ᠠᠵᠤ ᠠᠬᠤᠢ ᠶᠢᠨ ᠬᠦᠭᠵᠢᠯᠲᠡ

2015-11-23 / ᠬᠦᠬᠡᠬᠣᠲᠠ



2009630151512654
2009 ᠣᠨ ᠤ ᠮᠦ᠍ᠩᠭᠦᠨ ᠬᠦᠢᠯᠭᠡᠭᠡᠨ ᠦ ᠬᠢᠮᠤᠷᠠᠯ ᠤᠨ ᠠᠪᠴᠢᠷᠠᠭᠰᠠᠨ ᠦᠷᠢᠰᠦᠯᠳᠦᠭᠡᠨ ᠬᠢᠭᠡᠳ ᠴᠢᠩᠭ᠎ᠠ ᠰᠢᠯᠭᠠᠯᠲᠠ ᠳᠤ ᠪᠦ᠍ᠬᠦ ᠬᠣᠲᠠ ᠨᠢ ᠬᠣᠲᠠ ᠶᠢᠨ ᠨᠠᠮ ᠤᠨ ᠬᠣᠷᠢᠶ᠎ᠠ᠂ᠵᠠᠰᠠᠭ ᠤᠨ ᠣᠷᠳᠤᠨ ᠤ ᠵᠦ᠍ᠪ ᠤᠳᠤᠷᠢᠳᠤᠯᠭ᠎ᠠ ᠳᠤᠤᠷ᠎ᠠ᠂ᠰᠢᠨᠵᠢᠯᠡᠬᠦ ᠤᠬᠠᠭᠠᠨᠴᠢ ᠬᠦ᠍ᠭᠵᠢᠯᠲᠡ ᠶᠢᠨ ᠦᠵᠡᠯᠲᠡ ᠪᠡᠷ ᠵᠢᠯᠤᠭᠤᠳᠤᠭᠤᠯᠤᠨ᠂ᠬᠣᠲᠠ ᠶᠢᠨ ᠠᠷᠪᠠᠨ ᠭᠤᠷᠪᠠᠳᠤᠭᠠᠷ ᠤᠳᠠᠭᠠᠨ ᠤ ᠠᠷᠠᠳ ᠤᠨ ᠲᠦᠯᠦᠭᠡᠯᠡᠭᠴᠢᠳ ᠦᠨ ᠬᠣᠶᠠᠳᠤᠭᠠᠷ ᠤᠳᠠᠭᠠᠨ ᠤ ᠬᠤᠷᠠᠯ  ᠢᠶᠡᠷ ᠭᠣᠤᠯᠯᠠᠨ ᠬᠢᠨᠠᠨ ᠵᠦᠪᠯᠡᠬᠦ ᠪᠡᠷ ᠳᠠᠮᠵᠢᠨ ᠤᠯᠤᠰ ᠠᠷᠠᠳ ᠤᠨ ᠠᠵᠤ ᠠᠬᠤᠢ ᠬᠢᠭᠡᠳ ᠨᠡᠶᠢᠭᠡᠮ ᠦᠨ ᠬᠦᠭᠵᠢᠯᠲᠡ ᠶᠢᠨ ᠲᠦᠯᠦᠪᠯᠡᠭᠡ᠂ᠤᠯᠤᠰ ᠤᠨ ᠬᠣᠷᠣ᠎ᠠ ᠲᠣᠬᠢᠷᠠᠭᠤᠯᠤᠯᠲᠠ ᠶᠢᠨ ᠲᠦᠷᠦ ᠶᠢᠨ ᠪᠣᠳᠤᠯᠭ᠎ᠠ ᠠᠷᠭ᠎ᠠ ᠬᠡᠮᠵᠢᠶ᠎ᠡ ᠶᠢ ᠬᠢᠨᠠᠮᠠᠭᠠᠢ ᠪᠠᠷ ᠲᠤᠱᠯᠠᠭᠤᠯᠵᠤ᠂ᠪᠦ᠍ᠬᠦ ᠬᠣᠲᠠ ᠶᠢᠨ ᠠᠵᠤ ᠠᠬᠤᠢ ᠶᠢ ᠲᠤᠲᠠᠭᠤᠨ ᠮᠥ᠋ᠷᠲᠡᠭᠡᠨ ᠲᠦᠷᠭᠡᠨ ᠬᠦᠭᠵᠢᠭᠦᠯᠬᠦ ᠪᠠᠶᠢᠳᠠᠯ ᠢ ᠦᠷᠭᠦᠯᠵᠢᠯᠡᠨ ᠪᠠᠷᠢᠮᠲᠠᠯᠠᠵᠤ᠂ᠣᠯᠠᠨ ᠵᠦᠢᠯ ᠤᠨ ᠭᠦᠢᠴᠡᠳᠭᠡᠬᠦ ᠬᠡᠮᠵᠢᠶ᠎ᠡ ᠶᠢᠨ ᠵᠢᠯ ᠦᠨ ᠡᠬᠢᠨ ᠦ ᠲᠦ᠍ᠯᠦᠪᠯᠡᠭᠡ ᠶᠢ ᠳᠠᠪᠠᠭᠤᠯᠤᠨ ᠪᠡᠶᠡᠯᠡᠭᠦᠯᠦᠨ᠎ᠡ᠃ᠪᠦ᠍ᠬᠦ ᠬᠣᠲᠠ ᠶᠢᠨ ᠠᠵᠤ ᠠᠬᠤᠢ ᠶᠢᠨ ᠬᠦᠭᠵᠢᠯᠲᠡ ᠶᠢᠨ ᠭᠣᠤᠯ ᠭᠦᠢᠴᠡᠳᠭᠡᠬᠦ ᠬᠡᠮᠵᠢᠶ᠎ᠡ ᠶᠢ ᠬᠡᠷᠡᠭᠵᠢᠭᠦᠯᠬᠦ ᠪᠠᠶᠢᠳᠠᠯ᠄ | ᠭᠠᠵᠠᠷ ᠣᠷᠤᠨ ᠤ ᠦᠢᠯᠡᠳᠪᠦᠷᠢᠯᠡᠯ ᠦᠨ ᠶᠡᠷᠦᠩᠬᠡᠢ ᠦᠷᠲᠡᠭ ᠢ ᠪᠠᠷᠤᠭ 1520 ᠳ᠋ᠦᠩᠰᠢᠭᠤᠷ ᠲᠦᠭᠦᠷᠢᠭ ᠲᠤ ᠬᠦ᠍ᠷᠭᠡᠵᠦ ᠂ ᠵᠢᠯ ᠦᠨ ᠡᠬᠢᠨ ᠦ ᠲᠦ᠍ᠯᠦᠪᠯᠡᠭᠡ ᠶᠢᠨ 100.3% ᠶᠢ ᠪᠡᠶᠡᠯᠡᠭᠦᠯᠦᠨ᠂ᠬᠠᠷᠢᠴᠠᠩᠭᠤᠢ ᠪᠠᠷ 15%  ᠨᠡᠮᠡᠭᠳᠡᠭᠦᠯᠦᠨ᠎ᠡ᠃ | ᠬᠡᠪᠴᠢᠶ᠎ᠡ ᠲᠡᠢ ᠠᠵᠤ ᠦᠢᠯᠡᠳᠪᠦᠷᠢ ᠶᠢᠨ ᠨᠡᠮᠡᠭᠳᠡᠯ ᠦᠨ ᠦᠷᠲᠡᠭ ᠢ 395 ᠳ᠋ᠦᠩᠰᠢᠭᠤᠷ ᠲᠦᠭᠦᠷᠢᠭ ᠲᠦ ᠬᠦ᠍ᠷᠭᠡᠵᠦ᠂ᠵᠢᠯ ᠦᠨ ᠡᠬᠢᠨ ᠦ ᠲᠦ᠍ᠯᠦᠪᠯᠡᠭᠡ  ᠪᠡᠨ ᠪᠡᠶᠡᠯᠡᠭᠦᠯᠦᠨ ᠂ᠬᠠᠷᠢᠴᠠᠩᠭᠤᠢ ᠪᠠᠷ 16% ᠨᠡᠮᠡᠭᠳᠡᠭᠦᠯᠦᠨ᠎ᠡ᠃ | ᠣᠷᠤᠨ ᠤ ᠡᠳ᠋ ᠤᠨ ᠵᠠᠰᠠᠭ ᠤᠨ ᠶᠡᠷᠦᠩᠬᠡᠢ ᠣᠷᠤᠯᠭ᠎ᠠ ᠶᠢ ᠨᠡᠶᠢᠲᠡ 201 ᠳ᠋ᠦᠩᠰᠢᠭᠤᠷ ᠲᠦᠭᠦᠷᠢᠭ ᠲᠦ ᠬᠦ᠍ᠷᠭᠡᠵᠦ᠂ᠵᠢᠯ ᠦᠨ ᠡᠬᠢᠨ ᠦ ᠲᠦ᠍ᠯᠦᠪᠯᠡᠭᠡ ᠶᠢᠨ 110.4%  ᠶᠢ ᠪᠡᠶᠡᠯᠡᠭᠦᠯᠦᠨ᠂26.9% ᠪᠡᠷ ᠨᠡᠮᠡᠭᠳᠡᠭᠦᠯᠦᠨ᠎ᠡ᠃ | ᠨᠡᠶᠢᠭᠡᠮ ᠦᠨ ᠬᠡᠷᠡᠭᠯᠡᠭᠡᠨ ᠦ ᠵᠦ᠍ᠢᠯ ᠢ ᠵᠢᠵᠢᠭᠯᠡᠨ ᠬᠤᠳᠠᠯᠳᠤᠬᠤ ᠶᠡᠷᠦᠩᠬᠡᠢ ᠲᠣᠭ᠎ᠠ ᠶᠢ 641 ᠳ᠋ᠦᠩᠰᠢᠭᠤᠷ ᠲᠦᠭᠦᠷᠢᠭ ᠲᠦ ᠬᠦ᠍ᠷᠭᠡᠵᠦ᠂ ᠵᠢᠯ ᠦᠨ ᠡᠬᠢᠨ ᠦ ᠲᠦ᠍ᠯᠦᠪᠯᠡᠭᠡ ᠶᠢᠨ 100.2% ᠶᠢ ᠪᠡᠶᠡᠯᠡᠭᠦᠯᠦᠨ᠂19% ᠪᠡᠷ ᠨᠡᠮᠡᠭᠳᠡᠭᠦᠯᠦᠨ᠎ᠡ᠃ | ᠲᠤᠭᠲᠠᠮᠠᠯ ᠡᠳ᠋ ᠬᠦᠷᠦᠩᠭᠡ ᠶᠢᠨ ᠪᠡᠯᠡ ᠣᠷᠤᠭᠤᠯᠤᠯᠲᠠ  ᠶᠢ 800.8 ᠳ᠋ᠦᠩᠰᠢᠭᠤᠷ ᠲᠦᠭᠦᠷᠢᠭ ᠲᠦ ᠬᠦ᠍ᠷᠭᠡᠵᠦ᠂ ᠵᠢᠯ ᠦᠨ ᠡᠬᠢᠨ ᠦ ᠲᠦ᠍ᠯᠦᠪᠯᠡᠭᠡ ᠶᠢᠨ 109% ᠶᠢ ᠪᠡᠶᠡᠯᠡᠭᠦᠯᠦᠨ᠂ 25% ᠪᠡᠷ ᠨᠡᠮᠡᠭᠳᠡᠭᠦᠯᠦᠨ᠎ᠡ᠃ | ᠪᠤᠳᠠᠲᠠᠢ ᠠᠰᠢᠭᠯᠠᠭᠰᠠᠨ ᠭᠠᠳᠠᠭᠠᠳᠤ ᠬᠦ᠍ᠷᠦᠩᠭᠡ 7.8 ᠳ᠋ᠦᠩᠰᠢᠭᠤᠷ ᠳ᠋ᠤᠯᠯᠠᠷ ᠲᠦ ᠬᠦ᠍ᠷᠭᠡᠵᠦ᠂ᠵᠢᠯ ᠦᠨ ᠡᠬᠢᠨ ᠦ ᠲᠦ᠍ᠯᠦᠪᠯᠡᠭᠡ ᠶᠢᠨ 102.6 ᠶᠢ ᠪᠡᠶᠡᠯᠡᠭᠦᠯᠦᠨ᠂ 9.8% ᠪᠡᠷ ᠨᠡᠮᠡᠭᠳᠡᠭᠦᠯᠦᠨ᠎ᠡ᠃ | ᠬᠤᠲᠠ ᠶᠢᠨ ᠰᠠᠭᠤᠭᠠᠯᠢ ᠠᠷᠠᠳ ᠤᠨ ᠳᠤᠮᠳᠠᠴᠢ  ᠪᠠᠷ ᠲᠣᠬᠢᠷᠠᠭᠤᠯᠤᠭᠰᠠᠨ ᠣᠷᠤᠯᠭ᠎ᠠ ᠶᠢ 22600 ᠲᠦᠭᠦᠷᠢᠭ ᠲᠦ ᠬᠦ᠍ᠷᠭᠡᠵᠦ᠂ᠵᠢᠯ ᠦᠨ ᠡᠬᠢᠨ ᠦ ᠲᠦ᠍ᠯᠦᠪᠯᠡᠭᠡ ᠪᠠᠨ ᠪᠡᠶᠡᠯᠡᠭᠦᠯᠦᠨ᠂ 12% ᠪᠡᠷ ᠨᠡᠮᠡᠭᠳᠡᠭᠦᠯᠦᠨ᠎ᠡ᠃ | ᠲᠠᠷᠢᠶᠠᠴᠢᠨ ᠤ ᠳᠤᠮᠳᠠᠴᠢ ᠴᠡᠪᠡᠷ ᠣᠷᠤᠯᠭ᠎ᠠ ᠶᠢ 7900 ᠲᠦᠭᠦᠷᠢᠭ ᠲᠦ ᠬᠦ᠍ᠷᠭᠡᠵᠦ᠂ ᠵᠢᠯ ᠦᠨ ᠡᠬᠢᠨ ᠦ ᠲᠦ᠍ᠯᠦᠪᠯᠡᠭᠡ ᠪᠡᠨ ᠪᠡᠶᠡᠯᠡᠭᠦᠯᠦᠨ᠂ 12% ᠪᠡᠷ ᠨᠡᠮᠡᠭᠳᠡᠭᠦᠯᠦᠨ᠎ᠡ | ᠰᠠᠭᠤᠭᠠᠯᠢ ᠠᠷᠠᠳ ᠤᠨ ᠬᠡᠷᠡᠭᠯᠡᠭᠡᠨ ᠦ ᠦᠨ᠎ᠡ ᠶᠢ ᠨᠡᠶᠢᠲᠡ 0.1% ᠪᠡᠷ ᠦᠰᠭᠡᠵᠦ᠂ᠵᠢᠯ ᠦᠨ ᠡᠬᠢᠨ ᠳᠦ 4% ᠪᠡᠷ ᠬᠢᠵᠠᠭᠠᠷᠯᠠᠬᠤ ᠬᠠᠷᠠᠯᠲᠠ ᠲᠠᠢ᠃ | ᠬᠤᠲᠠ ᠶᠢᠨ ᠠᠵᠢᠯ ᠠᠯᠳᠠᠭᠰᠠᠳ ᠤᠨ ᠨᠣᠷᠮ᠎ᠠ ᠶᠢ 3.8%  ᠪᠠᠷ ᠳᠠᠩᠰᠠᠯᠠᠵᠤ᠂ᠵᠢᠯ ᠦᠨ ᠡᠬᠢᠨ ᠳᠦ 4.1% ᠪᠡᠷ ᠬᠢᠵᠠᠭᠠᠷᠯᠠᠬᠤ ᠬᠠᠷᠠᠯᠲᠠ ᠲᠠᠢ᠃ | ᠬᠦᠮᠦᠨ ᠠᠮᠠ ᠶᠢᠨ ᠠᠶᠠᠨᠳᠠᠭᠠᠨ ᠦᠰᠬᠦ ᠨᠣᠷᠮ᠎ᠠ ᠶᠢ 4.3‰ ᠪᠠᠷ ᠪᠠᠲᠤᠯᠠᠵᠤ᠂ᠵᠢᠯ ᠦᠨ ᠡᠬᠢᠨ  ᠳᠦ 7.5‰  ᠪᠠᠷ ᠬᠢᠵᠠᠭᠠᠷᠯᠠᠬᠤ ᠬᠠᠷᠠᠯᠲᠠ ᠲᠠᠢ᠃ | ᠪᠠᠶᠢᠭᠤᠯᠭ᠎ᠠ ᠭᠠᠵᠠᠷ ᠣᠷᠤᠨ ᠤ ᠦᠢᠯᠡᠳᠪᠦᠷᠢᠯᠡᠯ ᠦᠨ ᠶᠡᠷᠦᠩᠬᠡᠢ ᠦᠷᠲᠡᠭ ᠦᠨ ᠡᠨᠧᠷᠬᠢ ᠶᠢᠨ ᠰᠦᠢᠳᠦᠯ ᠢ 5.6% ᠪᠠᠷ ᠪᠠᠭᠤᠷᠠᠭᠤᠯᠵᠤ᠂ᠬᠦ᠍ᠬᠦᠷ ᠦᠨ ᠳᠠᠪᠬᠤᠷ ᠢᠰᠦᠯ ᠤᠨ ᠭᠠᠷᠭᠠᠬᠤ ᠬᠡᠮᠵᠢᠶ᠎ᠡ᠂ᠬᠢᠮᠢ ᠶᠢᠨ ᠬᠡᠷᠡᠭᠯᠡᠬᠦ ᠬᠦ᠍ᠴᠢᠯᠳᠦ᠍ᠷᠦᠭᠴᠢ ᠶᠢᠨ ᠭᠠᠷᠭᠠᠬᠤ ᠬᠡᠮᠵᠢᠶ᠎ᠡ ᠶᠢ ᠬᠢᠵᠠᠭᠠᠷᠯᠠᠬᠤ ᠨᠢ ᠵᠢᠯ ᠤᠨ ᠡᠬᠢᠨ ᠤ ᠲᠦ᠍ᠯᠦᠪᠯᠡᠬᠦ ᠬᠠᠷᠠᠯᠲᠠ ᠳᠤ ᠪᠤᠢ᠃ 2009 ᠣᠨ ᠤ ᠬᠣᠷᠣ᠎ᠠ ᠲᠣᠬᠢᠷᠠᠭᠤᠯᠤᠯᠲᠠ ᠶᠢᠨ ᠲᠦᠷᠦ ᠶᠢᠨ ᠪᠣᠳᠤᠯᠭ᠎ᠠ ᠶᠢᠨ ᠦᠷ᠎ᠡ ᠳ᠋ᠦ᠍ᠩ ᠡᠴᠡ ᠦᠵᠡᠪᠡᠯ᠂ ᠪᠦᠬᠦ ᠬᠣᠲᠠ ᠶᠢᠨ ᠠᠵᠤ ᠠᠬᠤᠢ ᠶᠢᠨ ᠶᠡᠷᠦᠩᠬᠡᠢ ᠳᠡᠭᠡᠨ ᠲᠤᠭᠲᠠᠭᠤᠨ ᠢᠶᠡᠷ ᠳᠡᠭᠡᠭᠰᠢᠯᠡᠵᠦ᠂ ᠪᠦᠲᠦᠴᠡ ᠨᠢ ᠲᠠᠰᠤᠷᠠᠯᠲᠠ ᠦᠭᠡᠢ ᠰᠢᠯᠢᠳᠡᠭᠵᠢᠵᠦ᠂ᠠᠷᠠᠳ ᠤᠨ ᠦᠷᠭᠦᠯᠵᠢᠯᠡᠨ ᠰᠠᠶᠢᠵᠢᠷᠠᠬᠤ ᠬᠦ᠍ᠭ᠍ᠵᠢᠯᠲᠡ ᠶᠢᠨ ᠪᠠᠶᠢᠷᠢᠯᠠᠭᠤᠯᠤᠯᠲᠠ ᠨᠢ ᠲᠤᠤᠷᠠᠬᠢ ᠮᠡᠲᠦ ᠬᠡᠲᠦᠨ ᠲᠠᠯ᠎ᠠ  ᠪᠠᠷ ᠢᠯᠡᠷᠡᠵᠦ ᠪᠤᠢ᠃ (ᠨᠢᠭᠡ) ᠠᠵᠤ ᠠᠬᠤᠢ ᠲᠣᠭᠲᠠᠭᠤᠨ ᠢᠶᠡᠷ ᠳᠡᠭᠡᠰᠢᠯᠡᠪᠡ᠃ (ᠬᠣᠶᠠᠷ) ᠲᠤᠲᠤᠭᠠᠳᠤ ᠶᠢᠨ ᠬᠡᠷᠡᠭᠴᠡᠭᠡ ᠮᠡᠳᠡᠭᠳᠡᠮ᠎ᠡ ᠨᠡᠮᠡᠭᠳᠡᠪᠡ᠃ (ᠭᠤᠷᠪᠠ)︽ᠭᠤᠷᠪᠠᠨ ᠲᠠᠷᠢᠶᠠᠯᠠᠬᠤ︾  ᠠᠵᠢᠯ ᠢ ᠲᠠᠰᠤᠷᠠᠯᠲᠠ  ᠦᠭᠡᠢ ᠴᠢᠩᠭᠠᠳᠬᠠᠪᠠ᠃ (ᠳᠥᠷᠪᠡ) ᠪᠦᠲᠦᠴᠡ ᠶᠢᠨ ᠲᠣᠬᠢᠷᠠᠭᠤᠯᠤᠯᠲᠠ ᠶᠢ ᠤᠯᠠᠮ ᠨᠢᠭᠡ ᠠᠯᠬᠤᠮ ᠰᠢᠯᠢᠳᠡᠭᠵᠢᠭᠦᠯᠦᠨ᠎ᠡ᠃ (ᠲᠠᠪᠤ)ᠠᠷᠠᠳ ᠤᠨ ᠪᠠᠶᠢᠳᠠᠯ ᠢ ᠦᠷᠭᠦᠯᠵᠢᠯᠡᠨ ᠰᠠᠶᠢᠵᠢᠷᠠᠭᠤᠯᠤᠨ᠎ᠠ᠃ (ᠵᠢᠷᠭᠤᠭ᠎ᠠ) ᠠᠷᠠᠳ ᠤᠨ ᠰᠠᠭᠤᠴᠠ ᠶᠢᠨ ᠣᠷᠴᠢᠨ ᠲᠣᠭᠤᠷᠢᠨ ᠢ ᠦᠷᠭᠦᠯᠵᠢᠯᠡᠨ ᠰᠢᠨᠡᠳᠭᠡᠨ᠎ᠡ᠃