ᠣᠯᠠᠨ ᠨᠡᠶᠢᠲᠠ ᠶᠢᠨ ᠵᠠᠷ ᠮᠡᠳᠡᠭᠡ ᠨᠢ ᠬᠣᠲᠠ ᠶᠢᠨ ᠪᠣᠯᠪᠠᠰᠤᠨ ᠳᠤ ᠥᠩᠭᠡ ᠦᠵᠡᠮᠵᠢ ᠨᠡᠮᠡᠭᠰᠡᠨ

2017-09-06 / ᠬᠦᠬᠡᠬᠣᠲᠠ



20179693328889
︽ ᠪᠣᠯᠪᠠᠰᠤᠨ ᠬᠣᠲᠠ ᠶᠢ ᠳᠠᠶᠠᠭᠠᠷ ᠢᠶᠡᠨ ᠪᠦᠲᠦᠭᠡᠨ ᠪᠠᠶᠢᠭᠤᠯᠤᠶ᠎ᠠ ︾ ᠰᠡᠲᠦᠪᠲᠦ ᠣᠯᠠᠨ ᠨᠡᠶᠢᠲᠠ ᠶᠢᠨ ᠵᠠᠷ ᠮᠡᠳᠡᠭᠡ ᠬᠥ᠍ᠬᠡᠬᠣᠲᠠ ᠶᠢᠨ ᠶᠡᠭᠡ ᠪᠠᠭ᠎ᠠ ᠵᠡᠭᠡᠯᠢ ᠭᠤᠳᠤᠮᠵᠢ ᠪᠠᠷ ᠂ ᠰᠤᠷᠭᠠᠭᠤᠯᠢ ᠶᠢᠨ ᠬᠥᠷᠢᠶᠠᠨ ᠢᠶᠡᠷ ᠂ ᠵᠠᠮ ᠤᠨ ᠠᠭᠤᠯᠵᠠᠷ ᠳᠡᠭᠡᠷ᠎ᠡ ᠂ ᠴᠡᠴᠡᠷᠯᠢᠭ ᠂ ᠨᠡᠶᠢᠲᠠ ᠶᠢᠨ ᠮᠠᠰᠢᠨ ᠲᠡᠷᠭᠡᠨ ᠤ ᠥᠷᠲᠡᠭᠡᠨ ᠳᠡᠭᠡᠷ᠎ᠡ ᠂ ᠪᠠᠷᠢᠯᠭ᠎ᠠ ᠶᠢᠨ ᠭᠠᠵᠠᠷ ᠤᠨ ᠬᠠᠯᠬᠠᠪᠴᠢ ᠳᠡᠭᠡᠷ᠎ᠡ ᠨᠡᠶᠢᠬᠡᠮ ᠵᠢᠷᠤᠮᠲᠤ ᠭᠤᠤᠯᠯᠠᠬᠤ ᠦᠷᠳᠡᠭ  ᠤᠨ ᠦᠵᠡᠯᠲᠡ ᠂ ᠪᠣᠯᠪᠠᠰᠤᠨ ᠬᠣᠲᠠ ᠶᠢ ᠴᠤᠭᠴᠠᠯᠠᠨ ᠪᠠᠶᠢᠭᠤᠯᠤᠶ᠎ᠠ ᠂ ᠠᠴᠢᠯᠠᠯ  ᠲᠡᠢ ᠂ ᠶᠣᠰᠣ ᠮᠤᠷᠠᠯ ᠵᠡᠷᠭᠡ ᠤᠨ ᠲᠤᠰᠠᠬᠠᠢ ᠰᠡᠲᠦᠪᠲᠦ ᠣᠯᠠᠨ ᠨᠡᠶᠢᠲᠠ ᠶᠢᠨ ᠵᠠᠷ ᠮᠡᠳᠡᠭᠡ ᠬᠠᠷᠠᠭᠳᠠᠵᠤ ᠂ ᠬᠠᠪᠦᠷ ᠤᠨ ᠬᠣᠷ᠎ᠠ ᠪᠣᠷᠤᠭᠠᠨ ᠠᠳᠠᠯᠢ ᠂ ᠬᠥᠮᠦᠰ ᠤᠨ ᠣᠶᠤᠨ ᠤ ᠰᠡᠳᠬᠢᠭᠦᠢ ᠶᠢ ᠤᠮᠳᠠᠯᠠᠵᠤ ᠪᠠᠶᠢᠨ᠎ᠡ ᠃