠶᠢᠨ ᠠᠵᠢᠯ ᠦᠢᠯᠡᠰ  ᠤᠨ ᠨᠢᠭᠡᠴᠡ  ᠶᠢᠨ ᠬᠠᠮᠢᠶᠠᠷᠣᠯᠲᠠ  ᠶᠢᠨ ᠠᠵᠢᠯ  ᠢ ᠵᠢᠯᠣᠭᠣᠳᠣᠨ ᠂ ᠪᠠᠶᠠᠷ ᠲᠣᠷᠠᠰᠬᠠᠯ  ᠤᠨ ᠡᠳᠣᠷ  ᠤᠨ ᠬᠣᠭᠣᠴᠠᠭᠠᠨ  ᠳᠤ ᠴᠢᠷᠢᠭ ᠠᠩᠭᠢ ᠪᠣᠯᠣᠨ ᠬᠠᠷᠠᠭᠠᠯᠵᠢᠯᠠᠯ  ᠤᠨ ᠡᠳᠡᠭᠡᠳ  ᠢ ᠪᠣᠯᠭᠣᠭᠠᠨ ᠲᠣᠬᠣᠨᠢᠭᠣᠯᠬᠣ ᠠᠵᠢᠯ  ᠢ ᠬᠠᠷᠢᠭᠣᠴᠠᠨ᠎ᠠ ᠃ ⑺ ᠬᠠᠯᠠᠭᠳᠠᠭᠰᠠᠨ ᠴᠢᠷᠢᠭ ᠪᠠ ᠴᠢᠷᠢᠭ ᠠᠩᠭᠢ  ᠶᠢᠨ ᠠᠵᠢᠯ  ᠠᠴᠠ  ᠪᠠᠨ ᠠᠮᠣᠰᠭᠢᠭ᠍ᠰᠡᠨ ᠺᠠᠳᠠᠷ  ᠢ ᠲᠣᠬᠢᠷᠠᠭᠣᠯᠬᠣ ᠠᠯᠪᠠᠨ ᠭᠡᠷ ︵ ᠭᠦᠬᠡᠬᠣᠲᠡ ᠶᠢᠨᠬᠠᠯᠠᠭᠳᠠᠭᠰᠠᠨ ᠴᠢᠷᠢᠭ ᠪᠠ ᠴᠢᠷᠢᠭ ᠠᠩᠭᠢ  ᠶᠢᠨ ᠠᠵᠢᠯ  ᠠᠴᠠ  ᠪᠠᠨ ᠠᠮᠣᠰᠭᠢᠭ᠍ᠰᠡᠨ ᠺᠠᠳᠠᠷ  ᠢ ᠲᠣᠬᠢᠷᠠᠭᠣᠯᠬᠣ ᠣᠳᠣᠷᠢᠳᠬᠣ ᠲᠣᠭᠣᠶᠢᠯᠠᠩ  ᠤᠨ ᠠᠯᠪᠠᠨ ᠭᠡᠷ ︶ ᠣᠯᠣᠰ  ᠤᠨ ᠬᠣᠯᠪᠣᠭᠳᠠᠯ ᠪᠦᠬᠦᠢ ᠬᠠᠯᠠᠭᠳᠠᠭᠰᠠᠨ ᠴᠢᠷᠢᠭ  ᠢ ᠲᠣᠬᠢᠷᠠᠭᠣᠯᠬᠣ ᠴᠢᠭᠯᠡᠯᠲᠡ ᠂ ᠲᠦᠷᠦ  ᠶᠢᠨ ᠪᠣᠳᠣᠯᠭ᠎ᠠ  ᠶᠢ ᠲᠣᠣᠱᠯᠠᠭᠣᠯᠣᠨ ᠨᠠᠶᠢᠳᠠᠪᠣᠷᠢᠵᠢᠭᠣᠯᠵᠦ ᠂ ᠬᠠᠯᠠᠭᠳᠠᠭᠰᠠᠨ ᠠᠯᠪᠠᠨ ᠵᠢᠷᠣᠮ  ᠤᠨ ᠴᠢᠷᠢᠭ ᠂ ᠬᠠᠯᠠᠭᠳᠠᠭᠰᠠᠨ ᠴᠢᠷᠢᠭ  ᠤᠨ ᠲᠠᠷᠣᠭ᠎ᠠ ᠂ ᠬᠠᠯᠠᠭᠳᠠᠭᠰᠠᠨ ᠺᠠᠳᠠᠷ ᠂ ᠵᠠᠰᠠᠭ  ᠤᠨ ᠣᠷᠳᠣᠨ  ᠤ ᠬᠠᠮᠢᠶᠠᠷᠣᠯᠲᠠ  ᠳᠤ ᠰᠢᠯᠵᠢᠭᠦᠯᠣᠭ᠍ᠰᠡᠨ ᠴᠢᠷᠢᠭ ᠠᠩᠭᠢ  ᠠᠴᠠ ᠠᠵᠢᠯ  ᠠᠴᠠ  ᠪᠠᠨ ᠪᠠᠭᠣᠭᠰᠠᠨ ᠺᠠᠳᠠᠷ ᠪᠣᠯᠣᠨ ᠴᠢᠷᠢᠭ ᠠᠩᠭᠢ  ᠶᠢᠨ ᠴᠢᠷᠢᠭ  ᠤᠨ ᠪᠣᠰᠦ ᠬᠠᠷᠢᠶᠠᠨ  ᠤ ᠠᠵᠢᠯ  ᠠᠴᠠ  ᠪᠠᠨ ᠪᠠᠭᠣᠭᠰᠠᠨ ᠠᠵᠢᠯᠲᠠᠨ  ᠢ ᠲᠣᠬᠢᠷᠠᠭᠣᠯᠬᠣ ᠂ ᠬᠠᠮᠢᠶᠠᠷᠬᠣ ᠲᠦᠯᠣᠪᠯᠡᠭᠡ ᠪᠠ ᠠᠷᠭ᠎ᠠ ᠬᠡᠮᠵᠢᠶ᠎ᠡ  ᠶᠢ ᠲᠣᠭᠳᠠᠭᠠᠬᠣ  ᠶᠢᠨ ᠬᠠᠮᠳᠦ ᠵᠣᠬᠢᠶᠠᠨ ᠪᠠᠶᠢᠭᠣᠯᠣᠨ ᠭᠡᠷᠡᠭᠵᠢᠭᠦᠯᠵᠦ ᠂ ᠴᠢᠷᠢᠭ ᠠᠩᠭᠢ  ᠠᠴᠠ ᠠᠵᠢᠯ  ᠠᠴᠠ  ᠪᠠᠨ ᠪᠠᠭᠣᠭᠰᠠᠨ ᠺᠠᠳᠠᠷ  ᠤᠨ ᠬᠠᠮᠢᠶᠠᠷᠣᠯᠲᠠ  ᠶᠢᠨ ᠵᠠᠷᠣᠳᠠᠯ ᠮᠦᠩᠭᠦ  ᠤᠨ ᠲᠦᠰᠣᠪ ᠪᠠ ᠲᠣᠬᠢᠷᠠᠭᠣᠯᠬᠣ ᠲᠦᠯᠣᠪᠯᠡᠭᠡ  ᠶᠢ ᠲᠣᠭᠳᠠᠭᠠᠵᠦ ᠂ ᠬᠣᠲᠠ  ᠶᠢᠨ ᠰᠢᠭᠣᠣᠨ ᠬᠠᠷᠢᠶ᠎ᠠ ᠬᠠᠯᠠᠭᠳᠠᠭᠰᠠᠨ ᠴᠢᠷᠢᠭ ᠂ ᠴᠢᠷᠢᠭ ᠠᠩᠭᠢ  ᠠᠴᠠ ᠠᠵᠢᠯ  ᠠᠴᠠ  ᠪᠠᠨ ᠪᠠᠭᠣᠭᠰᠠᠨ ᠺᠠᠳᠠᠷ  ᠢ ᠲᠣᠬᠢᠷᠠᠭᠣᠯᠬᠣ ᠪᠣᠯᠣᠨ ᠪᠦᠬᠦ ᠬᠣᠲᠠ ᠶᠢᠨᠴᠢᠷᠢᠭ ᠠᠩᠭᠢ  ᠠᠴᠠ ᠠᠵᠢᠯ  ᠠᠴᠠ  ᠪᠠᠨ ᠪᠠᠭᠣᠭᠰᠠᠨ ᠺᠠᠳᠠᠷ  ᠤᠨ ᠰᠣᠪᠢᠯᠠᠯᠲᠠ  ᠶᠢᠨ ᠭᠠᠵᠠᠷ  ᠢ ᠵᠢᠯᠣᠭᠣᠳᠣᠨ ᠬᠠᠮᠢᠶᠠᠷᠬᠣ ᠠᠵᠢᠯ  ᠢ ᠬᠠᠷᠢᠭᠣᠴᠠᠨ᠎ᠠ ᠃ ᠴᠢᠷᠢᠭ ᠪᠠ ᠭᠠᠵᠠᠷ ᠣᠷᠣᠨ ᠬᠣᠶᠠᠷ ᠲᠠᠯ᠎ᠠ  ᠳᠤ ᠬᠡᠷᠡᠭᠯᠡᠬᠦ ᠴᠢᠳᠠᠪᠣᠷᠢᠲᠠᠨ  ᠢ ᠪᠣᠯᠪᠠᠰᠣᠷᠠᠭᠣᠯᠬᠣ ᠪᠠ ᠨᠡᠭᠡᠭᠡᠨ ᠭᠦᠭᠵᠢᠭᠦᠯᠵᠦ ᠬᠡᠷᠡᠭᠯᠡᠬᠦ ᠠᠵᠢᠯ  ᠢ ᠵᠣᠬᠢᠶᠠᠨ ᠪᠠᠶᠢᠭᠣᠯᠣᠨ ᠵᠢᠯᠣᠭᠣᠳᠴᠦ ᠂ ᠴᠢᠷᠢᠭ  ᠤᠨ ᠠᠵᠢᠯ  ᠤᠨ ᠶᠠᠪᠣᠳᠠᠯ  ᠤᠨ ᠬᠠᠩᠭᠠᠯᠭ᠎ᠠ  ᠶᠢ ᠪᠠᠳᠣᠯᠠᠬᠣ ᠨᠢᠭᠡᠴᠢ  ᠶᠢ ᠵᠢᠯᠣᠭᠣᠳᠣᠨ ᠬᠠᠮᠢᠶᠠᠷᠣᠨ᠎ᠠ ᠃ ⑻ ᠭᠠᠮᠰᠢᠭ  ᠠᠴᠠ ᠠᠪᠣᠷᠠᠬᠣ ᠠᠪᠣᠷᠠᠨ ᠲᠡᠳᠭᠦᠭᠦ ᠰᠠᠯᠠᠭ᠎ᠠ ︵ ᠬᠣᠲᠠ  ᠶᠢᠨ ᠭᠠᠮᠰᠢᠭ  ᠢ ᠪᠠᠭᠠᠰᠬᠠᠬᠣ ᠵᠦᠪᠯᠡᠯ  ᠤᠨ ᠠᠯᠪᠠᠨ ᠭᠡᠷ ︶ ᠮᠠᠨ  ᠤ ᠬᠣᠲᠠ  ᠶᠢᠨ ᠭᠠᠮᠰᠢᠭ  ᠠᠴᠠ ᠠᠪᠣᠷᠠᠵᠦ ᠭᠠᠮᠰᠢᠭ  ᠢ ᠪᠠᠭᠠᠰᠬᠠᠬᠣ ᠠᠵᠢᠯ  ᠤᠨ ᠲᠦᠯᠣᠪᠵᠢᠭᠦᠯᠭᠡ ᠪᠠ ᠬᠣᠯᠪᠣᠭᠳᠠᠯ ᠪᠦᠬᠦᠢ ᠲᠦᠷᠦ  ᠶᠢᠨ ᠪᠣᠳᠣᠯᠭ᠎ᠠ  ᠶᠢ ᠲᠣᠭᠣᠷᠪᠢᠵᠦ ᠂ ᠭᠠᠮᠰᠢᠭ  ᠠᠴᠠ ᠠᠪᠣᠷᠠᠵᠦ ᠭᠠᠮᠰᠢᠭ  ᠢ ᠪᠠᠭᠠᠰᠬᠠᠬᠣ ᠠᠵᠢᠯ ᠵᠣᠬᠢᠶᠠᠨ ᠪᠠᠶᠢᠭᠣᠯᠣᠨ ᠣᠶᠠᠯᠳᠣᠵᠦ ᠂ ᠪᠠᠶᠢᠭᠠᠯᠢ  ᠶᠢᠨ ᠭᠠᠮᠰᠢᠭ  ᠠᠴᠠ ᠠᠪᠣᠷᠠᠨ ᠲᠡᠳᠭᠦᠵᠦ ᠠᠷᠭᠠᠴᠠᠬᠣ ᠰᠢᠰᠲ᠋ᠸᠮ  ᠤᠨ ᠪᠠᠶᠢᠭᠣᠯᠣᠯᠲᠠ  ᠶᠢ ᠵᠣᠬᠢᠶᠠᠨ ᠪᠠᠶᠢᠭᠣᠯᠣᠨ ᠂ ᠭᠠᠮᠰᠢᠭ  ᠤᠨ ᠪᠠᠶᠢᠳᠠᠯ  ᠢ ᠬᠠᠷᠭᠣᠭᠣᠯᠣᠨ ᠪᠦᠷᠢᠳᠭᠡᠵᠦ ᠲᠡᠭᠡᠭᠰᠢ ᠮᠡᠳᠡᠭᠦᠯᠬᠦ ᠠᠵᠢᠯ  ᠢ ᠬᠠᠷᠢᠭᠣᠴᠠᠨ ᠂ ᠭᠠᠮᠰᠢᠭ  ᠠᠴᠠ ᠠᠪᠣᠷᠠᠬᠣ ᠵᠣᠭᠣᠰ ᠮᠦᠩᠭᠦ ᠡᠳ᠋ ᠪᠣᠳᠠᠰ  ᠢ ᠬᠣᠪᠢᠶᠠᠷᠢᠯᠠᠬᠣ  ᠶᠢ ᠬᠠᠷᠢᠭᠣᠴᠠᠬᠣ  ᠶᠢᠨ ᠬᠠᠮᠳᠦ ᠭᠡᠷᠡᠭᠯᠡᠵᠦ ᠪᠠᠶᠢᠬᠣ ᠪᠠᠶᠢᠳᠠᠯ  ᠢ ᠬᠢᠨᠠᠨ ᠪᠠᠶᠢᠴᠠᠭᠠᠨ᠎ᠠ ᠃ ᠬᠣᠯᠪᠣᠭᠳᠠᠯ ᠪᠦᠬᠦᠢ ᠲᠠᠯ᠎ᠠ  ᠲᠠᠢ ᠣᠶᠠᠯᠳᠣᠨ ᠂ ᠭᠠᠮᠰᠢᠭᠳᠠᠭᠰᠠᠨ ᠠᠷᠠᠳ  ᠢ ᠰᠢᠯᠵᠢᠬᠦᠯᠣᠨ ᠲᠣᠬᠢᠷᠠᠭᠣᠯᠬᠣ ᠂ ᠭᠠᠮᠰᠢᠭᠳᠠᠭᠰᠠᠨ ᠣᠷᠣᠨ  ᠤ ᠨᠣᠷᠠᠵᠦ ᠰᠦᠢᠳᠣᠭ᠍ᠰᠡᠨ ᠭᠡᠷ ᠪᠠᠷᠢᠯᠭ᠎ᠠ  ᠶᠢ ᠲᠠᠬᠢᠨ ᠪᠠᠶᠢᠭᠣᠯᠬᠣ ᠨᠦᠬᠦᠪᠣᠷᠢ ᠪᠠ ᠭᠠᠮᠰᠢᠭᠳᠠᠭᠰᠠᠨ ᠠᠷᠠᠳ  ᠤᠨ ᠠᠮᠢᠳᠣᠷᠠᠯ  ᠤᠨ ᠨᠦᠬᠦᠪᠣᠷᠢ  ᠶᠢ ᠲᠠᠷᠣᠢ ᠳ᠋ᠣᠨᠢ ᠰᠡᠢᠳᠪᠣᠷᠢᠯᠡᠨ᠎ᠡ ᠃ ᠬᠣᠲᠠ  ᠶᠢᠨ ᠲᠣᠰ ᠱᠠᠳᠣ  ᠤ ᠠᠮᠢᠳᠣᠷᠠᠯ  ᠤᠨ ᠲᠦᠷᠣᠯ  ᠤᠨ ᠭᠠᠮᠰᠢᠭ  ᠠᠴᠠ ᠠᠪᠣᠷᠠᠬᠣ ᠡᠳ᠋ ᠪᠣᠳᠠᠰ  ᠢ ᠪᠡᠯᠡᠳᠭᠡᠭᠦ ᠠᠵᠢᠯ  ᠢ ᠬᠠᠷᠢᠭᠣᠴᠠᠵᠦ ᠂ ᠭᠠᠮᠰᠢᠭ  ᠠᠴᠠ ᠠᠪᠣᠷᠠᠵᠦ ᠬᠠᠨᠳᠢᠪ ᠲᠣᠰᠠᠯᠠᠮᠵᠢ ᠭᠦᠷᠲᠡᠭᠡᠭᠦ ᠠᠵᠢᠯᠯᠠᠭ᠎ᠠ  ᠶᠢ ᠵᠣᠬᠢᠶᠠᠨ ᠪᠠᠶᠢᠭᠣᠯᠣᠨ ᠵᠢᠯᠣᠭᠣᠳᠴᠦ ᠂ ᠬᠠᠨᠳᠢᠪ ᠲᠣᠰᠠᠯᠠᠮᠵᠢ  ᠶᠢᠨ ᠵᠣᠭᠣᠰ ᠮᠦᠩᠭᠦ ᠡᠳ ᠪᠣᠳᠠᠰ  ᠢ ᠭᠦᠯᠢᠶᠡᠨ ᠠᠪᠬᠣ ᠂ ᠲᠣᠬᠢᠷᠠᠭᠣᠯᠬᠣ ᠪᠠ ᠬᠠᠮᠢᠶᠠᠷᠬᠣ ᠠᠵᠢᠯ  ᠢ ᠬᠠᠷᠢᠭᠣᠴᠠᠨ ᠂ ᠬᠣᠲᠠ  ᠶᠢᠨ ᠭᠠᠮᠰᠢᠭ  ᠢ ᠪᠠᠭᠠᠰᠬᠠᠬᠣ ᠵᠦᠪᠯᠡᠯ  ᠤᠨ ᠬᠣᠯᠪᠣᠭᠳᠠᠯ ᠪᠦᠬᠦᠢ ᠪᠣᠳᠠᠳᠦ ᠠᠵᠢᠯ  ᠢ ᠬᠠᠷᠢᠭᠣᠴᠠᠨ ᠪᠦᠬᠦ ᠬᠣᠲᠠ  ᠶᠢᠨ ᠣᠯᠠᠨ ᠨᠡᠶᠢᠲᠡ`  ᠶᠢᠨ ᠠᠪᠣᠷᠠᠨ ᠲᠣᠰᠠᠯᠠᠬᠣ ᠰᠢᠰᠲ᠋ᠸᠮ  ᠤᠨ ᠪᠠᠶᠢᠭᠣᠯᠣᠯᠲᠠ  ᠶᠢ ᠬᠠᠷᠢᠭᠣᠴᠠᠨ᠎ᠠ ᠃ ᠪᠦᠬᠦ ᠬᠣᠲᠠ  ᠶᠢᠨ ᠨᠡᠶᠢᠭᠡᠮ ᠨᠡᠶᠢᠲᠡ  ᠶᠢᠨ ᠠᠪᠣᠷᠠᠨ ᠲᠣᠰᠠᠯᠠᠬᠣ ᠠᠵᠢᠯ  ᠤᠨ ᠲᠦᠯᠣᠪᠵᠢᠭᠦᠯᠭᠡ ᠂ ᠲᠦᠷᠦ  ᠶᠢᠨ ᠪᠣᠳᠣᠯᠭ᠎ᠠ ᠪᠠ ᠪᠠᠷᠢᠮᠵᠢᠶ᠎ᠠ  ᠶᠢ ᠲᠣᠭᠳᠠᠭᠠᠵᠦ ᠂ ᠲᠦᠪ ᠬᠣᠷᠢᠶ᠎ᠠ ᠂ ᠦᠪᠡᠷᠲᠡᠭᠡᠨ ᠵᠠᠰᠠᠬᠣ ᠣᠷᠣᠨ ᠪᠠ ᠬᠣᠳᠠ  ᠶᠢᠨ ᠡᠳ᠋  ᠤᠨ ᠵᠠᠰᠠᠭ  ᠤᠨ ᠨᠡᠶᠢᠭᠡᠮ ᠨᠡᠶᠢᠲᠡ  ᠶᠢᠨ ᠠᠪᠣᠷᠠᠨ ᠲᠣᠰᠠᠯᠠᠬᠣ ᠪᠡᠯᠡ ᠮᠦᠩᠭᠦ  ᠶᠢ ᠲᠣᠬᠢᠷᠠᠭᠣᠯᠬᠣ ᠪᠠ ᠬᠢᠨᠠᠨ ᠬᠠᠮᠢᠶᠠᠷᠬᠣ  ᠶᠢ ᠬᠠᠷᠢᠭᠣᠴᠠᠨ᠎ᠠ ᠃ ᠡᠯ᠎ᠠ ᠬᠣᠰᠢᠭᠣ ᠰᠢᠶᠠᠨ ᠲᠣᠭᠣᠷᠢᠭ  ᠤᠨ ᠠᠪᠣᠷᠠᠨ ᠲᠡᠳᠭᠦᠭᠦ ᠪᠡᠯᠡ ᠮᠦᠩᠭᠦᠨ  ᠤ ᠨᠠᠶᠢᠳᠠᠪᠣᠷᠢᠵᠢᠭᠣᠯᠣᠯᠲᠡ ᠂ ᠭᠡᠷᠡᠭᠯᠡᠯᠲᠡ ᠂ ᠲᠠᠷᠬᠠᠭᠠᠯᠲᠠ  ᠶᠢᠨ ᠪᠠᠶᠢᠳᠠᠯ  ᠢ ᠬᠢᠨᠠᠨ ᠬᠠᠮᠢᠶᠠᠷᠴᠦ ᠪᠠᠶᠢᠴᠠᠭᠠᠨ ᠂ ᠪᠦᠬᠦ ᠬᠣᠲᠠ  ᠶᠢᠨ ᠠᠰᠠᠷᠠᠮᠵᠢ  ᠶᠢᠨ ᠭᠦᠷᠢᠶᠡᠯᠡᠩ  ᠢ ᠪᠦᠳᠣᠭᠡᠨ ᠪᠠᠶᠢᠭᠣᠯᠬᠣ ᠲᠦᠯᠣᠪᠵᠢᠭᠦᠯᠭᠡ  ᠶᠢ ᠲᠣᠭᠳᠠᠭᠠᠬᠣ  ᠶᠢᠨ ᠬᠠᠮᠳᠦ ᠭᠡᠷᠡᠭᠵᠢᠬᠦᠯᠬᠦ  ᠶᠢ ᠬᠢᠨᠠᠨ ᠱᠠᠭᠠᠷᠲᠠᠵᠦ ᠂ ︽ ᠲᠠᠪᠣᠨ ᠪᠠᠳᠣᠯᠭᠠᠲᠦ ︾ ᠠᠰᠠᠷᠠᠨ ᠬᠠᠷᠠᠭᠠᠯᠵᠠᠬᠣ ᠲᠦᠷᠦ  ᠶᠢᠨ ᠪᠣᠳᠣᠯᠭ᠎ᠠ  ᠶᠢ ᠲᠣᠣᠱᠯᠠᠭᠣᠯᠣᠨ ᠨᠠᠶᠢᠳᠠᠪᠣᠷᠢᠵᠢᠭᠣᠯᠣᠨ ᠂ ᠬᠣᠯᠪᠣᠭᠳᠠᠯ ᠪᠦᠬᠦᠢ ᠰᠠᠯᠠᠭ᠎ᠠ ᠮᠦᠴᠢᠷ  ᠲᠠᠢ ᠬᠠᠮᠳᠣᠷᠠᠨ ᠂ ᠪᠦᠬᠦ ᠬᠣᠲᠠ  ᠶᠢᠨ ᠠᠪᠣᠷᠠᠨ ᠲᠣᠰᠠᠯᠠᠬᠣ ᠰᠣᠷᠠᠭ ᠵᠠᠩᠭᠢ  ᠶᠢᠨ ᠪᠠᠶᠢᠭᠣᠯᠣᠯᠲᠠ  ᠶᠢ ᠬᠠᠷᠢᠭᠣᠴᠠᠵᠦ ᠂ ᠣᠷᠣᠨ ᠰᠠᠭᠣᠴᠠ ᠂ ᠰᠣᠷᠭᠠᠨ ᠭᠦᠮᠣᠵᠢᠯ ᠂ ᠬᠠᠣᠯᠢ ᠴᠠᠭᠠᠵᠠ  ᠶᠢᠨ ᠠᠪᠣᠷᠠᠨ ᠲᠡᠳᠭᠦᠭᠦ ᠬᠣᠯᠪᠣᠭᠳᠠᠯ ᠪᠦᠬᠦᠢ ᠠᠷᠭ᠎ᠠ  ᠶᠢ ᠲᠣᠭᠳᠠᠭᠠᠬᠣ  ᠳᠤ ᠣᠷᠣᠯᠴᠠᠨ᠎ᠠ ᠃ ⑼ ᠨᠡᠶᠢᠭᠡᠮ  ᠤᠨ ᠠᠰᠠᠷᠠᠮᠵᠢ ᠪᠣᠯᠣᠨ ᠪᠣᠶᠠᠨ  ᠤ ᠦᠢᠯᠡᠰ  ᠢ ᠠᠬᠢᠭᠣᠯᠬᠣ ᠲᠠᠰᠣᠭ ᠨᠡᠶᠢᠭᠡᠮ  ᠤᠨ ᠠᠰᠠᠷᠠᠮᠵᠢ ᠪᠣᠯᠣᠨ ᠪᠣᠶᠠᠨ  ᠤ ᠦᠢᠯᠡᠰ  ᠤᠨ ᠲᠣᠬᠠᠢ ᠲᠦᠷᠦ  ᠶᠢᠨ ᠪᠣᠳᠣᠯᠭ᠎ᠠ ᠂ ᠬᠠᠣᠯᠢ ᠲᠦᠷᠢᠮ  ᠢ ᠲᠣᠣᠱᠯᠠᠭᠣᠯᠣᠨ ᠭᠡᠷᠡᠭᠵᠢᠭᠦᠯᠵᠦ ᠂ ᠨᠡᠶᠢᠭᠡᠮ  ᠤᠨ ᠠᠰᠠᠷᠠᠮᠵᠢ  ᠶᠢᠨ ᠦᠢᠯᠡᠰ  ᠢ ᠭᠦᠭᠵᠢᠬᠦᠯᠬᠦ ᠲᠦᠯᠣᠪᠯᠡᠭᠡ ᠪᠣᠯᠣᠨ ᠬᠣᠯᠪᠣᠭᠳᠠᠯ ᠪᠬᠦᠢ ᠲᠦᠷᠦ  ᠶᠢᠨ ᠪᠣᠳᠣᠯᠭ᠎ᠠ  ᠶᠢ ᠲᠣᠭᠳᠠᠭᠠᠵᠦ ᠂ ᠨᠠᠰᠣᠳᠠᠶᠢᠴᠣᠣᠨ ᠂ ᠦᠨᠣᠴᠢᠨ ᠬᠣᠬᠡᠳ ᠪᠠ ᠵᠡᠮᠡᠳᠡᠭᠴᠣᠣᠨ ᠵᠡᠷᠭᠡ ᠣᠨᠴᠠᠭᠠᠢ ᠭᠦᠮᠣᠰ  ᠤᠨ ᠡᠷᠭᠡ ᠠᠰᠢᠭ  ᠢ ᠬᠠᠮᠠᠭᠠᠯᠠᠬᠣ ᠲᠦᠷᠦ  ᠶᠢᠨ ᠪᠣᠳᠣᠯᠭ᠎ᠠ  ᠶᠢ ᠲᠣᠭᠳᠠᠭᠠᠨ ᠂ ᠨᠡᠶᠢᠭᠡᠮ  ᠤᠨ ᠠᠰᠠᠷᠠᠮᠵᠢ  ᠶᠢᠨ ᠦᠢᠯᠡᠰ  ᠤᠨ ᠪᠠᠶᠢᠭᠣᠯᠣᠮᠵᠢ  ᠶᠢᠨ ᠬᠠᠮᠢᠶᠠᠷᠣᠯᠲᠠ  ᠶᠢᠨ ᠠᠷᠭ᠎ᠠ  ᠶᠢ ᠲᠣᠭᠳᠠᠭᠠᠨ ᠂ ᠬᠣᠳᠠ  ᠶᠢᠨ ᠲᠣᠰ ᠱᠠᠳᠣᠨ  ᠤ ᠠᠰᠠᠷᠠᠮᠵᠢ  ᠤᠨ ᠱᠠᠩᠨᠠᠯᠳᠦ ᠲᠡᠮᠳᠡᠭ  ᠤᠨ ᠣᠯᠠᠨ ᠨᠡᠶᠢᠲᠡ  ᠶᠢᠨ ᠠᠰᠠᠷᠠᠮᠵᠢ  ᠶᠢᠨ ᠮᠦᠩᠭᠦᠨ  ᠤ ᠬᠠᠮᠢᠶᠠᠷᠣᠯᠲᠠ ᠠᠷᠭ᠎ᠠ ᠪᠠ ᠭᠡᠷᠡᠭᠯᠡᠬᠦ ᠲᠦᠯᠣᠪᠯᠡᠭᠡ  ᠶᠢ ᠲᠣᠭᠳᠠᠭᠠᠵᠦ ᠂ ᠪᠦᠬᠦ ᠬᠣᠲᠠ  ᠶᠢᠨ ᠪᠣᠶᠠᠨ  ᠤ ᠦᠢᠯᠡᠰ  ᠢ ᠭᠦᠭᠵᠢᠬᠦᠯᠬᠦ ᠲᠦᠯᠣᠪᠯᠡᠭᠡ ᠪᠣᠯᠣᠨ ᠲᠦᠷᠦ  ᠶᠢᠨ ᠪᠣᠳᠣᠯᠭ᠎ᠠ  ᠶᠢ ᠲᠣᠭᠳᠠᠭᠠᠵᠦ ᠂ ᠨᠡᠶᠢᠭᠡᠮ ᠨᠡᠶᠢᠲᠡ  ᠶᠢᠨ ᠬᠠᠨᠳᠢᠪ ᠲᠣᠰᠠᠯᠠᠮᠵᠢ  ᠶᠢᠨ ᠠᠵᠢᠯ  ᠢ ᠵᠣᠬᠢᠶᠠᠨ ᠪᠠᠶᠢᠭᠣᠯᠣᠨ ᠵᠢᠯᠣᠭᠣᠳᠣᠨ᠎ᠠ ᠃ ⑽ ᠨᠡᠶᠢᠭᠡᠮ  ᠤᠨ ᠠᠵᠢᠯ ᠶᠠᠪᠣᠳᠠᠯ  ᠤᠨ ᠰᠠᠯᠠᠭ᠎ᠠ ᠣᠯᠣᠰ ᠪᠠ ᠦᠪᠡᠷᠲᠡᠭᠡᠨ ᠵᠠᠰᠠᠬᠣ ᠣᠷᠣᠨ  ᠤ ᠣᠷᠣᠭ ᠂ ᠬᠣᠬᠡᠳ ᠦᠷᠡᠴᠢᠯᠡᠬᠦ ᠪᠠ ᠣᠷᠣᠰᠢᠭᠣᠯᠭ᠎ᠠ  ᠶᠢᠨ ᠬᠠᠮᠢᠶᠠᠷᠣᠯᠲᠠ  ᠶᠢᠨ ᠲᠦᠷᠦ  ᠶᠢᠨ ᠪᠣᠳᠣᠯᠭ᠎ᠠ ᠬᠠᠣᠯᠢ ᠲᠦᠷᠢᠮ  ᠢ ᠬᠠᠷᠢᠭᠣᠴᠠᠨ ᠲᠣᠣᠱᠯᠠᠭᠣᠯᠵᠦ ᠂ ᠪᠦᠬᠦ ᠬᠣᠲᠠ  ᠶᠢᠨ ᠣᠷᠣᠰᠢᠭᠣᠯᠭ᠎ᠠ ᠂ ᠬᠣᠷᠢᠮ  ᠤᠨ ᠵᠠᠩᠰᠢᠯ  ᠤᠨ ᠦᠭᠡᠷᠡᠴᠢᠯᠡᠯᠲᠡ ᠪᠠ ᠠᠰᠠᠷᠠᠮᠵᠢ  ᠶᠢᠨ ᠪᠠᠶᠢᠭᠣᠯᠣᠮᠵᠢ  ᠶᠢᠨ ᠭᠠᠳᠠᠨ᠎ᠠ  ᠠᠴᠠ ᠠᠰᠠᠷᠠᠨ ᠬᠠᠷᠠᠭᠠᠯᠵᠠᠬᠣ ᠠᠵᠢᠯ  ᠢ ᠵᠣᠬᠢᠶᠠᠨ ᠪᠠᠶᠢᠭᠣᠯᠣᠨ᠎ᠡ ᠃ ᠪᠦᠬᠦ ᠬᠣᠲᠠ  ᠶᠢᠨ ᠣᠷᠣᠭ ᠲᠠᠩᠰᠠᠯᠠᠬᠣ ᠬᠠᠮᠢᠶᠠᠷᠣᠯᠲᠠ  ᠶᠢ ᠴᠢᠩᠭᠠᠳᠬᠠᠨ ᠂ ᠭᠠᠳᠠᠭᠰᠢ ᠬᠣᠯᠪᠣᠭᠳᠠᠬᠣ ᠪᠠ ᠰᠢᠶᠠᠩᠭᠠᠩ ᠂ ᠣᠣᠮᠸᠡᠨ ᠂ ᠲᠠᠶᠢᠸᠠᠨ  ᠤ ᠰᠠᠭᠣᠭᠠᠯᠢ ᠠᠷᠠᠳ ᠂ ᠬᠠᠷᠢᠶᠠᠲᠦ ᠂ ᠬᠢᠯᠢ  ᠶᠢᠨ ᠠᠷᠠᠳ  ᠤᠨ ᠣᠷᠣᠭ  ᠤᠨ ᠲᠠᠩᠰᠠᠯᠠᠯ  ᠤᠨ ᠬᠠᠮᠢᠶᠠᠷᠣᠯᠲᠠ  ᠶᠢᠨ ᠠᠵᠢᠯ  ᠢ ᠬᠠᠷᠢᠭᠣᠴᠠᠨ ᠂ ᠪᠦᠾ ᠬᠣᠲᠠ  ᠶᠢᠨ ᠬᠣᠭᠡᠳ ᠦᠷᠡᠴᠢᠯᠡᠨ ᠲᠡᠵᠢᠭᠡᠭᠦ ᠲᠠᠩᠰᠠᠯᠠᠯ  ᠤᠨ ᠬᠠᠮᠢᠶᠠᠷᠣᠯᠲᠠ  ᠶᠢ ᠵᠢᠯᠣᠭᠣᠳᠣᠨ᠎ᠠ ᠃ ᠭᠠᠳᠠᠭᠰᠢ ᠬᠣᠯᠪᠣᠭᠳᠠᠬᠣ ᠦᠷᠡᠴᠢᠯᠡᠨ ᠲᠡᠵᠢᠭᠡᠬᠦ  ᠶᠢ ᠲᠠᠩᠰᠠᠯᠠᠬᠣ ᠂ ᠬᠢᠨᠠᠨ ᠬᠠᠷᠭᠣᠭᠣᠯᠬᠣ ᠂ ᠮᠡᠲᠡᠭᠦᠯᠬᠦ ᠠᠵᠢᠯ  ᠢ ᠬᠠᠷᠢᠭᠣᠴᠠᠨ ᠂ ᠣᠷᠣᠭ  ᠤᠨ ᠦᠢᠯᠡᠴᠢᠯᠡᠭᠡᠨ  ᠤ ᠪᠠᠶᠢᠭᠣᠯᠣᠮᠵᠢ  ᠶᠢᠨ ᠬᠠᠮᠢᠶᠠᠷᠣᠯᠲᠠ  ᠶᠢᠨ ᠠᠷᠭ᠎ᠠ  ᠶᠢ ᠲᠣᠭᠳᠠᠭᠠᠵᠦ ᠂ ᠪᠦᠬᠦ ᠬᠣᠲᠠ  ᠶᠢᠨ ᠠᠮᠢᠳᠣᠷᠠᠯ  ᠳᠠᠭᠠᠨ ᠵᠦᠪ ᠦᠭᠡᠢ ᠭᠦᠮᠣᠰ ᠪᠠ ᠨᠠᠰᠣᠨ  ᠳᠤ ᠦᠯᠦ ᠭᠦᠷᠬᠦ ᠲᠡᠨᠣᠭᠦᠯᠴᠢ  ᠶᠢ ᠠᠪᠣᠷᠠᠨ ᠲᠡᠳᠭᠦᠵᠦ ᠬᠠᠮᠠᠭᠠᠯᠠᠬᠣ ᠠᠵᠢᠯ  ᠢ ᠬᠠᠷᠢᠭᠣᠴᠠᠨ ᠂ ᠣᠷᠣᠭ ᠂ ᠣᠷᠣᠰᠢᠭᠣᠯᠭ᠎ᠠ ᠂ ᠦᠷᠡᠴᠢᠯᠡᠬᠦ ᠠᠵᠢᠯ ᠪᠣᠯᠣᠨ ᠠᠪᠣᠷᠠᠨ ᠲᠡᠳᠭᠦᠬᠦ ᠦᠢᠯᠡᠴᠢᠯᠡᠭᠡᠨ  ᠤ ᠪᠠᠶᠢᠭᠣᠯᠣᠮᠵᠢ  ᠶᠢ ᠬᠠᠮᠢᠶᠠᠷᠣᠯᠲᠠ  ᠶᠢᠨ ᠠᠵᠢᠯ  ᠢ ᠵᠢᠯᠣᠭᠣᠳᠣᠨ᠎ᠠ ᠃ ⑾ ᠦᠨᠳᠣᠰᠣᠨ ᠱᠠᠳᠣᠨ  ᠤ ᠵᠠᠰᠠᠭ  ᠤᠨ ᠡᠷᠭᠡ  ᠶᠢᠨ ᠪᠠᠶᠢᠭᠣᠯᠣᠯᠲᠠ  ᠶᠢᠨ ᠰᠠᠯᠠᠭ᠎ᠠ ᠬᠣᠲᠠ ᠭᠦᠳᠡᠭᠡ  ᠶᠢᠨ ᠦᠨᠳᠣᠰᠣᠨ ᠱᠠᠳᠣᠨ  ᠤ ᠣᠯᠠᠨ ᠲᠦᠮᠡᠨ  ᠤ ᠦᠪᠡᠷᠲᠡᠭᠡᠨ ᠵᠠᠰᠠᠬᠣ ᠵᠣᠬᠢᠶᠠᠨ ᠪᠠᠶᠢᠭᠣᠯᠣᠯᠲᠠ ᠪᠣᠯᠣᠨ ᠨᠡᠶᠢᠭᠡᠮ ᠲᠣᠭᠣᠷᠢᠭ  ᠤᠨ ᠪᠦᠳᠣᠭᠡᠨ ᠪᠠᠶᠢᠭᠣᠯᠣᠯᠲᠠ  ᠶᠢᠨ ᠲᠦᠷᠦ  ᠶᠢᠨ ᠪᠣᠳᠣᠯᠭ᠎ᠠ ᠂ ᠲᠦᠷᠢᠮ ᠲᠣᠭᠳᠠᠭᠠᠯ  ᠢ ᠲᠣᠭᠳᠠᠭᠠᠬᠣ  ᠶᠢᠨ ᠬᠠᠮᠲᠦ ᠵᠢᠯᠣᠭᠣᠳᠣᠨ ᠭᠡᠷᠡᠭᠵᠢᠭᠦᠯᠵᠦ ᠂ ᠦᠨᠳᠣᠰᠣᠨ ᠱᠠᠳᠣᠨ  ᠤ ᠵᠠᠰᠠᠭ  ᠤᠨ ᠡᠷᠭᠡ  ᠶᠢᠨ ᠪᠠᠶᠢᠭᠣᠯᠣᠯᠲᠠ  ᠶᠢ ᠴᠢᠩᠭᠠᠳᠬᠠᠬᠣ ᠲᠣᠬᠠᠢ ᠰᠠᠨᠠᠯ ᠰᠠᠨᠠᠭᠠᠴᠢᠯᠭ᠎ᠠ ᠲᠣᠷᠠᠳᠴᠦ ᠂ ᠨᠡᠶᠢᠭᠡᠮ ᠲᠣᠭᠣᠷᠢᠭ  ᠤᠨ ᠪᠦᠳᠣᠭᠡᠨ ᠪᠠᠶᠢᠭᠣᠯᠣᠯᠲᠠ  ᠶᠢᠨ ᠭᠦᠭᠵᠢᠬᠦᠯᠬᠦ ᠲᠦᠯᠣᠪᠵᠢᠭᠦᠯᠭᠡ ᠲᠣᠷᠠᠳᠣᠨ ᠂ ᠬᠠᠷᠢᠭᠣᠴᠠᠨ ᠨᠠᠶᠢᠳᠠᠪᠣᠷᠢᠵᠢᠭᠣᠯᠵᠦ ᠂ ᠦᠨᠳᠣᠰᠣᠨ ᠱᠠᠳᠣᠨ  ᠤ ᠣᠯᠠᠨ ᠲᠦᠮᠡᠨ  ᠤ ᠦᠪᠡᠷᠲᠡᠭᠡᠨ ᠵᠠᠰᠠᠬᠣ ᠵᠣᠬᠢᠶᠠᠨ ᠪᠠᠶᠢᠭᠣᠯᠣᠯᠲᠠ  ᠶᠢᠨ ᠪᠣᠯᠪᠠᠰᠣᠷᠠᠯ ᠪᠠ ᠱᠠᠩᠨᠠᠨ ᠭᠦᠬᠢᠭᠦᠯᠬᠦ ᠠᠵᠢᠯ  ᠢ ᠵᠢᠯᠣᠭᠣᠳᠴᠦ ᠂ ᠲᠣᠰᠬᠣᠨ ︵ ᠰᠠᠭᠣᠭᠠᠯᠢ ︶  ᠤ ᠠᠷᠠᠳ  ᠤᠨ ᠵᠦᠪᠯᠡᠯ  ᠢ ᠠᠷᠠᠳᠴᠢᠯᠠᠯ  ᠢᠶᠠᠷ ᠰᠣᠩᠭᠣᠬᠣ ᠂ ᠠᠷᠠᠳᠴᠢᠯᠠᠭᠰᠠᠨ ᠰᠡᠢᠳᠪᠣᠷᠢ ᠭᠠᠷᠭᠠᠬᠣ ᠂ ᠠᠷᠠᠳᠴᠢᠯᠠᠯ  ᠢᠶᠠᠷ ᠬᠠᠮᠢᠶᠠᠷᠬᠣ ᠪᠠ ᠠᠷᠠᠳᠴᠢᠯᠠᠭᠰᠠᠨ ᠬᠢᠨᠠᠯᠲᠠ ᠲᠠᠯᠪᠢᠬᠣ ᠠᠵᠢᠯ  ᠢ ᠵᠢᠯᠣᠭᠣᠳᠣᠨ ᠂ ᠲᠣᠰᠬᠣᠨ  ᠤ ᠠᠵᠢᠯ ᠶᠠᠪᠣᠳᠠᠯ  ᠢ ᠢᠯᠡ ᠪᠠᠶᠢᠯᠭᠠᠬᠣ ᠪᠠ ᠦᠨᠳᠣᠰᠣᠨ ᠱᠠᠳᠣᠨ  ᠤ ᠠᠷᠠᠳᠴᠢᠯᠠᠭᠰᠠᠨ ᠣᠯᠣᠰ ᠲᠦᠷᠦ  ᠶᠢᠨ ᠪᠠᠶᠢᠭᠣᠯᠣᠯᠲᠠ  ᠶᠢ ᠠᠬᠢᠭᠣᠯᠣᠨ᠎ᠠ ᠃ ⑿ ᠣᠷᠣᠨ ᠬᠣᠪᠢᠶᠠᠷᠢᠯᠠᠯ ᠭᠠᠵᠠᠷ  ᠤᠨ ᠨᠡᠷ᠎ᠡ  ᠶᠢᠨ ᠠᠯᠪᠠᠨ ᠭᠡᠷ ᠪᠦᠬᠦ ᠬᠣᠲᠠ  ᠶᠢᠨ ᠵᠠᠰᠠᠭ ᠵᠠᠬᠢᠷᠭᠠᠨ  ᠤ ᠣᠷᠣᠨ ᠬᠣᠪᠢᠶᠠᠷᠢᠯᠠᠯ ᠪᠠ ᠵᠠᠰᠠᠭ ᠵᠠᠬᠢᠷᠭᠠᠨ  ᠤ ᠣᠷᠣᠨ ᠨᠣᠳᠣᠭ  ᠤᠨ ᠵᠠᠭᠠᠭ ᠱᠣᠭᠣᠮ ᠂ ᠭᠠᠵᠠᠷ  ᠤᠨ ᠨᠡᠷ᠎ᠡ  ᠶᠢ ᠬᠠᠮᠢᠶᠠᠷᠬᠣ ᠠᠷᠭ᠎ᠠ  ᠶᠢ ᠲᠣᠭᠳᠠᠭᠠᠵᠦ ᠂ ᠵᠠᠰᠠᠭ ᠵᠠᠬᠢᠷᠭᠠᠨ  ᠤ ᠣᠷᠣᠨ ᠨᠣᠳᠣᠭ  ᠢ ᠪᠠᠶᠢᠭᠣᠯᠬᠣ ᠂ ᠣᠰᠠᠳᠬᠠᠬᠣ ᠂ ᠲᠣᠬᠢᠷᠠᠭᠣᠯᠬᠣ ᠂ ᠨᠡᠷ᠎ᠡ  ᠶᠢ  ᠨᠢ ᠦᠭᠡᠷᠡᠴᠢᠯᠡᠬᠦ ᠪᠠ ᠵᠠᠬ᠎ᠠ ᠵᠠᠭᠠᠭ ᠬᠣᠪᠢᠷᠠᠭᠣᠯᠬᠣ ᠪᠣᠯᠣᠨ ᠵᠠᠰᠠᠭ  ᠤᠨ ᠣᠷᠳᠣᠨ  ᠤ ᠰᠠᠭᠣᠭ᠎ᠠ ᠭᠠᠵᠠᠷ  ᠢ ᠨᠡᠭᠦᠯᠭᠡᠬᠦ  ᠶᠢ ᠬᠢᠨᠠᠨ ᠬᠠᠷᠭᠣᠭᠣᠯᠵᠦ ᠮᠡᠳᠡᠭᠦᠯᠣᠨ ᠵᠢᠪᠰᠢᠶᠡᠷᠡᠭᠦ  ᠶᠢ ᠬᠠᠷᠢᠭᠣᠴᠠᠨ ᠂ ᠬᠣᠰᠢᠭᠣ ᠰᠢᠶᠠᠨ ᠲᠣᠭᠣᠷᠢᠭ ᠪᠣᠯᠣᠨ ᠵᠠᠰᠠᠭ ᠵᠠᠬᠢᠷᠭᠠᠨ  ᠤ ᠣᠷᠣᠨ ᠨᠣᠳᠣᠭ  ᠤᠨ ᠵᠠᠬ᠎ᠠ ᠵᠠᠭᠠᠭ  ᠤᠨ ᠱᠣᠭᠱᠮ  ᠢ ᠲᠣᠭᠳᠠᠭᠠᠬᠣ ᠪᠠ ᠬᠠᠮᠢᠶᠠᠷᠬᠣ  ᠶᠢ ᠵᠣᠬᠢᠶᠠᠨ ᠪᠠᠶᠢᠭᠣᠯᠣᠨ ᠵᠣᠬᠢᠴᠠᠭᠣᠯᠵᠦ ᠵᠢᠯᠣᠭᠣᠳᠣᠨ ᠂ ᠬᠣᠰᠢᠭᠣ ᠰᠢᠶᠠᠨ ᠲᠣᠭᠣᠷᠢᠭ  ᠤᠨ ᠵᠠᠬ᠎ᠠ ᠵᠠᠭᠠᠭ  ᠤᠨ ᠮᠠᠷᠭᠣᠭᠠᠨ  ᠢ ᠰᠡᠢᠳᠪᠣᠷᠢᠯᠡᠬᠦ  ᠶᠢ ᠬᠠᠷᠢᠭᠣᠴᠠᠵᠦ ᠂ ᠭᠠᠵᠠᠷ  ᠤᠨ ᠨᠡᠷ᠎ᠡ  ᠶᠢᠨ ᠬᠠᠮᠢᠶᠠᠷᠣᠯᠲᠠ ᠂ ᠭᠠᠵᠠᠷ  ᠤᠨ ᠨᠡᠷ᠎ᠡ  ᠶᠢᠨ ᠲᠡᠮᠳᠡᠭ ᠂ ᠪᠠᠶᠢᠷᠢᠰᠢᠯ ᠂ ᠭᠠᠵᠠᠷ  ᠤᠨ ᠨᠡᠷ᠎ᠡ  ᠶᠢᠨ ᠰᠣᠷᠠᠭ ᠵᠠᠩᠭᠢᠴᠢᠯᠠᠭᠰᠠᠨ ᠦᠢᠯᠡᠴᠢᠯᠡᠭᠡ ᠪᠣᠯᠣᠨ ᠴᠢᠬᠣᠯᠠ ᠪᠦᠬᠦᠢ ᠪᠠᠶᠢᠭᠠᠯᠢ  ᠶᠢᠨ ᠭᠠᠵᠠᠷ ᠵᠦᠢ  ᠶᠢᠨ ᠪᠣᠳᠠᠳᠦ ᠪᠠᠶᠢᠳᠠᠯ ᠪᠣᠯᠣᠨ ᠦᠵᠡᠮᠵᠢ  ᠶᠢᠨ ᠣᠷᠣᠨ  ᠤ ᠨᠡᠷᠡᠶᠢᠳᠣᠯ ᠂ ᠨᠡᠷ᠎ᠡ  ᠶᠢ ᠦᠭᠡᠷᠡᠴᠢᠯᠡᠬᠦ ᠵᠡᠷᠭᠡ  ᠶᠢ ᠬᠠᠷᠢᠭᠣᠴᠠᠨ᠎ᠠ ᠃ ⒀ ᠨᠡᠶᠢᠭᠡᠮ  ᠤᠨ ᠠᠵᠢᠯ  ᠤᠨ ᠰᠠᠯᠠᠭ᠎ᠠ ᠬᠣᠯᠪᠣᠭᠳᠠᠯ ᠪᠦᠬᠦᠢ ᠲᠠᠯ᠎ᠠ  ᠲᠠᠢ ᠣᠶᠠᠯᠳᠣᠨ ᠂ ᠨᠡᠶᠢᠭᠡᠮ  ᠤᠨ ᠠᠵᠢᠯ  ᠢ ᠭᠦᠭᠵᠢᠬᠦᠯᠬᠦ ᠲᠦᠯᠣᠪᠵᠢᠭᠦᠯᠭᠡ ᠂ ᠲᠦᠷᠦ  ᠶᠢᠨ ᠪᠣᠳᠣᠯᠭ᠎ᠠ ᠪᠣᠯᠣᠨ ᠠᠵᠢᠯ ᠦᠢᠯᠡᠰ  ᠤᠨ ᠲᠦᠷᠢᠮᠵᠢᠯ  ᠢ ᠲᠣᠭᠳᠠᠭᠠᠯ ᠶᠣᠰᠣᠭᠠᠷ ᠲᠣᠭᠣᠷᠪᠢᠵᠦ ᠂ ᠨᠡᠶᠢᠭᠡᠮ  ᠤᠨ ᠠᠵᠢᠯ  ᠤᠨ ᠢᠨᠵᠸᠨᠷ  ᠢ ᠪᠦᠷᠢᠳᠭᠡᠬᠦ ᠂ ᠬᠠᠮᠢᠶᠠᠷᠬᠣ ᠠᠵᠢᠯ  ᠢ ᠬᠠᠷᠢᠭᠣᠴᠠᠨ ᠂ ᠨᠡᠶᠢᠭᠡᠮ  ᠤᠨ ᠠᠵᠢᠯ  ᠤᠨ ᠴᠢᠲᠠᠪᠣᠷᠢᠲᠠᠨ  ᠤ ᠡᠩᠨᠡᠭᠡᠨ  ᠤ ᠪᠠᠶᠢᠭᠣᠯᠣᠯᠲᠠ ᠪᠣᠯᠣᠨ ᠬᠣᠯᠪᠣᠭᠳᠠᠯ ᠪᠦᠬᠦᠢ ᠰᠠᠶᠢᠨ ᠲᠣᠷᠠᠴᠣᠣᠨ  ᠤᠨ ᠡᠩᠨᠡᠭᠡᠨ  ᠤ ᠪᠠᠶᠢᠭᠣᠯᠣᠯᠲᠠ  ᠶᠢ ᠠᠬᠢᠭᠣᠯᠣᠨ᠎ᠠ ᠃ ⒁ ᠵᠠᠰᠠᠭ ᠵᠠᠬᠢᠷᠭᠠᠨ  ᠤ ᠠᠵᠢᠯ ᠲᠦᠷᠣᠯ  ᠢ ᠬᠢᠨᠠᠨ ᠵᠦᠪᠰᠢᠶᠡᠷᠬᠦ ᠠᠯᠪᠠᠨ ᠭᠡᠷ ᠣᠯᠣᠰ  ᠤᠨ ᠵᠠᠰᠠᠭ ᠵᠠᠬᠢᠷᠠᠨ  ᠤ ᠬᠢᠨᠠᠨ ᠵᠦᠪᠰᠢᠶᠡᠷᠬᠦ ᠲᠦᠷᠦ  ᠶᠢᠨ ᠪᠣᠳᠣᠯᠭ᠎ᠠ  ᠶᠢ ᠬᠠᠷᠢᠭᠣᠴᠠᠨ ᠭᠡᠷᠡᠭᠵᠢᠬᠦᠯᠵᠦ ᠂ ᠲᠣᠰ ᠰᠠᠯᠠᠭ᠎ᠠ ᠮᠦᠴᠢᠷ  ᠤᠨ ᠵᠠᠰᠠᠭ ᠵᠠᠬᠢᠷᠭᠠᠨ  ᠤ ᠬᠢᠨᠠᠨ ᠵᠦᠪᠰᠢᠶᠡᠷᠭᠦ ᠠᠵᠢᠯ ᠶᠠᠪᠣᠳᠠᠯ  ᠤᠨ ᠶᠠᠪᠣᠴᠠ  ᠶᠢ ᠲᠣᠬᠢᠷᠠᠭᠣᠯᠬᠣ ᠰᠠᠨᠠᠯ ᠲᠣᠷᠠᠳᠬᠣ  ᠶᠢᠨ ᠬᠠᠮᠳᠦ ᠪᠣᠳᠠᠲᠠᠢ ᠵᠣᠬᠢᠶᠠᠨ ᠪᠠᠶᠢᠭᠣᠯᠣᠨ ᠭᠡᠷᠡᠭᠵᠢᠬᠦᠯᠵᠦ ᠂ ᠲᠣᠰ ᠰᠠᠯᠠᠭ᠎ᠠ ᠮᠦᠴᠢᠷ  ᠤᠨ ᠬᠠᠮᠢᠶᠠᠷᠬᠣ ᠵᠠᠰᠠᠭ ᠵᠠᠬᠢᠷᠭᠠᠨ  ᠤ ᠵᠦᠪᠰᠢᠶᠡᠷᠡᠯ  ᠤᠨ ᠦᠨᠡᠮᠯᠡᠯ ᠂ ᠵᠠᠰᠠᠭ ᠵᠠᠬᠢᠷᠭᠠᠨ ᠪᠣᠰᠦ ᠵᠦᠪᠰᠢᠶᠡᠷᠡᠯ  ᠤᠨ ᠦᠨᠡᠮᠯᠡᠯ ᠵᠡᠷᠭᠡ ᠬᠢᠨᠠᠨ ᠵᠦᠪᠰᠢᠶᠡᠷᠭᠦ ᠠᠵᠢᠯ ᠶᠠᠪᠣᠳᠠᠯ ᠬᠠᠷᠢᠭᠣᠴᠠᠨ ᠭᠦᠢᠴᠡᠳᠭᠡᠵᠦ ᠂ ᠵᠠᠰᠠᠭ ᠵᠠᠬᠢᠷᠭᠠᠨ  ᠤ ᠦᠢᠯᠡᠴᠢᠯᠡᠭᠡᠨ  ᠤ ᠠᠵᠢᠯ ᠲᠦᠷᠣᠯ  ᠢ ᠬᠠᠷᠢᠭᠣᠴᠠᠨ ᠭᠦᠢᠴᠡᠳᠭᠡᠭᠦ  ᠶᠢᠨ ᠬᠠᠮᠳᠦ ᠠᠵᠢᠯ ᠲᠦᠷᠣᠯ  ᠢ ᠭᠦᠢᠴᠡᠳᠭᠡᠭᠦ  ᠳᠡᠭᠡᠨ ᠡᠷᠭᠡᠪᠡᠰᠢ ᠬᠢᠨᠠᠨ ᠪᠠᠶᠢᠴᠠᠭᠠᠬᠣ ᠂ ᠬᠢᠨᠠᠨ ᠰᠢᠯᠭᠠᠬᠣ ᠠᠵᠢᠯ  ᠢ ᠬᠢᠨᠠᠮᠠᠭᠠᠢ ᠭᠦᠶ᠋ᠢᠴᠡᠳᠭᠡᠨ᠎ᠡ ᠃ ᠲᠡᠭᠡᠷ᠎ᠠ ᠱᠠᠳᠣᠨ  ᠳᠤ ᠮᠡᠳᠡᠭᠦᠯᠵᠦ ᠵᠦᠪᠰᠢᠶᠡᠷᠡᠭᠦᠯᠬᠦ ᠵᠣᠬᠢᠰᠲᠡᠢ ᠠᠵᠢᠯ ᠶᠠᠪᠣᠳᠠᠯ  ᠢ ᠬᠢᠨᠠᠨ ᠬᠠᠷᠭᠣᠭᠣᠯᠵᠦ ᠲᠡᠭᠡᠭᠰᠢ ᠮᠡᠳᠡᠭᠦᠯᠣᠨ ᠂ ᠰᠠᠯᠠᠭ᠎ᠠ ᠮᠦᠴᠢᠷ  ᠤᠨ ᠣᠳᠣᠷᠢᠳᠣᠯᠭ᠎ᠠ  ᠶᠢᠨ ᠲᠣᠰᠢᠶᠠᠭᠰᠠᠨ ᠵᠠᠰᠠᠭ ᠵᠠᠬᠢᠷᠭᠠᠨ  ᠤ ᠬᠢᠨᠠᠨ ᠵᠦᠪᠰᠢᠶᠡᠷᠡᠭᠦ ᠠᠵᠢᠯ  ᠳᠤ ᠬᠣᠯᠪᠣᠭᠳᠠᠬᠣ ᠪᠣᠰᠣᠣᠨ ᠠᠵᠢᠯ  ᠢ ᠬᠠᠷᠢᠭᠣᠴᠠᠨ ᠭᠦᠢᠴᠡᠳᠭᠡᠨ᠎ᠡ ᠃ ᠰᠠᠬᠢᠯᠭ᠎ᠠ ᠪᠠᠳᠦ ᠪᠠᠶᠢᠴᠠᠭᠠᠬᠣ ᠬᠢᠨᠠᠨ ᠪᠠᠶᠢᠴᠠᠭᠠᠬᠣ ᠲᠠᠰᠣᠭ ᠪᠠᠶᠢᠭᠣᠯᠭ᠎ᠠ ᠪᠣᠯᠣᠨ ᠬᠠᠷᠢᠶ᠎ᠠ ᠪᠦᠬᠦᠢ ᠠᠵᠢᠯ ᠦᠢᠯᠡᠰ  ᠤᠨ ᠨᠢᠭᠡᠴᠡ  ᠤᠨ ᠰᠠᠬᠢᠯᠭ᠎ᠠ ᠪᠠᠳᠦ ᠪᠠᠶᠢᠴᠠᠭᠠᠬᠣ ᠬᠢᠨᠠᠨ ᠪᠠᠶᠢᠴᠠᠭᠠᠬᠣ ᠠᠵᠢᠯ  ᠢ ᠬᠠᠷᠢᠭᠣᠴᠠᠨ᠎ᠠ ᠃ ᠠᠵᠢᠯ  ᠠᠴᠠ  ᠪᠠᠨ ᠰᠠᠯᠣᠵᠦ ᠠᠮᠣᠰᠭᠢᠭ᠍ᠰᠡᠨ ᠺᠠᠳᠠᠷ ᠠᠵᠢᠯᠲᠠᠨ  ᠤ ᠠᠵᠢᠯ  ᠤᠨ ᠰᠠᠯᠠᠭ᠎ᠠ ᠪᠠᠶᠢᠭᠣᠯᠭ᠎ᠠ  ᠶᠢᠨ ᠠᠵᠢᠯ  ᠠᠴᠠ  ᠪᠠᠨ ᠰᠠᠯᠣᠵᠦ ᠠᠮᠣᠰᠬᠢᠭ᠍ᠰᠡᠨ ᠺᠠᠳᠠᠷ ᠠᠵᠢᠯᠲᠠᠨ  ᠢ ᠬᠠᠮᠢᠶᠠᠷᠬᠣ ᠪᠠ ᠦᠢᠯᠡᠴᠢᠯᠡᠬᠦ ᠠᠵᠢᠯ  ᠢ ᠬᠠᠷᠢᠭᠣᠴᠠᠨ ᠂ ᠬᠠᠷᠢᠶ᠎ᠠ ᠪᠦᠬᠦᠢ ᠨᠢᠭᠡᠴᠡ ᠶᠢᠨᠪᠠᠶᠢᠭᠣᠯᠭ᠎ᠠ  ᠶᠢᠨ ᠠᠵᠢᠯ  ᠠᠴᠠ  ᠪᠠᠨ ᠰᠠᠯᠣᠵᠦ ᠠᠮᠣᠰᠬᠢᠭ᠍ᠰᠡᠨ ᠺᠠᠳᠠᠷ ᠠᠵᠢᠯᠲᠠᠨ  ᠢ ᠬᠠᠮᠢᠶᠠᠷᠬᠣ ᠪᠠ ᠦᠢᠯᠡᠴᠢᠯᠡᠬᠦ ᠠᠵᠢᠯ  ᠢ ᠬᠠᠷᠢᠭᠣᠴᠠᠨ᠎ᠠ ᠃ 3 ᠂ ᠰᠢᠭᠣᠣᠨ ᠬᠠᠷᠢᠶ᠎ᠠ ᠨᠢᠭᠡᠴᠡ ᠄ ᠠᠷᠠᠳ  ᠤᠨ ᠶᠠᠪᠣᠳᠠᠯ  ᠤᠨ ᠲᠣᠪᠴᠢᠶᠠᠨ  ᠳᠤ ᠬᠠᠷᠢᠶᠠᠯᠠᠭᠳᠠᠬᠣ ᠠᠵᠦ ᠠᠬᠣᠶᠢᠯᠠᠯ ᠠᠵᠢᠯ ᠦᠢᠯᠡᠰ  ᠤᠨ ᠨᠢᠭᠡᠴᠡ27 ᠪᠠᠶᠢᠵᠦ ᠡᠭᠦᠨ  ᠳᠤ ᠂ ᠠᠵᠢᠯ ᠦᠢᠯᠡᠰ  ᠤᠨ ᠨᠢᠭᠡᠴᠡ23 ᠂ ᠠᠵᠦ ᠠᠬᠣᠶᠢᠯᠠᠯ  ᠤᠨ ᠨᠢᠭᠡᠴᠡ4 ᠪᠣᠢ ᠃ ︵ 1 ︶ ᠬᠦᠬᠡᠬᠣᠲᠡ  ᠶᠢᠨ ᠨᠠᠰᠣᠳᠠᠶᠢᠴᠣᠣᠨ  ᠤᠨ ᠵᠦᠪᠯᠡᠯ  ᠤᠨ ᠠᠯᠪᠠᠨ ᠭᠡᠷ ︵ 2 ︶ ᠬᠦᠬᠡᠬᠣᠲᠡ  ᠶᠢᠨ ᠬᠣᠣᠰ  ᠢ ᠭᠦᠷᠢᠶᠡᠯᠡᠬᠦ ᠠᠯᠪᠠᠨ ᠭᠡᠷ ︵ 3︶ ᠬᠦᠬᠡᠬᠣᠲᠡ  ᠶᠢᠨ ᠴᠢᠷᠢᠭ ᠠᠩᠭᠢ  ᠠᠴᠠ ᠠᠵᠢᠯ  ᠤᠨ ᠠᠮᠣᠷᠠᠯᠲᠠ  ᠪᠠᠨ ᠠᠪᠣᠭᠰᠠᠳ  ᠤᠨ ᠨᠢᠭᠡᠳᠣᠭᠡᠷ ᠰᠣᠪᠢᠯᠠᠯᠲᠠ  ᠶᠢᠨ ᠭᠠᠵᠠᠷ ︵ 4 ︶ ᠭᠦᠬᠡᠬᠣᠲᠡ  ᠶᠢᠨ ᠴᠢᠷᠢᠭ ᠠᠩᠭᠢ  ᠠᠴᠠ ᠠᠵᠢᠯ  ᠤᠨ ᠠᠮᠠᠷᠠᠯᠲᠠ  ᠪᠠᠨ ᠠᠪᠣᠭᠰᠠᠳ  ᠤᠨ ᠬᠣᠶᠠᠳᠣᠭᠠᠷ ᠰᠣᠪᠢᠯᠠᠯᠲᠠ  ᠶᠢᠨ ᠭᠠᠵᠠᠷ ︵ 5 ︶ ᠭᠦᠬᠡᠬᠣᠲᠡ  ᠶᠢᠨ ᠴᠢᠷᠢᠭ ᠠᠩᠭᠢ  ᠠᠴᠠ ᠠᠵᠢᠯ  ᠤᠨ ᠠᠮᠠᠷᠠᠯᠲᠠ  ᠪᠠᠨ ᠠᠪᠣᠭᠰᠠᠳ  ᠤᠨ ᠭᠣᠷᠪᠠᠳᠣᠭᠠᠷ ᠰᠣᠪᠢᠯᠠᠯᠲᠠ  ᠶᠢᠨ ᠭᠠᠵᠠᠷ ︵ 6 ︶ ᠭᠦᠬᠡᠬᠣᠲᠡ  ᠶᠢᠨ ᠴᠢᠷᠢᠭ ᠠᠩᠭᠢ  ᠠᠴᠠ ᠠᠵᠢᠯ  ᠤᠨ ᠠᠮᠠᠷᠠᠯᠲᠠ  ᠪᠠᠨ ᠠᠪᠣᠭᠰᠠᠳ  ᠤᠨ ᠲᠦᠷᠪᠡᠳᠣᠭᠡᠷ ᠰᠣᠪᠢᠯᠠᠯᠲᠠ  ᠶᠢᠨ ᠭᠠᠵᠠᠷ ︵ 7 ︶ ᠭᠦᠬᠡᠬᠣᠲᠠ  ᠶᠢᠨ ᠬᠣᠲᠠ  ᠶᠢᠨ ᠰᠠᠭᠣᠭᠠᠯᠢ ᠠᠷᠠᠳ  ᠤᠨ ᠬᠠᠮᠣᠭ ᠲᠣᠣᠷ᠎ᠠ ᠠᠮᠢᠳᠣᠷᠠᠯ  ᠤᠨ ᠪᠠᠳᠣᠯᠭ᠎ᠠ ᠬᠠᠩᠭᠠᠬᠣ ᠠᠯᠪᠠᠨ ᠭᠡᠷ ︵ 8 ︶ ᠭᠦᠬᠡᠬᠣᠲᠡ  ᠶᠢᠨ ᠴᠢᠷᠢᠭ  ᠤᠨ ᠠᠵᠢᠯ  ᠤᠨ ᠬᠠᠩᠭᠠᠯᠭ᠎ᠠ  ᠶᠢᠨ ᠦᠷᠲᠡᠭᠡ ︵ 9 ︶ ᠭᠦᠬᠡᠬᠣᠲᠡ  ᠶᠢᠨ ᠨᠡᠶᠢᠭᠡᠮ  ᠤᠨ ᠠᠰᠠᠷᠠᠮᠵᠢ  ᠶᠢᠨ ᠭᠦᠷᠢᠶᠡᠯᠡᠩ ︵10 ︶ ᠭᠦᠬᠡᠬᠣᠲᠡ  ᠶᠢᠨ ᠢᠷᠠᠭᠣ ᠠᠯᠳᠠᠷᠳᠠᠨ  ᠤ ᠭᠦᠷᠢᠶᠡᠯᠡᠩ ︵ 11 ︶ ᠬᠦᠬᠡᠬᠣᠲᠡ  ᠶᠢᠨ ᠣᠨᠴᠠᠭᠠᠢ ᠰᠣᠷᠭᠠᠨ ᠭᠦᠮᠣᠵᠢᠯ  ᠤᠨ ᠰᠣᠷᠭᠠᠭᠣᠯᠢ ︵12 ︶ ᠬᠦᠬᠡᠬᠣᠲᠡ  ᠶᠢᠨ ᠠᠪᠣᠷᠠᠨ ᠲᠡᠳᠭᠦᠭᠦ ᠬᠠᠮᠢᠶᠠᠷᠣᠯᠲᠠ  ᠶᠢᠨ ᠦᠷᠲᠡᠭᠡ ︵13 ︶ ᠬᠦᠬᠡᠬᠣᠲᠡ  ᠶᠢᠨ ᠣᠷᠣᠰᠢᠭᠣᠯᠭ᠎ᠠ  ᠶᠢᠨ ᠠᠵᠢᠯ  ᠤᠨ ᠬᠠᠮᠢᠶᠠᠷᠣᠯᠲᠠ  ᠶᠢᠨ ᠦᠷᠲᠡᠭᠡ ︵14 ︶ ᠬᠦᠬᠡᠬᠣᠲᠡ  ᠶᠢᠨ ᠲᠠᠯᠠᠨ ᠬᠠᠷ᠎ᠠ ᠨᠡᠶᠢᠲᠡ  ᠶᠢᠨ ᠣᠩᠭᠣᠨ  ᠤ ᠬᠠᠮᠢᠶᠠᠷᠣᠯᠲᠠ  ᠶᠢᠨ ᠭᠠᠵᠠᠷ ︵15 ︶ ᠬᠦᠬᠡᠬᠣᠲᠡ  ᠶᠢᠨ ᠨᠡᠶᠢᠲᠡ  ᠶᠢᠨ ᠠᠰᠠᠷᠠᠮᠵᠢ  ᠶᠢᠨ ᠱᠠᠩᠨᠠᠯ  ᠲᠠᠢ ᠵᠣᠭᠣᠰ ᠴᠣᠭᠯᠠᠭᠣᠯᠬᠣ ᠵᠦᠪᠯᠡᠯ  ᠤᠨ ᠠᠯᠪᠠᠨ ᠭᠡᠷ ︵16 ︶ ᠬᠦᠬᠡᠬᠣᠲᠡ  ᠶᠢᠨ ᠨᠠᠰᠣᠳᠠᠶᠢᠴᠣᠣᠨ  ᠤᠨ ᠠᠰᠠᠷᠠᠮᠵᠢ  ᠤᠨ ᠭᠦᠷᠢᠶᠡᠯᠡᠩ ︵17 ︶ ᠬᠦᠬᠡᠬᠣᠲᠡ  ᠶᠢᠨ ᠨᠡᠶᠢᠭᠡᠮ  ᠤᠨ ᠠᠰᠠᠷᠠᠮᠵᠢ  ᠶᠢᠨ ᠦᠢᠯᠡᠳᠪᠣᠷᠢᠯᠡᠯ  ᠤᠨ ᠠᠯᠪᠠᠨ ᠭᠡᠷ ︵ 18 ︶ ᠬᠦᠬᠡᠬᠣᠲᠡ  ᠶᠢᠨ ᠮᠡᠳᠡᠷᠡᠯ  ᠤᠨ ᠡᠷᠡᠭᠦᠯᠵᠢᠯ  ᠤᠨ ᠡᠮᠨᠡᠯᠭᠡ  ᠶᠢᠨ ᠬᠣᠷᠢᠶ᠎ᠠ ︵19 ︶ ᠬᠦᠬᠡᠬᠣᠲᠡ  ᠶᠢᠨ ᠬᠣᠭᠡᠳ  ᠤᠨ ᠠᠰᠠᠷᠠᠮᠵᠢ  ᠶᠢᠨ ᠭᠦᠷᠢᠶᠡᠯᠡᠩ ︵20 ︶ ᠭᠦᠬᠡᠬᠣᠲᠡ  ᠶᠢᠨ ᠨᠠᠰᠣᠳᠠᠶᠢᠴᠣᠣᠨ  ᠤᠨ ᠠᠵᠢᠯ ᠦᠢᠯᠡᠰ  ᠤᠨ ᠦᠢᠯᠡᠴᠢᠯᠡᠬᠦ ᠲᠦᠪ ︵21 ︶ ᠭᠦᠬᠡᠬᠣᠲᠡ  ᠶᠢᠨ ᠨᠠᠰᠣᠳᠠᠶᠢᠴᠣᠣᠨ  ᠤᠨ ᠨᠡᠶᠢᠲᠡ  ᠶᠢᠨ ᠰᠠᠭᠣᠴᠠ  ᠶᠢᠨ ᠬᠠᠮᠢᠶᠠᠷᠣᠯᠲᠠ  ᠶᠢᠨ ᠭᠠᠵᠠᠷ ︵22 ︶ ᠬᠦᠬᠡᠬᠣᠲᠡ  ᠶᠢᠨ ᠡᠷᠡᠭᠦᠯᠵᠢᠬᠦᠯᠬᠦ ᠶᠡᠷᠣᠩᠭᠡᠢ ᠡᠮᠨᠡᠯᠭᠡ ︵23 ︶ ᠬᠦᠬᠡᠬᠣᠲᠡ  ᠶᠢᠨ ᠣᠷᠣᠰᠢᠭᠣᠯᠭ᠎ᠠ  ᠶᠢᠨ ᠭᠠᠵᠠᠷ ︵24 ︶ ᠦᠪᠣᠷ ᠮᠣᠩᠭᠣᠯ  ᠤᠨ ᠠᠷᠠᠳ  ᠤᠨ ᠶᠠᠪᠣᠳᠠᠯ  ᠤᠨ ᠣᠷᠦ ᠲᠡᠪᠢᠰᠭᠡᠷ  ᠤᠨ ᠦᠢᠯᠡᠳᠪᠣᠷᠢ ︵25 ︶ ᠬᠦᠬᠡᠬᠣᠲᠡ  ᠶᠢᠨ ᠪᠠᠷᠢᠯᠭ᠎ᠠ  ᠶᠢᠨ ᠰᠦᠯᠢᠶᠣᠦ  ᠶᠢᠨ ᠦᠢᠯᠡᠳᠪᠣᠷᠢ ︵26 ︶ ᠬᠦᠬᠡᠬᠣᠲᠡ  ᠶᠢᠨ ᠯᠢ ᠰᠢᠨ ᠮᠣᠳᠣᠨ ᠮᠠᠲ᠋ᠸᠷᠢᠶᠠᠯ  ᠤᠨ ᠦᠢᠯᠡᠳᠪᠣᠷᠢ ︵27 ︶ ᠬᠦᠬᠡᠬᠣᠲᠡ  ᠶᠢᠨ ᠭᠣᠮ ᠭᠡᠪᠯᠡᠯ  ᠤᠨ ᠦᠢᠯᠡᠳᠪᠣᠷᠢ ᠠᠯᠪᠠᠨ ᠭᠠᠵᠠᠷ ᠄ ᠦᠪᠣᠷ ᠮᠣᠩᠭᠣᠯ  ᠤᠨ ᠭᠦᠬᠡᠬᠣᠲᠡ  ᠶᠢᠨ ᠰᠢᠨᠬᠣᠸᠡ ᠶᠡᠭᠡ ᠵᠡᠭᠡᠯᠢ  ᠶᠢᠨ87 ᠨᠣᠮᠸᠷ ᠂ ᠨᠠᠢ ᠯᠦᠨ ᠣᠯᠠᠨ ᠣᠯᠣᠰ  ᠤᠨB ᠰᠠᠭᠣᠳᠠᠯ  ᠤᠨ20 ᠳ᠋ᠣᠭᠠᠷ ᠲᠠᠪᠬᠣᠷᠭ᠎ᠠ ᠬᠠᠷᠢᠯᠴᠠᠬᠣ ᠣᠳᠠᠰᠦ ᠄ 0471︱︱5181050