ᠢᠤᠢ ᠵᠧᠩ ᠱᠧᠩ ᠲᠥᠪ ᠦᠨ ᠲᠥᠯᠦᠭᠡᠯᠡᠭᠴᠢᠳ ᠦᠨ ᠪᠥᠯᠬᠥᠮ ᠢ ᠳᠠᠭᠠᠭᠤᠯᠤᠨ ᠬᠥᠬᠡᠬᠣᠲᠠ ᠳᠤ ᠢᠷᠡᠵᠦ ᠂ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠤᠢ ᠶᠢᠨ ᠪᠠᠶᠠᠷ ᠢ ᠪᠡᠯᠭᠡᠯᠡᠬᠦ ᠶᠣᠰᠣᠯᠠᠯ ᠳᠤ ᠮᠣᠷᠢᠯᠠᠨ ᠰᠠᠭᠠᠳᠠᠭᠰᠠᠨ ᠪᠠᠶᠢᠨ᠎ᠠ

2017-08-08 / ᠬᠦᠬᠡᠬᠣᠲᠠ


ᠲᠥᠪ ᠦᠨ ᠲᠥᠯᠦᠭᠡᠯᠡᠭᠴᠢᠳ ᠤᠨ ᠪᠦᠯᠬᠦᠮ ᠦᠨ ᠳᠡᠳ᠋ ᠪᠦᠯᠬᠦᠮ ᠤᠨ ᠳᠠᠷᠤᠭ᠎ᠠ ᠯᠢᠤ ᠶᠡᠨ ᠳ᠋ᠥᠩ ᠰᠦᠨ ᠴᠦᠨ ᠯᠠᠨ ᠂ ᠵᠠᠩ ᠫᠢᠩ ᠂ ᠸᠠᠩ ᠵᠧᠩ ᠸᠧᠢ ᠂ ᠵᠠᠩ ᠶᠠᠩ  ᠨᠠᠷ  ᠲᠡᠢ ᠬᠠᠮᠲᠤ ᠨᠢᠰᠭᠡᠯ  ᠪᠠᠷ ᠬᠥᠷᠦᠯᠴᠡᠨ ᠢᠷᠡᠵᠦ ᠂ ᠯᠢ ᠵᠢ ᠡᡁᠧᠩ ᠂ ᠪᠤᠤ ᠰᠢᠶᠤᠤ ᠯᠢᠨ ᠂ ᠿᠧᠨ ᠶᠠ ᠫᠢᠩ ᠂ ᠯᠧᠩ ᠵᠢᠶᠧ ᠰᠦ᠍ᠩ ᠪᠣᠯᠤᠨ ᠡᠯ᠎ᠡ ᠥᠨᠳᠦᠰᠦᠲᠡᠨ ᠤ ᠺᠠᠲᠠᠷᠴᠤᠳ ᠲᠡᠢ ᠬᠠᠮᠲᠤ ᠨᠢᠰᠭᠡᠯ ᠤᠨ ᠲᠡᠯᠡᠪᠡᠢ ᠳᠤ ᠣᠴᠢᠵᠤ ᠬᠠᠯᠠᠭᠤᠨ ᠢᠶᠡᠷ ᠤᠭᠲᠤᠨ ᠠᠪᠤᠭᠰᠠᠨ ᠪᠠᠶᠢᠨ᠎ᠠ ᠃
Snip20170808_33
8 ᠰᠠᠷ᠎ᠠ ᠶᠢᠨ 7 ᠤ ᠡᠳᠦᠷ ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠣᠷᠢᠶᠠᠨ ᠤ ᠤᠯᠤᠰ ᠲᠥᠷᠦ ᠶᠢᠨ ᠲᠣᠪᠴᠢᠶᠠᠨ ᠤ ᠪᠠᠶᠢᠩᠭᠤ ᠶᠢᠨ ᠬᠣᠷᠢᠶ᠎ᠠ ᠂ ᠪᠦᠬᠦ ᠤᠯᠤᠰ ᠤᠨ ᠤᠯᠤᠰ ᠲᠦᠷᠦ ᠶᠢᠨ ᠵᠥᠪᠯᠡᠯᠭᠡᠨ ᠤ ᠬᠣᠷᠢᠶᠠᠨ ᠤ ᠲᠡᠷᠢᠭᠦᠯᠡᠭᠴᠢ ᠢᠤᠢ ᠵᠧᠩ ᠱᠧᠩ ᠪᠠᠷ ᠪᠦᠯᠬᠦᠮ ᠤᠨ ᠳᠠᠷᠤᠭ᠎ᠠ ᠪᠣᠯᠤᠭᠰᠠᠨ ᠲᠥᠯᠦᠭᠡᠯᠡᠭᠴᠢᠳ ᠤᠨ ᠪᠦᠯᠬᠦᠮ ᠬᠥᠬᠡᠬᠣᠲᠠ ᠳᠤ ᠬᠥ᠍ᠷᠦᠯᠴᠡᠨ ᠢᠷᠡᠵᠦ ᠂ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠤᠢ ᠶᠢᠨ ᠪᠠᠶᠠᠷ ᠢ ᠪᠡᠯᠭᠡᠯᠡᠬᠦ ᠶᠣᠰᠣᠯᠠᠯ ᠳᠤ ᠣᠷᠣᠯᠴᠠᠭᠰᠠᠨ ᠪᠠᠶᠢᠨ᠎ᠠ ᠃ ᠲᠦᠪ ᠤᠨ ᠲᠦᠯᠦᠭᠡᠯᠡᠭᠴᠢᠳ ᠦᠨ ᠪᠦᠯᠬᠦᠮ ᠢ ᠨᠢᠰᠭᠡᠯ ᠤᠨ ᠲᠠᠯᠠᠪᠠᠢ ᠳᠤ ᠦᠪᠦᠷ ᠮᠣᠩᠭᠤᠯ ᠤᠨ ᠡᠯ᠎ᠡ ᠥᠨᠳᠦᠰᠦᠲᠡᠨ ᠤ ᠠᠷᠠᠳ ᠲᠦᠮᠡᠨ ᠤ ᠬᠠᠯᠠᠭᠤᠨ ᠢᠶᠡᠷ ᠤᠭᠲᠤᠭᠰᠠᠨ ᠪᠠᠶᠢᠨ᠎ᠠ ᠃