ᠡᠯ᠎ᠡ ᠲᠠᠯ᠎ᠠ ᠶᠢᠨ  ᠬᠢᠨ ᠬᠠᠮᠲᠤᠷᠠᠨ ᠮᠥᠰᠥ ᠴᠠᠰᠤ ᠠᠷᠢᠯᠭᠠᠵᠦ ᠵᠠᠮ ᠬᠠᠷᠢᠯᠴᠠᠭᠠ  ᠤ ᠠᠮᠥᠷ ᠲᠦᠪᠰᠢᠨ  ᠢ ᠪᠠᠲᠤᠯᠠᠪᠠ

2018-01-10 / ᠬᠦᠬᠡᠬᠣᠲᠠ



20181895153779
ᠣᠷᠴᠢᠨ ᠲᠣᠭᠣᠷᠢᠨ ᠤ ᠬᠠᠮᠠᠭᠠᠯᠠᠯᠲᠠ ᠶᠢᠨ ᠠᠵᠢᠯᠴᠢᠨ ᠴᠠᠰᠤ ᠴᠡᠪᠡᠷᠯᠡᠵᠥ ᠪᠠᠢᠢᠨ᠎ᠠ
20181895210685
ᠴᠠᠰᠤ ᠠᠷᠢᠯᠭᠠᠬᠤ ᠲᠡᠷᠭᠡ ᠭᠦᠳᠡᠯᠪᠡ
20181895229536
ᠠᠵᠢᠯᠴᠢᠨ ᠨᠠᠷᠢᠯᠠᠭᠵᠢᠭᠤᠯᠤᠨ ᠮᠥᠰᠥ ᠴᠠᠰᠤ ᠠᠷᠢᠯᠭᠠᠬᠤ
20181895244100 (1)
ᠶᠡᠬᠡ ᠡᠮᠦᠨ᠎ᠡ ᠵᠡᠭᠡᠯᠢ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠵᠢᠴᠢ ᠪᠣᠭᠣᠳᠠᠯ ᠬᠣᠯᠪᠣᠭᠠᠯᠠᠭᠰᠠᠨ ᠨᠢᠭᠡᠴᠢ ᠬᠠᠮᠲᠤᠷᠠᠨ ᠬᠦᠳᠡᠯᠡᠯᠴᠡᠵᠦ ᠮᠥᠰᠥ ᠴᠠᠰᠤ ᠠᠷᠢᠯᠭᠠᠬᠤ
20181895259631
ᠵᠠᠮ ᠬᠠᠷᠢᠯᠴᠠᠭᠠᠨ ᠤ ᠴᠠᠭᠳᠠᠭ᠎ᠠ ᠴᠠᠰᠤᠨ ᠰᠢᠭᠤᠷᠭᠠᠨ ᠳᠤ ᠡᠨᠳᠡᠯ ᠭᠠᠷᠬᠤ ᠪᠠ ᠲᠦ᠍ᠭ᠍ᠵᠢᠷᠡᠬᠦ  ᠢᠢ ᠰᠡᠷᠭᠡᠢᠢᠯᠡᠬᠦ
20181895312920
ᠮᠥᠰᠥ ᠴᠠᠰᠤ ᠢᠢ ᠠᠷᠢᠯᠭᠠᠵᠦ ᠬᠣᠲᠠ ᠶᠢᠨ ᠠᠷᠠᠳ ᠤᠨ ᠵᠠᠮ ᠬᠠᠷᠢᠯᠴᠠᠭᠠᠨ ᠤ ᠠᠮᠤᠷ ᠲᠦᠪᠰᠢᠨ ᠢᠢ ᠪᠠᠲᠤᠯᠠᠬᠤ 6  ᠤ ᠡᠳᠦᠷ ᠂ᠠᠩᠬᠠᠨ ᠤ ᠴᠠᠰᠤ ᠵᠠᠮ ᠳᠡᠭᠡᠷ᠎ᠡ ᠮᠥᠰᠥ ᠪᠠᠷᠢᠯᠳᠤᠵᠤ ᠂ ᠲᠡᠷᠭᠡ ᠤᠨᠦᠭ᠎ᠠ ᠪᠣᠯᠤᠨ ᠶᠠᠪᠠᠭᠠᠨ ᠬᠥᠮᠦᠨ ᠦ ᠶᠠᠪᠤᠵᠤ ᠰᠠᠭᠤᠬᠤ ᠳᠤ ᠲᠤᠶᠢᠯ ᠤᠨ ᠳᠥᠭᠥᠮ ᠦᠭᠡᠢ ᠃ ᠲᠥᠪ ᠪᠠᠲᠤᠯᠠᠬᠤ ᠶᠢᠨ ᠲᠥᠯᠥᠭᠡ ᠵᠠᠮ ᠢ ᠰᠠᠭᠠᠳ ᠦᠭᠡᠢ ᠨᠡᠪᠲᠡᠷᠡᠭᠦᠯᠵᠦ ᠂ ᠬᠤᠲᠠ ᠶᠢᠨ ᠠᠷᠠᠳ ᠤᠨ ᠠᠮᠤᠷ ᠲᠠᠶᠢᠪᠤᠩ ᠶᠠᠪᠤᠵᠤ ᠰᠠᠭᠤᠬᠤ ᠂ ᠮᠠᠨ ᠤ ᠬᠤᠲᠠ ᠶᠢᠨ ᠣᠷᠴᠢᠨ ᠲᠣᠭᠣᠷᠢᠨ ᠤ ᠡᠷᠡᠭᠦᠯ ᠬᠠᠮᠠᠭᠠᠯᠠᠯ ᠂ ᠬᠤᠳᠠ ᠶᠢᠨ ᠬᠠᠮᠢᠶᠠᠷᠤᠯᠲᠠ , ᠵᠠᠮ ᠬᠠᠷᠢᠯᠴᠠᠭᠠᠨ ᠤ ᠬᠠᠮᠢᠶᠠᠷᠤᠯᠲᠠ , ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠵᠡᠷᠭᠡ ᠡᠯ᠎ᠡ ᠰᠠᠯᠠᠭ᠎ᠠ ᠮᠥᠴᠢᠷ ᠡᠯ᠎ᠡ ᠨᠢᠭᠡᠴᠡ ᠪᠣᠯᠭᠠᠵᠤ ᠂ ᠪᠦᠬᠦ ᠠᠵᠢᠯᠲᠠᠨ  ᠬᠠᠮᠲᠤᠷᠠᠨ ᠬᠦᠳᠡᠯᠤᠯᠴᠡᠵᠦ ᠮᠥᠰᠥ ᠴᠠᠰᠤ ᠠᠷᠢᠯᠭᠠᠪᠠ ᠃ ᠴᠠᠭ ᠠᠭᠤᠷ ᠤᠨ ᠰᠠᠯᠠᠭ᠎ᠠ ᠮᠥᠴᠢᠷ ᠦᠨ ᠶᠣᠰᠣᠭᠠᠷ ᠴᠠᠰᠤ ᠣᠷᠣᠬᠤ ᠤᠷᠢᠳᠴᠢᠯᠠᠭᠰᠠᠨ ᠮᠡᠳᠡᠭᠡ ᠵᠠᠩᠭᠢ ᠂ ᠮᠠᠨ ᠤ ᠬᠤᠲᠠ ᠶᠢᠨ ᠡᠯ᠎ᠡ ᠱᠠᠲᠤᠨ ᠤ ᠣᠷᠴᠢᠨ ᠲᠣᠭᠣᠷᠢᠨ  ᠤ ᠬᠠᠮᠠᠭᠠᠯᠠᠯᠲᠠ ᠶᠢᠨ ᠰᠠᠯᠠᠭ᠎ᠠ ᠮᠥᠴᠢᠷ ᠡᠷᠲᠡᠬᠡᠨ ᠪᠡᠯᠡᠳᠬᠡᠯ ᠠᠵᠢᠯ ᠢ ᠰᠠᠶᠢᠲᠤᠷ ᠬᠢᠵᠦ ᠂ ᠴᠠᠰᠤᠨ ᠤ ᠲᠡᠷᠭᠡ ᠂ ᠮᠠᠰᠢᠨ ᠪᠠᠭᠠᠵᠢ ᠵᠡᠷᠭᠡ ᠰᠡᠯᠪᠢᠨ ᠵᠠᠰᠠᠵᠤ ᠠᠷᠠᠴᠢᠯᠠᠵᠤ ᠂ ᠨᠢᠭᠡᠳᠦᠭᠡᠷ ᠹᠷᠣᠨᠲ  ᠤᠨ ᠣᠷᠴᠢᠨ ᠲᠣᠭᠣᠷᠢᠨ  ᠤ ᠬᠠᠮᠠᠭᠠᠯᠠᠯᠲᠠ ᠶᠢᠨ ᠠᠵᠢᠯᠴᠢᠨ ᠪᠡᠯᠡᠳᠬᠡᠯ ᠠᠵᠢᠯ ᠢ ᠰᠠᠢᠢᠲᠦᠷ ᠬᠢᠭᠰᠡᠨ ᠪᠠᠢᠢᠨ᠎ᠠ᠃ 7  ᠤ ᠡᠳᠦᠷ ᠦᠨ 1 ᠴᠠᠭ ᠪᠣᠯᠲᠠᠯ᠎ᠠ ᠂ ᠴᠠᠰᠤ ᠵᠣᠭᠰᠣᠵᠤ ᠂ ᠬᠤᠳᠠ ᠶᠢᠨ ᠭᠣᠣᠯ ᠵᠠᠮ ᠢᠢ ᠨᠢᠭᠡᠨᠲᠡ ᠦᠨᠳᠥᠰᠥᠨ  ᠲᠡᠭᠡᠨ ᠴᠡᠪᠡᠷᠯᠡᠵᠦ ᠳᠠᠭᠤᠰᠬᠠᠪᠠ ᠃ ᠴᠠᠰᠤ ᠬᠠᠶᠢᠯᠤᠭᠤᠯᠬᠤ ᠡᠳ᠋ 900 ᠭᠠᠷᠤᠶ ᠲᠦᠮᠡᠨ ᠲᠣᠨ ᠂ ᠠᠵᠢᠯ ᠬᠢᠭᠰᠡᠳ  ᠨᠢ 656 ᠬᠥᠮᠦᠨ ᠬᠥᠳᠡᠯᠭᠡᠵᠦ ᠂ ᠴᠠᠰᠤᠨ ᠤ ᠡᠮ ᠰᠠᠴᠤᠬᠤ ᠲᠡᠷᠭᠡ 48 ᠲᠠᠪᠴᠠᠩ ᠬᠥᠳᠡᠯᠭᠡᠵᠦ ᠂ ᠲᠤᠮᠤ ᠬᠡᠯᠪᠡᠷᠢ ᠶᠢᠨ ᠴᠠᠰᠤ ᠶᠠᠪᠤᠬᠤ ᠲᠡᠷᠭᠡ 58 ᠰᠠᠭᠤᠷᠢ ᠂ ᠵᠢᠵᠢᠭ ᠬᠡᠯᠪᠡᠷᠢ ᠶᠢᠨ ᠴᠠᠰᠤ ᠶᠠᠪᠤᠬᠤ ᠲᠡᠷᠭᠡ 16 ᠂ ᠠᠴᠢᠶᠠᠯᠠᠭᠣᠷ ᠮᠠᠰᠢᠨ 15 ᠲᠠᠪᠴᠠᠩ ᠂ ᠲᠡᠷᠭᠡ 6 ᠰᠠᠭᠤᠷᠢ ᠮᠥᠨ ᠃ ᠥᠷᠯᠥᠭᠡ ᠡᠷᠲᠡ 5 ᠴᠠᠭ ᠲᠤ ᠂ ᠪᠦᠬᠦ ᠬᠤᠳᠠ ᠶᠢᠨ ᠣᠷᠴᠢᠨ ᠲᠣᠭᠣᠷᠢᠨ ᠬᠠᠮᠠᠭᠠᠯᠠᠯᠲᠠ ᠶᠢᠨ ᠠᠵᠢᠯᠴᠢᠨ ᠴᠤ ᠬᠦᠷᠲᠡᠯᠡᠬᠢ ᠪᠦᠬᠦ ᠲᠠᠯ᠎ᠠ ᠪᠠᠷ ᠠᠰᠢᠭᠯᠠᠯᠲᠠ ᠳᠤ ᠤᠷᠤᠭᠰᠠᠨ ᠠᠵᠢᠯ ᠤᠨ ᠳᠤᠮᠳᠠ ᠂ 《 ᠤᠷᠢᠳᠠᠪᠠᠷ ᠨᠡᠶᠢᠲᠡ ᠶᠢᠨ ᠵᠠᠮ ᠬᠠᠷᠢᠯᠴᠠᠭᠠᠨ ᠤ ᠴᠡᠭ᠍ ᠂ ᠲᠠᠷᠠᠭ᠎ᠠ ᠳᠤᠨᠢ ᠬᠥᠮᠦᠨ ᠶᠠᠪᠠᠭᠠᠨ ᠵᠡᠮ ᠂ ᠳᠠᠬᠢᠨᠲᠠ ᠵᠢᠷᠤᠭ ᠪᠣᠯ 》 ᠭᠡᠬᠦ ᠲᠡᠰ ᠳᠠᠷᠠᠭᠠᠯᠠᠯ ᠢᠶᠠᠷ ᠬᠥᠮᠦᠨ ᠦ ᠬᠦᠴᠦ ᠪᠡᠷ ᠠᠵᠢᠯ ᠥᠷᠨᠢᠭᠦᠯᠪᠡ ᠃ ᠬᠣᠲᠠ  ᠶᠢᠨ ᠳᠣᠲᠣᠷᠠᠬᠢ ᠳᠥᠷᠪᠡᠨ ᠲᠣᠭᠣᠷᠢᠭ ᠤᠨ ᠬᠣᠲᠠ ᠶᠢᠨ ᠬᠠᠮᠢᠶᠠᠷᠤᠯᠲᠠ ᠶᠢᠨ ᠲᠣᠪᠴᠢᠶ᠎ᠠ ᠮᠥᠰᠥ ᠴᠠᠰᠤ  ᠨᠢ ᠡᠬᠢᠯᠡᠨ ᠴᠠᠰᠤ ᠠᠷᠢᠯᠭᠠᠬᠤ ᠪᠠᠴᠢᠮ ᠪᠠᠶᠢᠳᠠᠯ ᠢ ᠠᠷᠭᠠᠴᠠᠬᠤ ᠲᠥᠰᠦᠯ ᠢ ᠡᠯ᠎ᠡ ᠬᠣᠲᠠ ᠶᠢᠨ ᠬᠠᠮᠢᠶᠠᠷᠤᠯᠲᠠ ᠶᠢᠨ ᠳᠤᠮᠳᠠ ᠠᠩᠭᠢ ᠪᠣᠯᠤᠨ ᠬᠠᠮᠢᠶᠠᠷᠤᠯᠲᠠ ᠶᠢᠨ ᠣᠷᠣᠨ ᠵᠡᠭᠡᠯᠢ ᠳᠠᠭᠠᠤ ᠨᠢᠭᠡᠴᠢ ᠂ ᠬᠤᠳᠠᠯᠳᠤᠭᠠᠴᠢᠨ ᠡᠷᠦᠭᠡ ᠶᠢᠨ ᠮᠥᠰᠥ ᠴᠠᠰᠤ ᠠᠷᠢᠯᠭᠠᠬᠤ ᠨᠡᠶᠢᠯᠡᠮᠡᠯ ᠬᠦᠴᠦᠨ ᠢ ᠪᠦᠷᠢᠯᠳᠥᠭᠥᠯᠪᠡ ᠃ ᠥᠨᠥ , ᠡᠯ᠎ᠡ ᠰᠠᠯᠠᠭ᠎ᠠ ᠮᠥᠴᠢᠷ ᠡᠯ᠎ᠡ ᠨᠢᠭᠡᠴᠡ  ᠨᠢ ᠲᠣᠳᠣᠷᠬᠠᠶ ᠮᠥᠰᠥ ᠴᠠᠰᠤ ᠠᠷᠢᠯᠭᠠᠬᠤ ᠠᠵᠢᠯ ᠮᠥᠨ ᠯᠡ ᠡᠮᠬᠢ ᠵᠢᠷᠤᠮ  ᠲᠠᠶ ᠶᠠᠪᠤᠭᠳᠠᠵᠤ ᠪᠠᠶᠢᠨ᠎ᠠ ᠃