ᠦᠨᠳᠦᠰᠦᠲᠡᠨ ᠦᠨ ᠶᠠᠪᠤᠳᠠᠯ ᠤᠨ ᠵᠥᠪᠯᠡᠯ

2015-12-04 / ᠬᠦᠬᠡᠬᠣᠲᠠ


ᠦᠨᠳᠣᠰᠣᠲᠡᠨ  ᠤ ᠭᠡᠷᠡᠭ ᠡᠷᠬᠢᠯᠡᠬᠦ ᠵᠦᠪᠯᠡᠯ ᠨᠢᠭᠡ ᠂ ᠪᠠᠶᠢᠭᠣᠯᠣᠮᠵᠢ  ᠶᠢᠨ ᠲᠣᠬᠢᠷᠠᠭᠣᠯᠣᠯᠲᠠ ᠂ ᠭᠣᠣᠯ ᠬᠠᠷᠢᠭᠣᠴᠠᠯᠭ᠎ᠠ ᠪᠣᠯᠣᠨ ᠠᠵᠢᠯᠲᠠᠨ  ᠤ ᠪᠠᠶᠢᠳᠠᠯ ︽ ᠦᠪᠣᠷ ᠮᠣᠩᠭᠣᠯ  ᠤᠨ ᠨᠠᠮ  ᠤᠨ ᠬᠣᠷᠢᠶᠠᠨ  ᠤ ᠠᠯᠪᠠᠨ ᠲᠢᠩᠭᠢᠮ ᠂ ᠵᠠᠰᠠᠭ  ᠤᠨ ᠣᠷᠳᠣᠨ  ᠤ ᠠᠯᠪᠠᠨ ᠲᠢᠩᠭᠢᠮ  ᠤᠨ ︿ ᠭᠦᠬᠡᠬᠣᠲᠡ  ᠶᠢᠨ ᠬᠣᠲᠠ  ᠶᠢᠨ ᠠᠷᠠᠳ  ᠤᠨ ᠵᠠᠰᠠᠭ  ᠤᠨ ᠣᠷᠳᠣᠨ  ᠤ ᠪᠠᠶᠢᠭᠣᠯᠣᠮᠵᠢ  ᠶᠢᠨ ᠦᠭᠡᠷᠡᠴᠢᠯᠡᠯᠲᠡ  ᠶᠢᠨ ᠲᠦᠰᠣᠪ ﹀  ᠢ ᠲᠠᠷᠣᠮᠯᠠᠨ ᠲᠠᠷᠬᠠᠭᠠᠬᠣ ᠲᠣᠬᠠᠢ ᠮᠡᠳᠡᠭᠳᠡᠯ ︾ ︵ ᠲᠢᠩᠭᠢᠮ ᠲᠠᠷᠬᠠᠭᠠᠭᠰᠠᠨ【2009】47 ᠲᠣᠭᠠᠲᠦ ︶ ᠪᠢᠴᠢᠭ ᠮᠠᠲ᠋ᠸᠷᠢᠶᠠᠯ  ᠤᠨ ᠵᠣᠷᠢᠭ ᠰᠠᠨᠠᠭ᠎ᠠ  ᠶᠢ ᠦᠨᠳᠣᠰᠣᠯᠡᠪᠡᠯ ᠂ ᠬᠦᠬᠡᠬᠣᠲᠡ  ᠶᠢᠨ ᠦᠨᠳᠣᠰᠣᠳᠡᠨ  ᠤ ᠭᠡᠷᠡᠭ ᠡᠷᠬᠢᠯᠡᠬᠦ ᠵᠦᠪᠯᠡᠯ  ᠢ ᠲᠣᠬᠢᠷᠠᠭᠣᠯᠵᠦ ᠂ ᠬᠦᠬᠡᠬᠣᠲᠡ  ᠶᠢᠨ ᠬᠣᠲᠠ ᠱᠠᠰᠢᠨ ᠰᠣᠷᠲᠠᠬᠣᠨ  ᠤ ᠲᠣᠪᠴᠢᠶ᠎ᠠ  ᠲᠠᠢ ᠬᠠᠮᠳᠣᠷᠠᠭᠣᠯᠣᠨ ᠂ ᠨᠢᠭᠡ ᠪᠠᠶᠢᠭᠣᠯᠣᠮᠵᠢ ᠬᠣᠶᠠᠷ ᠫᠠᠶᠢᠰᠠ ᠡᠯᠭᠦᠵᠦ ᠂ ᠬᠦᠬᠡᠬᠣᠲᠡ  ᠶᠢᠨ ᠮᠣᠩᠭᠣᠯ ᠬᠡᠯᠡ ᠪᠢᠴᠢᠭ  ᠤᠨ ᠠᠵᠢᠯ  ᠤᠨ ᠵᠦᠪᠯᠡᠯ  ᠤᠨ ᠫᠠᠶᠢᠰᠠ  ᠶᠢ ᠡᠯᠭᠦᠵᠦ ᠭᠦᠬᠡᠬᠣᠲᠡ  ᠶᠢᠨ ᠠᠷᠠᠳ  ᠤᠨ ᠵᠠᠰᠠᠭ  ᠤᠨ ᠣᠷᠳᠣᠨ  ᠤ ᠠᠵᠢᠯ  ᠤᠨ ᠰᠠᠯᠠᠭ᠎ᠠ ᠮᠦᠴᠢᠷ ᠪᠣᠯᠭᠠᠨ᠎ᠠ ᠭᠡᠵᠡᠢ ᠃ (1). ᠭᠣᠣᠯ ᠡᠭᠦᠷᠭᠡ ᠬᠠᠷᠢᠭᠣᠴᠠᠯᠭ᠎ᠠ 1. ᠣᠯᠣᠰ ᠪᠠ ᠦᠪᠡᠷᠲᠡᠭᠡᠨ ᠵᠠᠰᠠᠬᠣ ᠣᠷᠣᠨ  ᠤ ᠬᠣᠯᠪᠣᠭᠳᠠᠯ ᠪᠦᠬᠦᠢ ᠦᠨᠳᠣᠰᠣᠲᠡᠨ ᠂ ᠱᠠᠰᠢᠨ ᠰᠣᠷᠳᠠᠬᠣᠨ ᠂ ᠴᠦᠭᠡᠨ ᠲᠣᠭᠠᠳᠦ ᠦᠨᠳᠣᠰᠣᠲᠡᠨ  ᠤ ᠦᠭᠡ ᠬᠡᠯᠡ ᠦᠰᠦᠭ ᠪᠢᠴᠢᠭ  ᠤᠨ ᠠᠵᠢᠯ  ᠤᠨ ᠴᠢᠭᠯᠡᠯᠲᠡ ᠂ ᠲᠦᠷᠦ  ᠶᠢᠨ ᠪᠣᠳᠣᠯᠭ᠎ᠠ  ᠶᠢ ᠲᠣᠣᠱᠯᠠᠭᠣᠯᠣᠨ ᠭᠡᠷᠡᠭᠵᠢᠭᠦᠯᠵᠦ ᠂ ᠦᠨᠳᠣᠰᠣᠳᠡᠨ ᠱᠠᠰᠢᠨ ᠰᠣᠷᠳᠠᠬᠣᠨ  ᠤ ᠠᠵᠢᠯ  ᠤᠨ ᠴᠢᠬᠣᠯᠠ ᠭᠡᠷᠡᠭ ᠣᠴᠢᠷ  ᠤᠨ ᠪᠠᠶᠢᠴᠠᠭᠠᠨ ᠰᠣᠳᠣᠯᠣᠯᠲᠠ  ᠶᠢ ᠵᠣᠬᠢᠶᠠᠨ ᠪᠠᠶᠢᠭᠣᠯᠣᠨ ᠦᠷᠨᠢᠭᠦᠯᠵᠦ ᠂ ᠪᠦᠬᠦ ᠬᠣᠲᠠ  ᠶᠢᠨ ᠬᠣᠯᠪᠣᠭᠳᠠᠯ ᠪᠦᠬᠦᠢ ᠦᠨᠳᠣᠰᠣᠳᠡᠨ ᠂ ᠱᠠᠰᠢᠨ ᠰᠣᠷᠳᠠᠬᠣᠨ ᠂ ᠴᠦᠭᠡᠨ ᠲᠣᠭᠠᠳᠲ ᠦᠨᠳᠣᠰᠣᠲᠡᠨ  ᠤ ᠦᠭᠡ ᠬᠡᠯᠡ ᠦᠰᠦᠭ ᠪᠢᠴᠢᠭ  ᠤᠨ ᠭᠡᠷᠡᠭ ᠡᠷᠬᠢᠯᠡᠬᠦ ᠬᠠᠮᠢᠶᠠᠷᠣᠯᠲᠠ  ᠶᠢᠨ ᠲᠣᠬᠠᠢ ᠲᠦᠷᠦ  ᠶᠢᠨ ᠪᠣᠳᠣᠯᠭ᠎ᠠ ᠂ ᠬᠠᠣᠯᠢ ᠲᠣᠭᠳᠠᠭᠠᠯ  ᠢ ᠲᠣᠭᠳᠠᠭᠠᠬᠣ  ᠶᠢᠨ ᠬᠠᠮᠳᠦ ᠭᠡᠷᠡᠭᠵᠢᠭᠦᠯᠣᠭ᠍ᠰᠡᠨ ᠪᠠᠶᠢᠳᠠᠯ  ᠢ ᠱᠠᠭᠠᠷᠳᠠᠨ ᠪᠠᠶᠢᠴᠠᠭᠠᠵᠦ ᠦᠨᠳᠣᠰᠣᠳᠡᠨ ︵ ᠱᠠᠰᠢᠨ ᠰᠣᠷᠳᠠᠬᠣᠨ ︶  ᠤ ᠣᠨᠣᠯ ᠂ ᠦᠨᠳᠣᠰᠣᠳᠡᠨ  ᠤ ᠲᠦᠷᠦ  ᠶᠢᠨ ᠪᠣᠳᠣᠯᠭ᠎ᠠ ᠂ ᠴᠦᠭᠡᠨ ᠲᠣᠭᠠᠳᠲ ᠦᠨᠳᠣᠰᠣᠲᠡᠨ  ᠤ ᠦᠭᠡ ᠬᠡᠯᠡ ᠦᠰᠦᠭ ᠪᠢᠴᠢᠭ  ᠤᠨ ᠲᠦᠷᠦ  ᠶᠢᠨ ᠪᠣᠳᠣᠯᠭ᠎ᠠ  ᠶᠢ ᠣᠬᠠᠭᠣᠯᠣᠨ ᠰᠣᠷᠭᠠᠨ ᠭᠦᠮᠣᠵᠢᠬᠦᠯᠬᠦ ᠠᠵᠢᠯ  ᠢ ᠵᠣᠬᠢᠶᠠᠨ ᠪᠠᠶᠢᠭᠣᠯᠣᠨ ᠦᠷᠨᠢᠬᠦᠯᠣᠨ᠎ᠡ ᠃ 2. ᠦᠨᠳᠣᠰᠣᠲᠡᠨ  ᠤ ᠣᠷᠣᠨ  ᠤ ᠦᠪᠡᠷᠲᠡᠭᠡᠨ ᠵᠠᠰᠠᠬᠣ ᠪᠠᠶᠢᠭᠣᠯᠣᠯ  ᠤᠨ ᠪᠦᠳᠣᠭᠡᠨ ᠪᠠᠶᠢᠭᠣᠯᠣᠯᠲᠠ  ᠶᠢ ᠬᠢᠨᠠᠨ ᠭᠡᠷᠡᠭᠵᠢᠬᠦᠯᠵᠦ ᠂ ᠴᠦᠭᠡᠨ ᠲᠣᠭᠠᠳᠦ ᠦᠨᠳᠣᠰᠣᠳᠡᠨ  ᠤ ᠡᠷᠭᠡ ᠠᠰᠢᠭ  ᠶᠢᠨ ᠣᠴᠢᠷ ᠶᠠᠪᠣᠳᠠᠯ  ᠢ ᠱᠠᠭᠠᠷᠲᠠᠨ ᠭᠦᠢᠴᠡᠳᠭᠡᠵᠦ ᠂ ᠴᠦᠭᠡᠨ ᠲᠣᠭᠠᠳᠦ ᠦᠨᠳᠣᠰᠣᠲᠡᠨ  ᠤ ᠬᠠᠣᠯᠢ ᠶᠣᠰᠣᠨ  ᠤ ᠡᠷᠭᠡ ᠠᠰᠢᠭ  ᠢ ᠪᠠᠳᠣᠯᠠᠨ ᠂ ᠦᠨᠳᠣᠰᠣᠳᠡᠨ  ᠤ ᠬᠠᠷᠢᠴᠠᠭ᠎ᠠ  ᠶᠢ ᠵᠣᠬᠢᠴᠠᠭᠣᠯᠬᠣ ᠠᠵᠢᠯ  ᠤᠨ ᠰᠠᠨᠠᠭᠠᠴᠢᠯᠭ᠎ᠠ ᠲᠣᠷᠠᠳᠣᠨ ᠂ ᠦᠨᠳᠣᠰᠣᠳᠡᠨ  ᠤ ᠬᠠᠷᠢᠴᠠᠭᠠᠨ ᠲᠣᠮᠳᠠᠬᠢ ᠴᠢᠬᠣᠯᠠ ᠣᠴᠢᠷ  ᠢ ᠵᠣᠬᠢᠰᠲᠡᠢ ᠰᠡᠢᠳᠪᠣᠷᠢᠯᠡᠵᠦ ᠂ ᠪᠦᠬᠦ ᠬᠣᠲᠠ  ᠶᠢᠨ ᠨᠡᠶᠢᠭᠡᠮ  ᠤᠨ ᠲᠣᠭᠳᠠᠭᠣᠨ  ᠢ ᠪᠠᠳᠣᠯᠠᠬᠣ ᠠᠵᠢᠯ  ᠢ ᠰᠠᠶᠢᠨ ᠠᠳᠬᠣᠵᠦ ᠂ ᠡᠯ᠎ᠡ ᠦᠨᠳᠣᠰᠣᠳᠡᠨ ᠬᠠᠮᠳᠣᠪᠡᠷ ᠪᠦᠯᠬᠦᠮᠲᠡᠨ ᠲᠡᠮᠡᠴᠡᠵᠦ ᠂ ᠬᠠᠮᠳᠣᠪᠡᠷ ᠴᠡᠴᠡᠭᠯᠡᠨ ᠭᠦᠭᠵᠢᠬᠦ  ᠶᠢ ᠠᠬᠢᠭᠣᠯᠣᠨ ᠂ ᠡᠭᠡ ᠣᠯᠣᠰ  ᠤᠨ ᠨᠢᠭᠡᠳᠣᠯ  ᠢ ᠬᠠᠮᠠᠭᠠᠯᠠᠬᠣ ᠪᠣᠯᠣᠨ᠎ᠠ ᠃ 3. ᠬᠣᠯᠪᠣᠭᠳᠠᠯ ᠪᠦᠬᠦᠢ ᠰᠠᠯᠠᠭ᠎ᠠ ᠮᠦᠴᠢᠷ  ᠲᠠᠢ ᠣᠶᠠᠯᠳᠣᠨ ᠂ ᠦᠨᠳᠣᠰᠣᠳᠡᠨ  ᠤ ᠠᠵᠢᠯ  ᠤᠨ ᠬᠣᠯᠪᠣᠭᠳᠠᠯ ᠪᠦᠬᠦᠢ ᠲᠣᠰᠢᠶᠠᠯ ᠬᠠᠷᠢᠭᠣᠴᠠᠯᠭ᠎ᠠ  ᠪᠠᠨ ᠭᠦᠢᠴᠡᠳᠭᠡᠵᠦ ᠂ ᠦᠨᠳᠣᠰᠣᠳᠡᠨ  ᠤ ᠲᠦᠷᠦ  ᠶᠢᠨ ᠪᠣᠳᠣᠯᠭ᠎ᠠ  ᠶᠢ ᠠᠵᠦ ᠠᠬᠣᠢ  ᠶᠢ ᠭᠦᠭᠵᠢᠬᠦᠯᠬᠦ ᠪᠠ ᠨᠡᠶᠢᠭᠡᠮ  ᠤᠨ ᠦᠢᠯᠡᠰ  ᠤᠨ ᠬᠣᠯᠪᠣᠭᠳᠠᠯ ᠪᠦᠬᠦᠢ ᠭᠦᠷᠢᠶ᠎ᠠ ᠭᠡᠪᠴᠢᠶᠡᠨ  ᠳᠤ ᠭᠡᠷᠡᠭᠵᠢᠬᠦᠯᠬᠦ  ᠶᠢ ᠠᠬᠢᠭᠣᠯᠵᠦ ᠂ ᠴᠦᠭᠡᠨ ᠲᠣᠭᠠᠳᠦ ᠦᠨᠳᠣᠰᠣᠳᠡᠨ ᠪᠠ ᠴᠦᠭᠡᠨ ᠲᠣᠭᠠᠲᠦ ᠦᠨᠳᠣᠰᠣᠳᠡᠨ ᠲᠦᠪᠯᠡᠷᠡᠨ ᠰᠠᠭᠣᠷᠢᠰᠢᠭᠰᠠᠨ ᠭᠠᠵᠠᠷ ᠣᠷᠣᠨ  ᠤ ᠠᠵᠦ ᠠᠬᠣᠢ ᠪᠠ ᠨᠡᠶᠢᠭᠡᠮ  ᠤᠨ ᠭᠦᠭᠵᠢᠯᠲᠡ  ᠶᠢᠨ ᠲᠠᠯ᠎ᠠ  ᠪᠠᠷ ᠬᠢ ᠣᠨᠴᠠᠭᠠᠢ ᠲᠦᠷᠦ  ᠶᠢᠨ ᠪᠣᠳᠣᠯᠭ᠎ᠠ ᠰᠠᠨᠠᠭᠠᠴᠢᠯᠭ᠎ᠠ  ᠶᠢ ᠰᠣᠳᠣᠯᠣᠨ ᠵᠠᠳᠠᠯᠣᠵᠦ ᠂ ᠬᠣᠯᠪᠣᠭᠳᠠᠯ ᠪᠦᠬᠦᠢ ᠰᠠᠯᠠᠭ᠎ᠠ ᠮᠦᠴᠢᠷ  ᠲᠠᠢ ᠨᠢᠭᠲᠠ ᠣᠶᠠᠯᠳᠣᠨ ᠬᠣᠯᠪᠣᠭᠳᠠᠯ ᠪᠦᠬᠦᠢ ᠣᠴᠢᠷ ᠶᠠᠪᠣᠳᠠᠯ  ᠢ ᠵᠣᠬᠢᠰᠳᠡᠢ ᠰᠡᠢᠳᠪᠣᠷᠢᠯᠡᠵᠦ ᠂ ᠰᠢᠨᠵᠢᠯᠡᠬᠦ ᠮᠡᠷᠭᠡᠵᠢᠯ  ᠢ ᠭᠦᠭᠵᠢᠬᠦᠯᠬᠦ ᠂ ᠠᠵᠦ ᠠᠬᠣᠢ  ᠶᠢᠨ ᠮᠡᠷᠭᠡᠵᠢᠯ  ᠤᠨ ᠬᠠᠮᠳᠣᠷᠠᠯᠴᠠᠭ᠎ᠠ  ᠶᠢ ᠲᠡᠮᠵᠢᠬᠦ ᠂ ᠦᠨᠳᠣᠰᠣᠳᠡᠨ  ᠤ ᠠᠷᠠᠯᠵᠢᠶ᠎ᠠ ᠬᠣᠳᠠᠯᠳᠣᠭ᠎ᠠ ᠂ ᠦᠨᠳᠣᠰᠣᠳᠡᠨ  ᠤ ᠣᠨᠴᠠ ᠭᠡᠷᠡᠭᠯᠡᠭᠡᠨ  ᠤ ᠪᠣᠳᠠᠰ  ᠤᠨ ᠦᠢᠯᠡᠳᠪᠣᠷᠢᠯᠡᠯ ᠵᠡᠷᠭᠡ ᠬᠣᠯᠪᠣᠭᠳᠠᠯ ᠪᠦᠬᠦᠢ ᠠᠵᠢᠯ  ᠢ ᠲᠡᠮᠵᠢᠵᠦ ᠂ ᠯᠠᠯᠦ ᠢᠳᠡᠭᠡᠨ  ᠤ ᠬᠠᠮᠢᠶᠠᠷᠣᠯᠲᠠ  ᠶᠢ ᠬᠠᠷᠢᠭᠣᠴᠠᠨ᠎ᠠ ᠃ 4. ᠴᠦᠭᠡᠨ ᠲᠣᠭᠠᠳᠦ ᠦᠨᠳᠣᠰᠣᠳᠡᠨ  ᠤ ᠠᠵᠢᠯ ᠦᠢᠯᠡᠰ ᠵᠡᠷᠭᠡ ᠲᠣᠰᠬᠠᠢ ᠲᠦᠷᠣᠯ  ᠤᠨ ᠲᠦᠯᠣᠪᠵᠢᠭᠦᠯᠭᠡ  ᠶᠢ ᠭᠡᠷᠡᠭᠵᠢᠭᠦᠯᠣᠭ᠍ᠰᠡᠨ ᠪᠠᠶᠢᠳᠠᠯ  ᠢ ᠱᠠᠭᠠᠷᠲᠠᠨ ᠪᠠᠶᠢᠴᠠᠭᠠᠵᠦ ᠂ ᠪᠦᠬᠦ ᠬᠣᠲᠠ  ᠶᠢᠨ ᠠᠵᠦ ᠠᠬᠣᠢ ᠨᠡᠶᠢᠭᠡᠮ  ᠤᠨ ᠬᠣᠯᠪᠣᠭᠳᠠᠯ ᠪᠦᠬᠦᠢ ᠭᠦᠷᠢᠶ᠎ᠠ ᠭᠡᠪᠴᠢᠶᠡᠨ  ᠤ ᠭᠦᠭᠵᠢᠬᠦᠯᠬᠦ ᠲᠦᠯᠣᠪᠵᠢᠬᠦᠯᠭᠡ  ᠶᠢ ᠲᠣᠭᠳᠠᠭᠠᠬᠣ  ᠳᠤ ᠣᠷᠣᠯᠴᠠᠨ ᠂ ᠴᠦᠭᠡᠨ ᠲᠣᠭᠠᠳᠦ ᠦᠨᠳᠣᠰᠣᠳᠡᠨ  ᠤ ᠠᠵᠢᠯ ᠦᠢᠯᠡᠰ  ᠤᠨ ᠭᠦᠭᠵᠢᠯᠲᠡ  ᠶᠢ ᠶᠡᠷᠣᠩᠭᠡᠶᠢᠯᠡᠨ ᠦᠨᠡᠯᠡᠨ ᠲᠣᠭᠳᠠᠭᠠᠬᠣ ᠰᠢᠰᠲ᠋ᠸᠮ  ᠢ ᠪᠠᠶᠢᠭᠣᠯᠣᠨ ᠲᠡᠭᠦᠯᠲᠡᠷᠵᠢᠬᠦᠯᠬᠦ  ᠶᠢ ᠠᠬᠢᠭᠣᠯᠵᠦ ᠂ ᠦᠨᠳᠣᠰᠣᠳᠡᠨ  ᠤ ᠭᠡᠷᠡᠭ ᠡᠷᠬᠢᠯᠡᠬᠦ ᠦᠢᠯᠡᠴᠢᠯᠡᠬᠦ ᠰᠢᠰᠲ᠋ᠸᠮ ᠪᠣᠯᠣᠨ ᠦᠨᠳᠣᠰᠣᠳᠡᠨ ᠱᠠᠰᠢᠨ ᠰᠣᠷᠳᠠᠬᠣᠨ  ᠤ ᠭᠡᠷᠡᠭ ᠡᠷᠬᠢᠯᠡᠬᠦ ᠬᠠᠮᠢᠶᠠᠷᠣᠯᠲᠠ  ᠶᠢᠨ ᠰᠣᠷᠠᠭ ᠵᠠᠩᠭᠢᠴᠢᠯᠠᠯᠲᠠ  ᠶᠢᠨ ᠪᠦᠳᠣᠭᠡᠨ ᠪᠠᠶᠢᠭᠣᠯᠣᠯᠲᠠ  ᠶᠢ ᠠᠬᠢᠭᠣᠯᠣᠨ᠎ᠠ ᠃ 5. ᠡᠯ᠎ᠠ ᠱᠠᠳᠣᠨ  ᠤ ᠵᠠᠰᠠᠭ  ᠤᠨ ᠣᠷᠳᠣᠨ  ᠨᠢ ᠦᠨᠳᠣᠰᠣᠳᠡᠨ ᠱᠠᠰᠢᠨ ᠰᠣᠷᠳᠠᠬᠣᠨ  ᠤ ᠭᠡᠷᠡᠭ ᠡᠷᠬᠢᠯᠡᠬᠦ ᠰᠠᠯᠠᠭ᠎ᠠ ᠮᠦᠴᠢᠷ  ᠤᠨ ᠬᠠᠣᠯᠢ ᠶᠣᠰᠣᠭᠠᠷ ᠶᠠᠪᠣᠭᠳᠠᠭᠣᠯᠬᠣ ᠬᠠᠮᠢᠶᠠᠷᠣᠯᠲᠠ ᠪᠠ ᠡᠭᠦᠷᠭᠡ ᠲᠣᠰᠢᠶᠠᠯ  ᠢ ᠴᠢᠩᠭᠠᠳᠬᠠᠨ᠎ᠠ ᠃ ᠪᠦᠬᠦ ᠬᠣᠲᠠ  ᠶᠢᠨ ᠦᠨᠳᠣᠰᠣᠳᠡᠨ  ᠤ ᠪᠦᠯᠬᠦᠮᠳᠡᠯ ᠲᠠᠪᠰᠢᠯᠲᠠ  ᠶᠢᠨ ᠱᠠᠩᠨᠠᠨ ᠭᠦᠬᠢᠬᠦᠯᠬᠦ ᠠᠵᠢᠯᠯᠠᠭ᠎ᠠ  ᠶᠢ ᠡᠷᠬᠢᠯᠡᠵᠦ ᠂ ᠴᠦᠭᠡᠨ ᠲᠣᠭᠠᠳᠦ ᠦᠨᠳᠣᠰᠣᠳᠡᠨ ᠲᠦᠪᠯᠡᠷᠡᠨ ᠰᠠᠭᠣᠷᠢᠰᠠᠭᠰᠠᠨ ᠭᠠᠵᠠᠷ ᠣᠷᠣᠨ ᠪᠠ ᠣᠷᠣᠨ ᠨᠣᠳᠣᠭ  ᠲᠠᠢ ᠬᠠᠷᠢᠯᠴᠠᠨ᠎ᠠ ᠃ 6. ᠴᠦᠭᠡᠨ ᠲᠣᠭᠠᠳᠦ ᠦᠨᠳᠣᠰᠣᠳᠡᠨ  ᠤ ᠦᠭᠡ ᠬᠡᠯᠡ ᠦᠰᠦᠭ ᠪᠢᠴᠢᠭ  ᠢ ᠰᠣᠷᠣᠯᠴᠠᠬᠣ ᠂ ᠭᠡᠷᠡᠭᠯᠡᠬᠦ ᠂ ᠰᠣᠳᠣᠯᠬᠣ ᠂ ᠬᠦᠭᠵᠢᠬᠦᠯᠬᠦ ᠂ ᠠᠪᠣᠷᠠᠬᠣ ᠂ ᠣᠯᠠᠮᠵᠢᠯᠠᠬᠣ ᠠᠵᠢᠯ  ᠢ ᠬᠠᠮᠢᠶᠠᠷᠴᠦ ᠂ ᠴᠦᠭᠡᠨ ᠲᠣᠭᠠᠳᠦ ᠦᠨᠳᠣᠰᠣᠳᠡᠨ  ᠤ ᠦᠭᠡ ᠬᠡᠯᠡ ᠦᠰᠦᠭ ᠪᠢᠴᠢᠭ  ᠤᠨ ᠦᠨᠳᠣᠰᠣᠳᠡᠨ  ᠤ ᠰᠣᠷᠭᠠᠨ ᠭᠦᠮᠣᠵᠢᠯ ᠂ ᠣᠷᠴᠢᠭᠣᠯᠭ᠎ᠠ ᠂ ᠭᠡᠪᠯᠡᠯ ᠂ ᠰᠣᠨᠢᠨ ᠰᠡᠳᠭᠦᠯ ᠂ ᠷᠠᠳᠢᠤ᠋ ᠲᠸᠯᠸᠢᠰ ᠪᠣᠯᠣᠨ ᠦᠨᠳᠣᠰᠣᠳᠡᠨ  ᠤ ᠡᠷᠲᠡᠨ  ᠤ ᠪᠢᠴᠢᠭ  ᠢ ᠴᠣᠭᠯᠠᠭᠣᠯᠬᠣ ᠂ ᠡᠮᠬᠢᠯᠡᠬᠦ ᠂ ᠭᠡᠪᠯᠡᠬᠦ ᠠᠵᠢᠯ  ᠢ ᠵᠢᠯᠣᠭᠣᠳᠣᠨ᠎ᠠ ᠃ 7. ᠱᠠᠰᠢᠨ ᠰᠣᠷᠳᠠᠬᠣᠨ  ᠤ ᠭᠡᠷᠡᠭ ᠡᠷᠬᠢᠯᠡᠬᠦ ᠬᠠᠮᠢᠶᠠᠷᠣᠯᠲᠠ  ᠶᠢᠨ ᠡᠭᠦᠷᠭᠡ ᠲᠣᠰᠢᠶᠠᠯ  ᠢ ᠬᠠᠣᠯᠢ ᠶᠣᠰᠣᠭᠠᠷ ᠭᠡᠷᠡᠭᠵᠢᠬᠦᠯᠵᠦ ᠂ ᠡᠷᠭᠡᠲᠦ ᠠᠷᠠᠳ  ᠤᠨ ᠱᠠᠰᠢᠨ ᠰᠢᠳᠣᠯᠭᠡ ᠴᠢᠯᠣᠭᠡᠲᠡᠢ ᠪᠠᠶᠢᠬᠣ ᠪᠠ ᠱᠠᠰᠢᠨ ᠰᠣᠷᠲᠠᠬᠣᠨ  ᠤ ᠭᠡᠪ  ᠤᠨ ᠠᠵᠢᠯᠯᠠᠭ᠎ᠠ  ᠶᠢ ᠬᠠᠣᠯᠢ ᠶᠣᠰᠣᠭᠠᠷ ᠬᠠᠮᠠᠭᠠᠯᠠᠵᠦ ᠂ ᠱᠠᠰᠢᠨ ᠰᠣᠷᠳᠠᠬᠣᠨ  ᠤ ᠬᠠᠷᠢᠴᠠᠭ᠎ᠠ  ᠶᠢ ᠡᠶ᠎ᠡ ᠵᠣᠬᠢᠴᠠᠯ  ᠲᠠᠢ ᠪᠠᠶᠢᠯᠭᠠᠬᠣ  ᠶᠢ ᠠᠬᠢᠭᠣᠯᠣᠨ᠎ᠠ ᠃ 8. ᠱᠠᠰᠢᠨ ᠰᠣᠷᠳᠠᠬᠣᠨ  ᠤ ᠪᠦᠯᠬᠦᠮ  ᠤᠨ ᠬᠠᠣᠯᠢ ᠶᠣᠰᠣᠭᠠᠷ ᠱᠠᠰᠢᠨ  ᠤ ᠠᠵᠢᠯᠯᠠᠭ᠎ᠠ ᠦᠷᠨᠢᠬᠦᠯᠬᠦ  ᠶᠢ ᠵᠢᠯᠣᠭᠣᠳᠣᠨ ᠂ ᠱᠠᠰᠢᠨ ᠰᠣᠷᠳᠠᠬᠣᠨ  ᠤ ᠪᠦᠯᠬᠦᠮ  ᠤᠨ ᠲᠣᠰ ᠪᠠᠶ᠎ᠠ  ᠶᠢᠨ ᠪᠦᠳᠣᠭᠡᠨ ᠪᠠᠶᠢᠭᠣᠯᠣᠯᠲᠠ  ᠶᠢ ᠲᠡᠮᠵᠢᠵᠦ ᠂ ᠱᠠᠰᠢᠨ ᠰᠣᠷᠳᠠᠬᠣᠨ  ᠤ ᠪᠦᠯᠬᠦᠮ  ᠤᠨ ᠱᠠᠰᠢᠨ ᠰᠣᠷᠲᠠᠬᠣ  ᠤ ᠭᠦᠷᠢᠶ᠎ᠠ ᠭᠡᠪᠴᠢᠶᠡᠨ  ᠳᠡᠭᠡᠨ ᠣᠯᠣᠰ  ᠢᠶᠠᠨ ᠬᠠᠶᠢᠷᠠᠯᠠᠬᠣ ᠦᠵᠢᠯ ᠂ ᠨᠡᠶᠢᠭᠡᠮ ᠵᠢᠷᠣᠮ  ᠤ ᠦᠵᠢᠯ ᠂ ᠡᠭᠡ ᠣᠯᠣᠰ  ᠤᠨ ᠨᠢᠭᠡᠳᠣᠯ  ᠢ ᠬᠠᠮᠠᠭᠠᠯᠠᠬᠣ ᠪᠠ ᠦᠨᠳᠣᠰᠣᠳᠡᠨ  ᠤ ᠪᠦᠯᠭᠦᠮᠳᠡᠯ  ᠢ ᠬᠠᠮᠠᠭᠠᠯᠠᠬᠣ ᠲᠣᠰ ᠪᠡᠶ᠎ᠡ  ᠶᠢᠨ ᠰᠣᠷᠭᠠᠨ ᠬᠦᠮᠣᠵᠢᠯ ᠬᠢᠬᠦ  ᠶᠢ ᠠᠬᠢᠢᠭᠣᠯᠵᠦ ᠂ ᠱᠠᠰᠢᠨ ᠰᠣᠷᠳᠠᠬᠣᠨ  ᠤ ᠪᠦᠯᠬᠦᠮ  ᠤᠨ ᠵᠠᠰᠠᠭ  ᠤᠨ ᠣᠷᠳᠣᠨ  ᠢᠶᠠᠷ ᠰᠡᠢᠳᠪᠣᠷᠢᠯᠡᠭᠦᠯᠬᠦ ᠴᠢᠬᠣᠯᠠᠳᠠᠢ ᠪᠣᠶᠦ ᠵᠠᠰᠠᠭ  ᠤᠨ ᠣᠷᠳᠣᠨ  ᠠᠴᠠ ᠣᠶᠠᠯᠳᠣᠬᠣ ᠴᠢᠬᠣᠯᠠᠲᠠᠢ ᠬᠣᠯᠪᠣᠭᠳᠠᠯ ᠪᠦᠬᠦᠢ ᠠᠵᠢᠯ  ᠢ ᠭᠦᠢᠴᠡᠳᠭᠡᠨ᠎ᠡ ᠃ ᠱᠠᠰᠢᠨ ᠰᠣᠷᠲᠠᠬᠣᠨ  ᠤ ᠭᠡᠷᠡᠭ ᠡᠷᠬᠢᠯᠡᠬᠦ ᠴᠢᠬᠣᠯᠡ ᠶᠡᠭᠡ ᠣᠴᠢᠷ ᠶᠠᠪᠣᠳᠠᠯ  ᠢ ᠰᠡᠢᠳᠪᠣᠷᠢᠯᠡᠨ ᠂ ᠱᠠᠰᠢᠨ ᠰᠣᠷᠲᠠᠬᠣᠨ  ᠢ ᠠᠰᠢᠭᠯᠠᠨ ᠶᠠᠪᠣᠭᠳᠠᠬᠣ ᠬᠠᠣᠯᠢ ᠪᠣᠰᠦ ᠪᠣᠶᠦ ᠬᠠᠣᠯᠢ  ᠶᠢ ᠵᠦᠷᠢᠴᠡᠭᠰᠡᠨ ᠠᠵᠢᠯᠯᠠᠭ᠎ᠠ  ᠶᠢ ᠬᠢᠬᠦ  ᠶᠢ ᠴᠢᠩᠭ᠎ᠠ ᠰᠡᠷᠭᠡᠶᠢᠯᠡᠵᠦ ᠂ ᠱᠠᠰᠢᠨ ᠰᠣᠷᠲᠠᠬᠣ  ᠢ ᠠᠰᠢᠭᠯᠠᠨ ᠬᠢᠯᠡᠢ  ᠶᠢᠨ ᠭᠠᠳᠠᠨ᠎ᠠ  ᠠᠴᠠ ᠨᠡᠪᠴᠢᠨ ᠣᠷᠣᠵᠦ ᠢᠷᠡᠭᠦ  ᠶᠢ ᠰᠡᠭᠡᠶᠢᠯᠡᠨ ᠬᠣᠷᠢᠭᠯᠠᠨ᠎ᠠ ᠃ 9. ᠬᠣᠲᠠ  ᠶᠢᠨ ᠲᠣᠳᠣᠭᠠᠳᠦ ᠭᠠᠳᠠᠭᠠᠳᠦ  ᠶᠢᠨ ᠱᠠᠰᠢᠨ ᠰᠣᠷᠳᠠᠬᠣᠨ  ᠤ ᠪᠣᠳᠠᠳᠦ ᠪᠠᠶᠢᠳᠠᠯ  ᠢ ᠰᠣᠳᠣᠯᠣᠨ ᠂ ᠱᠠᠰᠢᠨ ᠰᠣᠷᠳᠠᠬᠣᠨ  ᠤ ᠠᠵᠢᠯᠯᠠᠭ᠎ᠠ  ᠶᠢᠨ ᠰᠣᠷᠠᠭ ᠵᠠᠩᠭᠢ  ᠶᠢ ᠬᠣᠷᠢᠶᠠᠩᠭᠣᠶᠢᠯᠠᠨ ᠳᠦᠩᠨᠡᠬᠦ  ᠶᠢ ᠬᠠᠷᠢᠭᠣᠴᠠᠵᠦ ᠂ ᠱᠠᠰᠢᠨᠲᠠᠨ  ᠤ ᠪᠣᠯᠪᠠᠰᠣᠷᠠᠯ  ᠢ ᠵᠣᠬᠢᠶᠠᠨ ᠪᠠᠶᠢᠭᠣᠯᠬᠣ  ᠶᠢ ᠬᠠᠷᠢᠭᠣᠴᠠᠵᠦ ᠂ ᠦᠨᠳᠣᠰᠣᠳᠡᠨ  ᠤ ᠠᠵᠢᠯ  ᠤᠨ ᠬᠦᠷᠢᠶ᠎ᠡ ᠭᠡᠪᠴᠢᠶᠡᠨ  ᠳᠠᠬᠢ ᠭᠠᠳᠠᠭᠠᠳᠦ  ᠲᠠᠢ ᠬᠣᠯᠪᠣᠭᠳᠠᠬᠣ ᠪᠣ ᠰᠢᠶᠠᠩᠭᠠᠩ ᠂ ᠣᠣᠮᠸᠡᠨ ᠂ ᠲᠠᠶᠢᠸᠠᠨ  ᠲᠠᠢ ᠬᠠᠷᠢᠯᠴᠠᠭ᠎ᠠ ᠬᠠᠮᠳᠣᠷᠠᠯᠴᠠᠭ᠎ᠠ  ᠶᠢ ᠵᠣᠬᠢᠶᠠᠨ ᠪᠠᠶᠢᠭᠣᠯᠵᠦ ᠬᠠᠷᠢᠭᠣᠴᠠᠨ᠎ᠠ ᠃ ᠱᠠᠰᠢᠨ ᠰᠣᠷᠲᠠᠬᠣᠨ  ᠤ ᠲᠠᠯ᠎ᠠ  ᠤᠨ ᠭᠠᠳᠠᠭᠠᠳᠦ ᠭᠡᠷᠡᠭ ᠣᠴᠢᠷ  ᠢ ᠬᠠᠮᠢᠶᠠᠷᠬᠣ ᠠᠵᠢᠯ  ᠢ ᠬᠠᠷᠢᠭᠣᠴᠠᠵᠦ ᠂ ᠬᠣᠯᠪᠣᠭᠳᠠᠯ ᠪᠦᠬᠦᠢ ᠰᠠᠯᠠᠭ᠎ᠠ ᠮᠦᠴᠢᠷ ᠪᠣᠯᠣᠨ ᠱᠠᠰᠢᠨ  ᠤ ᠡᠳᠡᠭᠡᠳ  ᠤᠨ ᠭᠠᠳᠠᠭᠠᠳᠦ ᠵᠢᠴᠢ ᠰᠢᠶᠠᠩᠭᠠᠭᠩ ᠂ ᠣᠣᠮᠸᠡᠨ ᠂ ᠲᠠᠶᠢᠸᠠᠨ  ᠲᠠᠢ ᠬᠠᠷᠢᠴᠠᠬᠣ ᠱᠠᠰᠢᠨ  ᠤ ᠠᠵᠢᠯᠯᠠᠭ᠎ᠠ  ᠶᠢ ᠵᠣᠬᠢᠶᠠᠨ ᠪᠠᠶᠢᠭᠣᠯᠣᠨ ᠵᠢᠯᠣᠭᠣᠳᠴᠦ ᠂ ᠦᠨᠳᠣᠰᠣᠳᠡᠨ  ᠤ ᠭᠡᠷᠡᠭ ᠡᠷᠬᠢᠯᠡᠬᠦ ᠂ ᠱᠠᠰᠢᠨ  ᠤ ᠭᠠᠳᠠᠭᠰᠢ ᠣᠬᠠᠭᠣᠯᠬᠣ ᠠᠵᠢᠯ  ᠢ ᠬᠠᠷᠢᠭᠣᠴᠠᠨ᠎ᠠ ᠃ 10. ᠴᠦᠭᠡᠨ ᠲᠣᠭᠠᠳᠦ ᠦᠨᠳᠣᠰᠣᠳᠡᠨ  ᠤ ᠴᠢᠳᠠᠪᠣᠷᠢᠲᠡᠨ  ᠤ ᠡᠩᠨᠡᠭᠡ  ᠶᠢᠨ ᠪᠦᠳᠣᠭᠡᠨ ᠪᠠᠶᠢᠭᠣᠯᠣᠯᠲᠠ  ᠶᠢᠨ ᠲᠦᠯᠣᠪᠵᠢᠭᠦᠯᠭᠡ  ᠶᠢ ᠲᠣᠭᠳᠠᠭᠠᠬᠣ  ᠳᠤ ᠣᠷᠣᠯᠴᠠᠨ ᠂ ᠴᠦᠭᠡᠨ ᠲᠣᠭᠠᠳᠦ ᠦᠨᠳᠣᠰᠣᠳᠡᠨ  ᠤ ᠺᠠᠳᠠᠷ  ᠲᠠᠢ ᠬᠠᠷᠢᠯᠴᠠᠬᠣ ᠂ ᠬᠣᠯᠪᠣᠭᠳᠠᠯ ᠪᠦᠬᠦᠢ ᠰᠠᠯᠠᠭ᠎ᠠ ᠮᠦᠴᠢᠷ  ᠤᠨ ᠴᠦᠭᠡᠨ ᠲᠣᠭᠠᠳᠦ ᠦᠨᠳᠣᠰᠣᠳᠡᠨ  ᠤ ᠺᠠᠳᠠᠷ  ᠢ ᠭᠦᠮᠣᠵᠢᠬᠦᠯᠬᠦ ᠪᠠ ᠭᠡᠷᠡᠭᠯᠡᠬᠦ ᠠᠵᠢᠯ  ᠢ ᠬᠠᠷᠢᠭᠣᠴᠠᠨ᠎ᠠ ᠃ 11. ᠬᠣᠲᠠ  ᠶᠢᠨ ᠠᠷᠠᠳ  ᠤᠨ ᠵᠠᠰᠠᠭ  ᠤᠨ ᠣᠷᠳᠣᠨ  ᠤ ᠲᠣᠰᠢᠶᠠᠭᠰᠠᠨ ᠪᠣᠰᠣᠣᠨ ᠣᠴᠢᠷ  ᠢ ᠬᠠᠷᠢᠭᠣᠴᠠᠨ ᠭᠦᠢᠴᠡᠳᠭᠡᠨ᠎ᠡ ᠃ ︵ ᠬᠣᠶᠠᠷ ︶ ᠲᠣᠳᠣᠭᠠᠲᠦ ᠪᠠᠶᠢᠭᠣᠯᠣᠮᠵᠢ ᠲᠡᠭᠡᠷᠡᠬᠢ ᠡᠭᠦᠷᠭᠡ ᠬᠠᠷᠢᠭᠣᠴᠠᠯᠭ᠎ᠠ  ᠶᠢ ᠦᠨᠳᠣᠰᠣᠯᠡᠨ ᠂ ᠭᠦᠬᠡᠬᠣᠲᠡ  ᠶᠢᠨ ᠦᠨᠳᠣᠰᠣᠳᠡᠨ  ᠤ ᠭᠡᠷᠡᠭ ᠡᠷᠬᠢᠯᠡᠬᠦ ᠵᠦᠪᠯᠡᠯ  ᠳᠤ10 ᠪᠠᠶᠢᠭᠣᠯᠣᠮᠵᠢ ᠲᠣᠬᠢᠷᠠᠭᠣᠯᠪᠠ ᠃ ᠲᠣᠰᠪᠣᠷᠢ ᠲᠣᠣᠷᠠᠬᠢ ᠮᠡᠳᠦ ᠄ ᠠᠶᠢᠪᠠᠨ ᠭᠡᠷ ᠂ ᠲᠦᠷᠦ  ᠶᠢᠨ ᠪᠣᠳᠣᠯᠭ᠎ᠠ ᠬᠠᠣᠯᠢ ᠴᠠᠭᠠᠵᠠ  ᠶᠢᠨ ᠰᠠᠯᠠᠭ᠎ᠠ ᠂ ᠬᠢᠨᠠᠯᠲᠠ ᠲᠠᠯᠪᠢᠵᠦ ᠬᠢᠨᠠᠨ ᠪᠠᠶᠢᠴᠠᠭᠠᠬᠣ ᠰᠠᠯᠠᠭ᠎ᠠ ᠂ ᠠᠵᠦ ᠠᠬᠣᠢ  ᠶᠢ ᠭᠦᠭᠵᠢᠬᠦᠯᠬᠦ ᠰᠠᠯᠠᠭ᠎ᠠ ᠂ ᠨᠡᠶᠢᠭᠡᠮ  ᠤᠨ ᠭᠦᠭᠵᠢᠯᠲᠡ  ᠶᠢᠨ ᠰᠠᠯᠠᠭ᠎ᠠ ᠂ ᠱᠠᠰᠢᠨ ᠰᠣᠷᠲᠠᠬᠣᠨ  ᠤ ᠨᠢᠭᠡᠳᠣᠭᠡᠷ ᠰᠠᠯᠠᠭ᠎ᠠ ᠂ ᠱᠠᠰᠢᠨ ᠰᠣᠷᠲᠠᠬᠣᠨ  ᠤ ᠬᠣᠶᠠᠳᠣᠭᠠᠷ ᠰᠠᠯᠠᠭ᠎ᠠ ᠂ ᠱᠠᠰᠢᠨ ᠰᠣᠷᠲᠠᠬᠣᠨ  ᠤ ᠭᠣᠷᠪᠠᠳᠣᠭᠠᠷ ᠰᠠᠯᠭ᠎ᠠ ᠂ ᠦᠨᠳᠣᠰᠣᠳᠡᠨ  ᠤ ᠦᠭᠡ ᠬᠡᠯᠡ ᠦᠰᠦᠭ ᠪᠢᠴᠢᠭ  ᠤᠨ ᠰᠠᠯᠠᠭ᠎ᠠ ᠂ ᠬᠠᠭᠣᠴᠢᠨ  ᠤ ᠪᠢᠴᠢᠭ  ᠢ ᠡᠮᠬᠢᠯᠡᠬᠦ ᠂ ᠮᠣᠩᠭᠣᠯ ᠬᠡᠯᠡᠨ  ᠤ ᠣᠷᠣᠴᠢᠭᠣᠯᠭ᠎ᠠ  ᠶᠢᠨ ᠰᠠᠯᠠᠭ᠎ᠠ ᠪᠣᠯᠣᠨ ᠠᠵᠢᠯ  ᠠᠴᠠ  ᠪᠠᠨ ᠰᠠᠯᠣᠵᠦ ᠠᠮᠣᠷᠠᠭᠰᠠᠳ  ᠤᠨ ᠠᠵᠢᠯ  ᠤᠨ ᠰᠠᠯᠭ᠎ᠠ ᠵᠡᠷᠭᠡ ᠪᠣᠢ ᠃ ᠡᠭᠦᠨ  ᠠᠴᠠ ᠭᠠᠳᠠᠨ᠎ᠠ ᠬᠣᠶᠠᠳᠣᠭᠠᠷ ᠱᠠᠳᠣᠨ  ᠤ ᠨᠢᠭᠡᠴᠡ  ᠳᠤ ᠬᠦᠬᠡᠬᠣᠲᠡ  ᠶᠢᠨ ᠮᠣᠩᠭᠣᠯ ᠬᠢᠳᠠᠳ ᠫᠠᠶᠢᠰᠠ ᠢᠯᠡᠷᠭᠡᠶᠢᠯᠡᠯ  ᠤᠨ ᠬᠠᠮᠢᠶᠠᠷᠣᠯᠲᠠ  ᠶᠢᠨ ᠲᠦᠪ ᠂ ᠪᠦᠬᠦ ᠬᠣᠲᠠ  ᠶᠢᠨ ᠨᠡᠶᠢᠭᠡᠮ  ᠤᠨ ᠦᠩᠭᠡᠨ ᠭᠡᠷᠡᠭᠯᠡᠭᠡᠨ  ᠤ ᠮᠣᠩᠭᠣᠯ ᠬᠢᠳᠠᠳ ᠬᠣᠶᠠᠷ ᠬᠡᠯᠡ  ᠶᠢ ᠵᠡᠷᠭᠡᠪᠡᠷ ᠭᠡᠷᠡᠭᠯᠡᠬᠦ  ᠶᠢ ᠬᠠᠮᠢᠶᠠᠷᠬᠣ ᠂ ᠬᠢᠨᠠᠯᠲᠠ ᠲᠠᠯᠪᠢᠬᠣ ᠂ ᠪᠠᠶᠢᠴᠠᠭᠠᠬᠣ ᠠᠵᠢᠯ  ᠢ ᠬᠠᠷᠢᠭᠣᠴᠠᠨ᠎ᠠ ᠃ ᠬᠦᠬᠡᠬᠣᠲᠡ  ᠶᠢᠨ ᠯᠠᠯᠦ ᠢᠳᠡᠭᠡᠨ  ᠢ ᠬᠢᠨᠠᠨ ᠬᠠᠮᠢᠶᠠᠷᠬᠣ ᠠᠯᠪᠠᠨ ᠭᠡᠷ ᠂ ᠬᠣᠳᠣᠩ ᠦᠨᠳᠣᠰᠣᠳᠡᠨ  ᠤ ᠵᠠᠰᠠᠭ  ᠤᠨ ᠣᠷᠳᠣᠨ  ᠢᠶᠠᠷ ᠨᠡᠶᠢᠳᠡᠨ ᠬᠠᠮᠢᠶᠠᠷᠠᠭᠣᠯᠵᠦ ᠂ ᠪᠦᠬᠦ ᠬᠣᠲᠠ  ᠶᠢᠨ ᠯᠠᠯᠦ ᠢᠳᠡᠭᠡᠨ  ᠤ ᠠᠮᠣᠷ ᠲᠦᠪᠰᠢᠨ  ᠢ ᠬᠠᠮᠢᠶᠠᠷᠬᠣ ᠂ ᠬᠢᠨᠠᠯᠳᠠ ᠲᠠᠯᠪᠦᠬᠣ ᠂ ᠪᠠᠶᠢᠴᠠᠭᠠᠬᠣ ᠠᠵᠢᠯ  ᠢ ᠬᠠᠷᠢᠭᠣᠴᠠᠨ᠎ᠠ ᠃