ᠪᠠᠶᠢᠭᠠᠯᠢ ᠶᠢᠨ ᠡᠬᠢ ᠰᠤᠷᠪᠤᠯᠵᠢ

2015-11-23 / ᠬᠦᠬᠡᠬᠣᠲᠠ


ᠬᠥᠬᠡᠬᠤᠲᠠ ᠶᠢᠨ ᠡᠳ᠋ ᠪᠤᠳᠠᠰ ᠤᠨ ᠡᠬᠢ ᠪᠠᠶᠠᠯᠢᠭ ᠡᠯᠪᠡᠭ ᠪᠠᠶᠢᠳᠠᠭ᠂ᠮᠠᠰᠢ ᠣᠯᠠᠨ ᠬᠠᠷ᠎ᠠ ᠲᠡᠮᠦᠷᠯᠢᠭ ᠬᠢᠭᠡᠳ ᠥᠩᠭᠡᠲᠦ ᠲᠡᠮᠦᠷᠯᠢᠭ ᠵᠢᠴᠢ ᠬᠣᠪᠤᠷ ᠴᠤᠬᠠᠭ ᠠᠭᠤᠷᠬᠠᠢ ᠶᠢᠨ ᠭᠠᠷᠤᠯᠲᠠ ᠲᠠᠢ᠃ᠲᠡᠮᠦᠷᠯᠢᠭ ᠪᠤᠰᠤ ᠠᠭᠤᠷᠬᠠᠢ ᠶᠢᠨ ᠭᠠᠷᠤᠯᠲᠠ ᠶᠢᠨ ᠡᠬᠢ ᠪᠠᠶᠠᠯᠢᠭ ᠨᠢ ᠲᠡᠮᠦᠷᠯᠢᠭ ᠠᠭᠤᠷᠬᠠᠢ ᠶᠢᠨ ᠭᠠᠷᠤᠯᠲᠠ ᠶᠢᠨ ᠡᠬᠢ ᠪᠠᠶᠠᠯᠢᠭ ᠠᠴᠠ ᠡᠯᠪᠡᠭ ᠶᠤᠮ᠃ᠭᠣᠤᠯ ᠠᠭᠤᠷᠬᠠᠢ ᠶᠢᠨ ᠭᠠᠷᠤᠯᠲᠠ ᠳᠤ ᠨᠡᠭᠦᠷᠡᠰᠦ᠂ᠬᠦ᠍ᠯᠦᠷ᠎ᠡ᠂ᠪᠠᠯ ᠴᠢᠯᠠᠭᠤ᠂ᠭᠠᠨᠳᠢᠭ ᠴᠢᠯᠠᠭᠤ᠂ᠰᠤᠪᠤᠳ ᠴᠢᠯᠠᠭᠤᠯᠢᠭ᠂ᠮᠠᠭᠮᠠᠨ ᠴᠢᠯᠠᠭᠤᠯᠢᠭ᠂ ᠬᠦᠪᠰᠦᠭᠡᠷ ᠰᠢᠷᠤᠢ᠂ᠴᠤᠬᠤᠢ ᠶᠢᠨ ᠴᠢᠯᠠᠭᠤ᠂ᠦᠭᠡᠬᠦᠨ ᠴᠠᠭᠠᠨ ᠴᠢᠯᠠᠭᠤ᠂ᠠᠯᠲᠠ᠂ᠵᠡᠰ᠂ᠲᠡᠮᠦᠷ᠂ᠬᠠᠷ᠎ᠠ ᠲᠤᠭᠤᠯᠭ᠎ᠠ᠂ᠴᠠᠶᠢᠷ ᠵᠡᠷᠭᠡ ᠵᠠᠭᠤ ᠭᠠᠷᠤᠢ ᠵᠦ᠍ᠢᠯ ᠪᠠᠶᠢᠨ᠎ᠠ᠃ᠤᠳᠤ ᠨᠢᠭᠡᠨᠲᠡ ᠬᠠᠶᠢᠵᠤ ᠤᠯᠤᠭᠰᠠᠨ ᠠᠭᠤᠷᠬᠠᠢ ᠶᠢᠨ ᠭᠠᠷᠤᠯᠲᠠ ᠶᠢᠨ ᠭᠠᠵᠠᠷ 170 ᠰᠠᠭᠤᠷᠢ ᠪᠠᠶᠢᠨ᠎ᠠ᠂ᠠᠭᠤᠷᠬᠠᠢ ᠶᠢᠨ ᠴᠡᠭ ᠵᠢᠴᠢ ᠠᠭᠤᠷᠬᠠᠶᠢᠵᠢᠭᠰᠠᠨ ᠴᠡᠭ 128 ᠰᠠᠭᠤᠷᠢ ᠪᠠᠶᠢᠨ᠎ᠠ᠃ᠲᠡᠭᠦᠨ ᠦ ᠲᠤᠲᠤᠷ᠎ᠠ ᠦᠴᠤᠸᠠᠨ ᠦ ᠬᠢᠯᠢ ᠲᠤᠲᠤᠷᠠᠬᠢ ᠰᠢᠷ᠎ᠠ ᠠᠯᠲᠠ ᠶᠢᠨ ᠨᠦᠭᠡᠴᠡ ᠨᠢ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠲᠡᠷᠢᠭᠦᠨ ᠡᠩᠨᠡᠭᠡ ᠳᠦ ᠣᠷᠤᠵᠤ ᠪᠠᠶᠢᠨ᠎ᠠ᠃ᠴᠢᠩ ᠱᠦᠢ ᠾᠧ ᠭᠤᠤᠯ ᠤᠨ ᠬᠢᠯᠢ ᠲᠤᠲᠤᠷᠠᠬᠢ  ᠨᠡᠭᠦᠷᠡᠰᠦ᠂ᠭᠤᠤᠯᠢᠩ ᠰᠢᠷᠤᠢ ᠵᠡᠷᠭᠡ ᠠᠭᠤᠷᠬᠠᠢ ᠶᠢᠨ ᠡᠬᠢ ᠪᠠᠶᠠᠯᠢᠭ ᠨᠢ ᠡᠯᠪᠡᠭ ᠳᠡᠯᠪᠡᠭ ᠪᠠᠶᠢᠳᠠᠭ᠂ᠣᠨᠴᠤᠭᠤᠶᠢᠯᠠᠨ ᠭᠤᠤ ᠮᠢᠩ ᠤᠨ ᠰᠢᠷᠤᠢ ᠶᠢᠨ ᠨᠦᠭᠡᠴᠡ ᠨᠢ ᠶᠡᠬᠡ ᠪᠠᠶᠢᠳᠠᠭ᠂ᠴᠢᠨᠠᠷ ᠳᠡᠰ ᠢᠶᠡᠷ ᠰᠠᠶᠢᠨ ᠲᠠᠮᠦᠷᠯᠢᠭ ᠨᠢ ᠪᠦ᠍ᠬᠦ ᠤᠯᠤᠰ ᠤᠨ  ᠲᠡᠷᠢᠭᠦᠨ ᠪᠣᠯᠵᠠᠢ᠃ᠠᠵᠤ ᠠᠬᠤᠢ ᠶᠢᠨ ᠤᠷᠭᠤᠮᠠᠯ ᠤᠨ ᠡᠬᠡᠢ ᠪᠠᠶᠠᠯᠢᠭ ᠨᠢ ᠨᠡᠯᠢᠶᠡᠳ ᠡᠯᠪᠡᠭ ᠪᠠᠶᠢᠵᠤ᠂ᠠᠭᠤᠯᠠᠷᠬᠠᠭ ᠣᠷᠤᠨ ᠬᠢᠭᠡᠳ ᠲᠠᠯ᠎ᠠ ᠭᠠᠵᠠᠷ ᠤᠨ ᠬᠡᠭᠡᠷ᠎ᠡ ᠶᠢᠨ ᠤᠷᠭᠤᠮᠠᠯ ᠤᠨ ᠦᠷ᠎ᠡ ᠬᠢᠭᠡᠳ ᠠᠵᠢᠯᠴᠢᠨ ᠤ ᠲᠠᠷᠢᠭᠰᠠᠨ ᠤᠷᠭᠤᠮᠠᠯ ᠨᠢ 770 ᠭᠠᠷᠤᠢ ᠵᠦ᠍ᠢᠯ ᠪᠤᠢ᠃ᠡᠮ ᠤᠨ ᠮᠠᠲ᠋ᠧᠷᠢᠶᠠᠯ ᠦᠨ ᠡᠬᠢ ᠪᠠᠶᠠᠯᠢᠭ ᠢᠶᠡᠷ ᠡᠯᠪᠡᠭ ᠪᠠᠶᠢᠳᠠᠭ᠂ᠭᠤᠤᠯ ᠲᠠᠷᠬᠠᠯᠲᠠ ᠶᠢᠨ ᠣᠷᠤᠨ ᠨᠢ ᠳᠠᠯᠠᠨ ᠬᠠᠷ᠎ᠠ ᠶᠢᠨ ᠠᠭᠤᠯᠠᠷᠬᠠᠭ ᠣᠷᠤᠨ ᠪᠠᠶᠢᠳᠠᠭ᠃