ᠬᠦᠳᠡᠭᠡᠲᠠᠯ᠎ᠠ ᠮᠦᠰᠦ ᠴᠠᠰᠤᠨ  ᠦ ᠰᠤᠶᠤᠯ ᠵᠢᠭᠤᠯᠴᠢᠯᠠᠯ  ᠥᠨ ᠨᠠᠢᠢᠷ

2018-01-17 / ᠬᠦᠬᠡᠬᠣᠲᠠ


ᠠᠩᠬᠠᠳᠤᠭᠠᠷ ᠬᠤᠭᠤᠴᠠᠭᠠᠨ ᠤ ᠬᠦᠳᠡᠭᠡᠲᠠᠯ᠎ᠠ ᠮᠥᠰᠥ ᠴᠠᠰᠤᠨ ᠤ ᠰᠤᠶᠤᠯ ᠵᠢᠭᠤᠯᠴᠢᠯᠠᠯ  ᠥᠨ ᠨᠠᠶᠢᠷ  ᠨᠢ 2018 ᠣᠨ  ᠤ 1 ᠰᠠᠷ᠎ᠠ   ᠥᠨ 16  ᠡᠴᠨ 3ᠰᠠᠷ᠎ᠠ  ᠶᠢᠨ 3 ᠤ ᠡᠳᠦᠷ ᠪᠤᠯᠲᠠᠯ᠎ᠠ ᠥᠪᠥᠷ ᠮᠣᠩᠭᠣᠯ ᠤᠨ ᠬᠥᠬᠡᠬᠣᠲᠠ ᠳᠤ ᠶᠠᠪᠤᠭᠳᠠᠨ᠎ᠠ ᠃ ᠬᠦᠳᠡᠭᠡᠲᠠᠯ᠎ᠠ ᠮᠥᠰᠥ ᠴᠠᠰᠤᠨ ᠤ ᠰᠤᠶᠤᠯ ᠵᠢᠭᠤᠯᠴᠢᠯᠠᠯ  ᠥᠨ ᠨᠠᠶᠢᠷ  ᠨᠢ ︽ ᠮᠦᠰᠦ ᠴᠠᠰᠦᠨ  ᠦ ᠭᠤᠶᠤᠮᠰᠠᠭ  ᠢ ᠬᠠᠮᠲᠦ  ᠪᠷ ᠮᠡᠳᠡᠷᠡᠵᠦ ᠂ ᠲᠠᠩᠰᠣᠭ ᠰᠠᠢᠢᠬᠠᠨ ᠲᠠᠯ᠎ᠠ  ᠢ ᠬᠠᠮᠲᠦ ᠪᠷ ᠪᠠᠢᠢᠭᠤᠯᠬᠤ 》   ᠪᠠᠷ ᠭᠣᠣᠯ ᠵᠤᠷᠢᠯᠲᠠ  ᠪᠡᠨ ᠪᠤᠯᠭᠠᠵᠦ ᠂ 《 ᠮᠥᠰᠥ ᠴᠠᠰᠤᠨ ᠤ ᠵᠤᠭᠠᠴᠠᠯ 》  ᠢᠶᠠᠷ ᠭᠣᠣᠯ ᠠᠭᠤᠯᠭ᠎ᠠ ᠪᠤᠯᠭᠠᠨ ᠂ ᠡᠪᠦᠯ ᠦᠨ ᠦᠵᠡᠮᠵᠢ  ᠥ  ᠶᠢᠨ ᠤᠷᠤᠨ  ᠢ ᠪᠠᠢᠢᠭᠤᠯᠬᠤ     ᠶᠢᠨ ᠵᠡᠷᠭᠡᠴᠡᠭᠡ ᠂ ᠲᠠᠯ᠎ᠠ ᠨᠤᠲᠤᠭ  ᠥᠨ ᠦᠨᠳᠦᠰᠦᠲᠡᠨ ᠦ ᠤᠨᠴᠠᠯᠢᠭ ᠪᠦᠬᠦᠢ ᠵᠤᠭᠠᠴᠠᠯ  ᠥᠨ ᠪᠠᠷᠠᠭ᠎ᠠ  ᠲᠠᠸᠠᠷ  ᠥᠨ   ᠪᠤᠷᠤᠯᠠᠭᠤᠯᠭ᠎ᠠ   ᠢᠢ ᠠᠬᠢᠭᠤᠯᠤᠨ ᠂ ᠡᠪᠦᠯ ᠦᠨ ᠤᠯᠠᠷᠢᠯ  ᠥᠨ ᠵᠤᠭᠠᠴᠠᠯ ᠤᠨ ᠡᠬᠢ ᠪᠠᠶᠠᠯᠢᠭ  ᠢ ᠤᠬᠠᠭᠤᠯᠵᠤ ᠂ ᠬᠤᠳᠠ ᠶᠢᠨ ᠵᠤᠭᠠᠴᠠᠯ ᠤᠨ ᠰᠣᠶᠣᠯ ᠤᠨ ᠭᠣᠣᠯ ᠤᠷᠤᠰᠬᠠᠯ  ᠶᠢᠨ ᠰᠢᠨ᠎ᠡ ᠳᠦᠷᠢ ᠲᠥᠷᠬᠦ ᠶᠢ ᠪᠤᠢ ᠪᠣᠯᠭᠠᠵᠤ ᠂ ᠭᠤᠤ ᠎ᠠ ᠰᠠᠢᠢᠬᠠᠨ  ᠤ ᠪᠠᠷᠢᠮᠵᠢᠶ᠎ᠠ ᠢᠢ ᠳᠡᠭᠡᠰᠢᠯᠡᠭᠦᠯᠵᠦ᠂ ᠬᠥᠬᠡᠬᠣᠲᠠ ᠶᠢᠨ ᠵᠤᠭᠠᠴᠠᠯ ᠤᠨ ᠡᠬᠢ ᠪᠠᠶᠠᠯᠢᠭ  ᠶᠢᠨ ᠵᠠᠬ᠎ᠠ ᠳᠡᠯᠭᠡᠭᠦᠷ ᠦᠨ ᠦᠷᠢᠰᠤᠯᠳᠦᠬᠦ ᠬᠦᠴᠦᠨ  ᠢ ᠤᠬᠠᠭᠤᠯᠤᠨ᠎ᠠ ᠃
20180110170259_4236
ᠲᠤᠰ ᠤᠳᠠᠭᠠᠨ  ᠤ ᠮᠦᠰᠦ ᠴᠠᠰᠤᠨ ᠤ ᠰᠤᠶᠤᠯ ᠵᠤᠭᠠᠴᠠᠯ  ᠨᠠᠢᠢᠷ  ᠢ ᠳᠤᠮᠳᠠᠳᠦ ᠤᠯᠤᠰ  ᠥᠨ ᠡᠪ ᠬᠠᠮᠲᠦ ᠨᠠᠮ  ᠥᠨ ᠰᠢᠨ᠎ᠠ ᠬᠤᠲᠠ ᠲᠤᠭᠤᠷᠢᠭ  ᠥᠨ ᠬᠦᠷᠢᠶ᠎ᠠ ᠂ᠤᠷᠤᠨ ᠦ ᠵᠠᠰᠠᠭ᠍ ᠥᠨ ᠤᠷᠳᠤᠨ ᠭᠤᠤᠯᠯᠠᠨ ᠡᠷᠬᠢᠯᠡᠵᠦ᠂ᠦᠪᠤᠷ ᠮᠤᠩᠭᠤᠯ  ᠥᠨ ᠰᠢᠨ ᠲᠦᠸᠸ ᠠᠠᠮᠢ ᠠᠬᠤᠢ  ᠶᠢᠨ ᠪᠡᠯᠡ ᠤᠷᠤᠭᠤᠯᠤᠯᠲᠠ  ᠶᠢᠨ ᠬᠦᠭᠵᠢᠯᠲᠡ  ᠶᠢᠨ ᠬᠢᠵᠠᠭᠠᠷᠲᠦ ᠺᠤᠮᠫᠠᠨᠢ ᠳᠠᠭᠠᠭᠠᠴᠢᠯᠠᠨ ᠡᠷᠬᠢᠯᠡᠪᠡ᠃ ᠲᠤᠰ ᠤᠳᠠᠭᠠᠨ  ᠶᠢᠨ ᠠᠵᠢᠯᠯᠠᠭ᠎ᠠ  ᠨᠢ ᠳᠤᠮᠳᠠᠳᠤ ᠤᠯᠤᠰ  ᠥᠨ ᠳᠡᠯᠭᠡᠨ ᠦᠵᠡᠭᠦᠯᠦᠯᠭᠡ  ᠶᠢᠨ ᠲᠠᠩᠬᠢᠮ  ᠥᠨ ᠮᠤᠩᠭᠤᠯ ᠭᠡᠷ  ᠤᠳ  ᠥᠨ ᠤᠢᠢᠷ᠎ᠠ ᠲᠤᠭᠤᠷᠢᠨ  ᠳᠦ ᠶᠠᠪᠤᠭᠳᠠᠵᠦ᠂500ᠮᠦ ᠲᠠᠯᠠᠪᠠᠢ ᠡᠵᠡᠯᠡᠨ ᠂ ᠠᠵᠢᠯᠯᠠᠭ᠎ᠠ  ᠨᠢ ᠭᠤᠤᠯᠳᠠᠭᠤ ᠮᠦᠰᠦᠨ ᠱᠤᠭᠤᠮᠠᠯ ᠂ᠦᠨᠭᠭᠡᠲᠦ  ᠳᠡᠸᠨᠭᠯᠦ᠂ LED  ᠳᠸᠭ  ᠥᠨ ᠱᠤᠭᠤᠮᠠᠨᠯ᠂ᠮᠦᠰᠦ ᠴᠠᠰᠤᠨ  ᠶᠢᠨ ᠵᠤᠭᠠᠴᠠᠯ  ᠥᠨ ᠬᠦᠳᠡᠯᠭᠡᠭᠡᠨ ᠂ ᠠᠮᠲᠠᠲᠦ ᠢᠳᠡᠭᠡᠨ  ᠦ ᠯᠢᠨᠭ ᠵᠢᠨ ᠪᠠ ᠡᠪᠤᠯ  ᠥᠨ ᠤᠯᠠᠷᠢᠯ  ᠥᠨ ᠨᠠᠭᠠᠳᠤᠮ  ᠥᠨ ᠬᠦᠳᠡᠯᠭᠡᠭᠡᠨ ᠵᠡᠷᠭᠡ ᠳᠤᠯᠤᠭᠠᠨ ᠶᠡᠬᠡ ᠲᠦᠷᠦᠯ  ᠢ ᠪᠠᠭᠲᠠᠭᠠᠵᠠᠢ᠃ ᠲᠠ ᠲᠡᠨᠳᠡ ᠤᠴᠢᠲᠠᠯ ᠶᠠᠭ ᠯᠡ ᠭᠡᠷᠡᠯ  ᠥᠨ ᠭᠤᠤᠯᠢ ᠪᠷ ᠰᠢᠪᠲᠤᠯᠠᠵᠤ ᠂ᠵᠡᠭᠦᠳᠦᠨ ᠦ ᠶᠢᠷᠲᠢᠨᠴᠦ  ᠳᠦ ᠤᠷᠤᠭᠰᠠᠨ ᠮᠡᠲᠦ ᠲᠦᠷᠦᠭᠳᠡᠯ ᠦᠭᠭᠦᠨ᠎ᠠ᠃ᠲᠦ᠍ᠮᠡ ᠪᠤᠮᠠ LED  ᠳᠸᠭ  ᠥᠨ ᠭᠡᠷᠡᠯᠲᠦᠭᠦᠯᠭᠡ  ᠨᠢ ᠴᠤᠭ   ᠢᠢᠷ ᠲᠠᠨ  ᠳᠦ ᠷᠤᠮᠠᠨᠳᠢᠭ ᠭᠡᠷᠡᠯ  ᠥᠨ ᠮᠡᠳᠡᠷᠡᠮᠵᠢ ᠦᠭᠭᠦᠨ᠎ᠠ᠃ᠦᠨᠳᠦᠷ ᠵᠡᠷᠭᠡ   ᠶᠢᠨ ᠮᠡᠷᠭᠡᠵᠢᠯ  ᠶᠢᠷ ᠬᠢᠵᠦ ᠭᠠᠷᠭᠠᠭᠰᠠᠨ ᠮᠦᠰᠦ ᠴᠠᠰᠤᠨ  ᠦ ᠱᠤᠭᠤᠮᠠᠯ ᠂ᠮᠦᠰᠦ ᠴᠠᠰᠤᠨ  ᠦ ᠵᠤᠭᠠᠴᠠᠯ᠂ᠮᠦᠰᠦ ᠴᠠᠰᠤᠨ  ᠦ ᠲᠠᠮᠢᠷ  ᠥᠨ ᠬᠦᠳᠡᠯᠭᠡᠭᠡᠨ ᠪᠷ ᠳᠠᠮᠵᠢᠭᠤᠯᠤᠨ ᠂ ᠠᠩᠬᠠᠳᠤᠭᠠᠷ ᠤᠳᠠᠭᠠᠨ   ᠦ ᠮᠦᠰᠦ ᠴᠠᠰᠤᠨ  ᠦ ᠰᠤᠶᠤᠯ ᠵᠤᠭᠠᠴᠠᠯ  ᠥᠨ ᠨᠠᠢᠢᠷ  ᠢ ᠦᠪᠦᠷ ᠮᠤᠩᠭᠤᠯ ᠲᠡᠷᠴᠢᠯᠡᠨ ᠪᠦᠬᠦ ᠤᠯᠤᠰ  ᠲᠦ ᠨᠡᠷᠡᠲᠦ ᠲᠡᠮᠲᠡᠭᠲᠦ ᠪᠦᠬᠦᠢ ᠮᠦᠰᠥ ᠴᠠᠰᠤᠨ  ᠦ ᠨᠠᠢᠢᠷ ᠪᠤᠯᠭᠠᠵᠦ ᠂ᠬᠦᠬᠡᠬᠤᠲᠠ  ᠶᠢᠨ ᠤᠯᠠᠨ ᠲᠦᠮᠡᠨ  ᠦ ᠡᠪᠤᠯ  ᠥᠨ ᠤᠯᠠᠷᠢᠯ  ᠥᠨ ᠵᠤᠭ᠎ᠠ ᠴᠡᠨᠭᠬᠡᠭᠦᠨ  ᠦ ᠠᠮᠢᠳᠦᠷᠠᠯ  ᠢ ᠪᠠᠶᠠᠯᠢᠭᠵᠢᠭᠤᠯᠬᠤ  ᠶᠢᠨ ᠬᠡᠷᠡᠭᠴᠡᠭᠡ᠂ᠬᠦ᠍ᠬᠡᠬᠤᠲᠠ  ᠶᠢᠨ ᠡᠪᠤᠯ  ᠥᠨ ᠤᠯᠠᠷᠢᠯ  ᠥᠨ ᠵᠤᠭᠠᠴᠠᠯ  ᠥᠨ ᠬᠡᠷᠡᠭᠯᠡᠭᠡᠨ  ᠦ ᠰᠢᠨ᠎ᠠ ᠬᠠᠭᠤᠳᠠᠰᠦ  ᠢᠢ ᠨᠡᠭᠡᠭᠡᠵᠦ ᠂ᠡᠪᠤᠯ  ᠥᠨ ᠤᠯᠠᠷᠢᠯ  ᠥᠨ ᠵᠤᠭᠠᠴᠠᠯ  ᠥᠨ ᠬᠡᠷᠡᠭᠯᠡᠭᠡᠨ  ᠦ ᠰᠢᠨ᠎ᠠ ᠮᠦᠰᠦ  ᠢ ᠪᠤᠢ ᠪᠤᠯᠭᠠᠬᠤ  ᠢᠢ ᠬᠦᠲᠡᠯᠦᠨ ᠂ᠵᠠᠰᠠᠭ  ᠥᠨ ᠤᠷᠳᠤᠨ  ᠦ ᠳᠦᠷᠢ ᠳᠦᠷᠬᠦ  ᠢᠢ ᠳᠡᠭᠡᠰᠢᠯᠡᠭᠦᠯᠵᠦ ᠂ᠬᠤᠲᠠ  ᠶᠢᠨ ᠨᠦᠯᠤᠭᠡᠯᠡᠬᠦ ᠬᠦᠴᠦᠨ  ᠢ ᠴᠢᠩᠭᠠᠳᠬᠠᠨ᠎ᠠ᠃
20180110170409_3142

20180110170409_6423

20180110170409_9236

20180110170410_2048

20180110170410_4705

20180110170410_7361

20180110170410_9548

20180110170411_1736

20180110170411_4080

20180110170411_4861

20180110170411_6580