ᠪᠣᠯᠪᠠᠰᠤᠨ ᠬᠣᠲᠠ ᠶᠢ ᠪᠥᠲᠦᠭᠡᠨ ᠪᠠᠶᠢᠭᠤᠯᠬᠤ ᠪᠠᠷ ᠴᠢᠷᠮᠡᠶᠢᠶ᠎ᠠ

2017-07-28 / ᠬᠦᠬᠡᠬᠣᠲᠠ



1
ᠣᠶᠢᠷ᠎ᠡ ᠶᠢᠨ ᠡᠳᠦᠷ ᠂ ᠵᠢᠨ ᠴᠢᠶᠤᠤ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠤ ᠲᠥᠷᠪᠡᠳᠦᠭᠡᠷ ᠠᠩᠬᠢ ᠶᠢᠨ ᠰᠤᠷᠤᠭᠴᠢᠳ ᠠᠬᠠᠮᠠᠳ ᠤᠨ ᠳᠠᠭᠠᠭᠤᠯᠭ᠎ᠠ ᠳᠣᠣᠷ᠎ᠠ ᠥᠪᠦᠷ ᠮᠣᠩᠭᠤᠯ ᠤᠨ ᠮᠦᠽᠧᠢ ᠳᠤ ᠣᠴᠢᠵᠤ ᠵᠣᠨ ᠤ ᠠᠮᠠᠷᠠᠯᠲᠠ ᠶᠢᠨ ᠦᠢᠯᠡᠳᠦᠯᠭᠡᠨ ᠤ ᠬᠥᠳᠡᠯᠭᠡᠭᠡᠨ ᠳᠤ ᠣᠷᠣᠯᠴᠠᠵᠤ᠃ ᠡᠨᠡ ᠤᠳᠠᠭᠠᠨ ᠤ ᠬᠥᠳᠡᠯᠭᠡᠭᠡᠨ ᠢᠶᠡᠷ ᠳᠠᠮᠵᠢᠨ ᠂ ᠰᠤᠷᠤᠭᠴᠢᠳ ᠶᠣᠰᠤ ᠮᠣᠷᠠᠯ  ᠲᠡᠢ ᠂ ᠪᠣᠯᠪᠠᠰᠤᠨ ᠰᠤᠷᠳᠠᠯ  ᠲᠠᠢ ᠪᠠᠶᠢᠬᠤ ᠶᠢ ᠬᠥᠨ ᠭᠦᠨᠵᠡᠭᠡᠢ ᠰᠠᠭᠤᠭᠳᠠᠯ  ᠲᠡᠢ ᠪᠣᠯᠵᠤ ᠂ ᠲᠡᠳᠡᠭᠡᠷ ᠥᠪᠡᠷ ᠦᠨ ᠦᠢᠯᠡ ᠬᠥᠳᠡᠯᠦᠯ ᠢᠶᠡᠷ ᠣᠷᠴᠢᠨ ᠲᠣᠭᠣᠷᠢᠨ ᠤ ᠬᠥᠮᠦᠰ ᠢ ᠨᠥᠯᠦᠭᠡᠯᠡᠬᠦ ᠨᠢ ᠯᠠᠪᠲᠡᠢ᠃
201772882149843
ᠣᠶᠢᠷ᠎ᠠ ᠶᠢᠨ ᠡᠳᠦᠷ ᠂ ᠰᠢᠯᠢᠨ ᠡᠮᠦᠨ᠎ᠡ ᠵᠠᠮ ᠤᠨ ᠪᠠᠭ᠎ᠠ ᠰᠤᠷᠭᠠᠭᠤᠯᠢ ᠶᠢᠨ ᠬᠤᠪᠢᠶᠠᠷᠢ ᠰᠤᠷᠭᠠᠭᠤᠯᠢ ᠶᠢᠨ ᠬᠣᠶᠠᠳᠤᠭᠠᠷ ᠣᠨ ᠤ ᠲᠥᠷᠪᠡᠳᠦᠭᠡᠷ ᠠᠩᠬᠢ ᠶᠢᠨ ᠰᠤᠷᠤᠭᠴᠢᠳ ᠪᠠᠭᠰᠢ ᠪᠣᠯᠤᠨ ᠭᠡᠷ ᠤᠨ ᠠᠬᠠᠮᠠᠳ ᠤᠨ ᠳᠠᠭᠠᠭᠤᠯᠭ᠎ᠠ ᠳᠣᠣᠷ᠎ᠠ ᠥᠪᠦᠷ ᠮᠣᠩᠭᠤᠯ ᠤᠨ ᠮᠧᠩ ᠼᠣᠤ ᠠᠮᠢ ᠠᠬᠤᠢ ᠶᠢ ᠬᠠᠮᠠᠭᠠᠯᠠᠬᠤ ( ᠪᠥᠯᠦᠭᠯᠡᠯ ) ᠬᠢᠵᠡᠭᠠᠷᠲᠤ ᠺᠣᠮᠫᠠᠨᠢ ᠳᠤ ᠣᠴᠢᠵᠤ ᠂ ᠴᠢᠨᠠᠷ ᠰᠠᠶᠢᠲᠡᠢ ᠭᠠᠩ ᠳᠤ ᠳᠠᠭᠠᠴᠠᠲᠡᠢ ᠂ ᠬᠥᠯᠳᠡᠬᠦ  ᠡᠴᠡ ᠠᠶᠤᠬᠤ ᠦᠭᠡᠢ ᠂ ᠬᠤᠵᠢᠷᠯᠢᠭ ᠤᠷᠭᠤᠮᠠᠯ ᠢ ᠪᠣᠶᠢᠵᠢᠭᠤᠯᠬᠤ ᠶᠠᠪᠤᠴᠠ ᠶᠢ ᠦᠵᠡᠭᠰᠡᠨ ᠪᠠᠶᠢᠨ᠎ᠡ ᠂ ᠦᠢᠯᠡᠳᠦᠯᠭᠡ ᠳᠤ ᠣᠷᠣᠯᠴᠠᠬᠤ  ᠪᠠᠷ ᠳᠠᠮᠵᠢᠨ ᠵᠣᠨ  ᠤ ᠠᠮᠠᠷᠠᠯᠲᠠ  ᠪᠠᠨ ᠪᠠᠶᠠᠯᠢᠭᠵᠢᠭᠤᠯᠤᠨ ᠂ ᠪᠣᠯᠪᠠᠰᠤᠨ ᠬᠣᠲᠠ ᠶᠢ ᠪᠥᠭᠦᠳᠡᠭᠡᠷ ᠪᠦᠲᠦᠭᠡᠨ ᠪᠠᠶᠢᠭᠤᠯᠤᠶ᠎ᠠ ᠃