ᠠᠵᠤ ᠠᠬᠤᠢ ᠪᠠ ᠰᠤᠷᠠᠭ ᠵᠠᠩᠭᠢᠴᠢᠯᠠᠯᠲᠠ ᠶᠢᠨ ᠵᠥᠪᠯᠡᠯ

2015-12-04 / ᠬᠦᠬᠡᠬᠣᠲᠠ


ᠠᠵᠦ ᠠᠬᠣᠢ ᠪᠠ ᠰᠣᠷᠠᠭ ᠵᠠᠩᠭᠢᠴᠢᠯᠠᠯᠲᠠ  ᠶᠢᠨ ᠵᠦᠪᠯᠡᠯ ᠨᠢᠭᠡ ᠂ ᠠᠵᠢᠯ  ᠤᠨ ᠬᠠᠷᠢᠭᠣᠴᠠᠯᠭ᠎ᠠ 1 ᠂ ᠭᠦᠬᠡᠬᠣᠲᠡ  ᠶᠢᠨ ᠠᠵᠦ ᠠᠬᠣᠢ  ᠶᠢᠨ ᠪᠠᠶᠢᠳᠠᠯ  ᠢ ᠬᠢᠨᠠᠨ ᠰᠢᠯᠭᠠᠬᠣ ᠂ ᠲᠦᠰᠣᠪᠯᠡᠨ ᠵᠠᠳᠠᠯᠣᠵᠦ ᠂ ᠠᠵᠦ ᠠᠬᠣᠢ  ᠶᠢᠨ ᠡᠳᠣᠷ ᠲᠣᠳᠣᠮ  ᠤᠨ ᠠᠵᠢᠯ  ᠤᠨ ᠡᠷᠭᠢᠯᠲᠡ  ᠶᠢᠨ ᠪᠠᠶᠢᠳᠠᠯ  ᠢ ᠲᠣᠬᠢᠷᠠᠭᠣᠯᠣᠨ᠎ᠠ ᠃ ᠣᠯᠣᠰ ᠪᠠ ᠦᠪᠡᠷᠲᠡᠭᠡᠨ ᠵᠠᠰᠠᠬᠣ ᠣᠷᠣᠨ  ᠤ ᠠᠵᠦ ᠦᠢᠯᠡᠰ  ᠤᠨ ᠲᠦᠷᠦ  ᠶᠢᠨ ᠪᠣᠳᠣᠯᠭ᠎ᠠ  ᠶᠢ ᠦᠨᠳᠣᠰᠣᠯᠡᠨ ᠂ ᠣᠷᠴᠢᠮ  ᠤᠨ ᠬᠣᠭᠣᠴᠠᠭᠠᠨ  ᠤ ᠠᠵᠦ ᠠᠬᠣᠢ  ᠶᠢᠨ ᠡᠷᠭᠢᠯᠲᠡ  ᠶᠢᠨ ᠬᠠᠷᠠᠯᠲᠠ ᠂ ᠠᠷᠭ᠎ᠠ ᠬᠡᠮᠵᠢᠶ᠎ᠡ  ᠶᠢ ᠲᠣᠬᠢᠷᠠᠭᠣᠯᠬᠣ  ᠶᠢ ᠨᠠᠶᠢᠷᠠᠭᠣᠯᠣᠨ ᠵᠣᠬᠢᠶᠠᠨ ᠪᠠᠶᠢᠭᠣᠯᠵᠦ ᠂ ᠠᠵᠦ ᠠᠬᠣᠢ  ᠶᠢᠨ ᠡᠷᠭᠢᠯᠲᠡ  ᠳᠠᠬᠢ ᠠᠵᠦ ᠠᠬᠣᠢ  ᠶᠢᠨ ᠡᠷᠭᠢᠯᠲᠡ  ᠳᠠᠬᠢ ᠴᠢᠬᠣᠯᠠ ᠠᠰᠭᠣᠳᠠᠯ  ᠢ ᠰᠡᠢᠳᠪᠣᠷᠢᠯᠡᠬᠦ  ᠶᠢᠨ ᠬᠠᠮᠲᠦ ᠬᠣᠳᠠ  ᠶᠢᠨ ᠨᠠᠮ  ᠤᠨ ᠬᠣᠷᠢᠶ᠎ᠠ ᠂ ᠬᠣᠲᠠ  ᠶᠢᠨ ᠵᠠᠰᠠᠭ  ᠤᠨ ᠣᠷᠳᠣᠨ  ᠳᠤ ᠰᠠᠨᠠᠯ ᠰᠠᠨᠠᠭᠠᠴᠢᠯᠭ᠎ᠠ ᠲᠣᠷᠠᠳᠣᠨ᠎ᠠ ᠃ 2 ᠂ ᠪᠦᠬᠦ ᠬᠣᠲᠠ  ᠶᠢᠨ ᠠᠵᠦ ᠦᠢᠯᠡᠰ  ᠤᠨ ᠲᠦᠷᠦ  ᠶᠢᠨ ᠪᠣᠳᠣᠯᠭ᠎ᠠ  ᠶᠢᠨ ᠶᠡᠷᠣᠩᠭᠡᠢ ᠲᠦᠯᠣᠪᠵᠢᠭᠦᠯᠭᠡ ᠪᠣᠯᠣᠨ ᠠᠵᠦ ᠦᠢᠯᠡᠰ  ᠤᠨ ᠪᠦᠳᠣᠴᠡ  ᠶᠢᠨ ᠲᠦᠷᠦ  ᠶᠢᠨ ᠪᠣᠳᠣᠯᠭ᠎ᠠ  ᠶᠢ ᠲᠣᠭᠳᠠᠭᠠᠬᠣ  ᠳᠤ ᠣᠷᠣᠯᠴᠠᠨ ᠂ ᠭᠣᠣᠯᠳᠠᠯᠭ᠎ᠠ  ᠲᠠᠢ ᠠᠵᠢᠯ ᠲᠦᠷᠣᠯ ᠂ ᠭᠣᠣᠯᠳᠠᠯᠭ᠎ᠠ  ᠲᠠᠢ ᠪᠦᠳᠣᠭᠡᠭ᠍ᠳᠡᠭᠦᠨ  ᠢ ᠲᠣᠬᠢᠷᠠᠭᠣᠯᠬᠣ ᠲᠦᠰᠣᠪ ᠲᠣᠷᠠᠳᠬᠣ  ᠶᠢᠨ ᠦᠢᠯᠡᠳᠪᠣᠷᠢᠯᠡᠯ  ᠤᠨ ᠡᠵᠡᠩᠨᠡᠯᠲᠡ  ᠶᠢᠨ ᠪᠠᠶᠢᠳᠠᠯ  ᠢ ᠬᠢᠨᠠᠨ ᠣᠶᠢᠯᠭᠠᠵᠦ ᠡᠵᠡᠮᠰᠢᠨ ᠂ ᠬᠣᠯᠪᠣᠭᠳᠠᠯ ᠪᠦᠬᠦᠢ ᠰᠠᠯᠠᠭ᠎ᠠ ᠮᠦᠴᠢᠷ  ᠲᠠᠢ ᠣᠶᠠᠯᠳᠣᠨ ᠂ ᠪᠦᠬᠦ ᠬᠣᠲᠠ  ᠶᠢᠨ ᠬᠣᠯᠪᠣᠭᠳᠠᠯ ᠪᠦᠬᠦᠢ ᠠᠵᠦ ᠠᠬᠣᠢ  ᠶᠢᠨ ᠲᠦᠷᠦ  ᠶᠢᠨ ᠪᠣᠳᠣᠯᠭ᠎ᠠ  ᠶᠢ ᠲᠣᠭᠳᠠᠭᠠᠨ ᠭᠡᠷᠡᠭᠵᠢᠭᠦᠯᠣᠨ᠎ᠠ ᠃ 3 ᠂ ᠣᠯᠣᠰ ᠪᠠ ᠦᠪᠡᠷᠲᠡᠭᠡᠨ ᠵᠠᠰᠠᠬᠣ ᠣᠷᠣᠨ  ᠤ ᠣᠯᠣᠰ  ᠤ ᠪᠠᠳᠣᠯᠠᠨ ᠬᠠᠮᠠᠭᠠᠯᠠᠯᠲᠠ  ᠶᠢᠨ ᠰᠢᠨᠵᠢᠯᠡᠬᠦ ᠮᠡᠷᠭᠡᠵᠢᠯ  ᠤᠨ ᠠᠵᠦ ᠦᠢᠯᠡᠳᠪᠣᠷᠢ  ᠶᠢᠨ ᠪᠠᠶᠢᠯᠳᠣᠬᠣ ᠪᠣᠳᠣᠯᠭ᠎ᠠ ᠪᠠ ᠲᠦᠯᠣᠪᠵᠢᠭᠦᠯᠭᠡ  ᠶᠢ ᠦᠨᠳᠣᠰᠣᠯᠡᠨ ᠂ ᠬᠦᠬᠡᠬᠣᠲᠡ  ᠶᠢᠨ ᠣᠯᠣᠰ  ᠤᠨ ᠪᠠᠳᠣᠯᠠᠨ ᠬᠠᠮᠠᠭᠠᠯᠠᠯᠲᠠ  ᠶᠢᠨ ᠰᠢᠨᠵᠢᠯᠡᠬᠦ ᠮᠡᠷᠭᠡᠵᠢᠯ  ᠢᠶᠠᠷ ᠠᠵᠦ ᠦᠢᠯᠡᠳᠪᠣᠷᠢ  ᠶᠢ ᠭᠦᠭᠵᠢᠭᠦᠯᠬᠦ ᠲᠦᠰᠣᠪ ᠪᠠ ᠠᠵᠦ ᠦᠢᠯᠡᠰ  ᠤᠨ ᠬᠠᠮᠢᠶᠠᠷᠣᠯᠲᠠ  ᠶᠢᠨ ᠲᠦᠷᠢᠮ ᠲᠣᠭᠳᠠᠭᠠᠯ ᠪᠣᠯᠣᠨ ᠬᠡᠷᠡᠭᠵᠢᠭᠦᠯᠬᠦ ᠠᠷᠭ᠎ᠠ  ᠶᠢ ᠰᠣᠳᠣᠯᠣᠨ ᠲᠣᠭᠳᠠᠭᠠᠨ᠎ᠠ ᠂ ᠪᠦᠬᠦ ᠬᠣᠲᠠ  ᠶᠢᠨ ᠣᠯᠣᠰ  ᠤᠨ ᠪᠠᠳᠣᠯᠠᠨ ᠬᠠᠮᠠᠭᠠᠯᠠᠯᠲᠠ  ᠶᠢᠨ ᠰᠢᠨᠵᠢᠯᠡᠬᠦ ᠮᠡᠷᠭᠡᠵᠢᠯ  ᠤᠨ ᠠᠵᠦ ᠦᠢᠯᠡᠳᠪᠣᠷᠢ  ᠶᠢ ᠬᠠᠮᠢᠶᠠᠷᠬᠣ ᠪᠠ ᠣᠶᠠᠯᠳᠣᠵᠦ ᠂ ᠪᠦᠬᠦ ᠬᠣᠲᠠ  ᠶᠢᠨ ᠠᠷᠠᠳ ᠣᠯᠣᠨ  ᠤ ᠭᠡᠷᠡᠭᠯᠡᠭᠡᠨ  ᠤ ᠲᠡᠯᠪᠡᠴᠢᠬᠦ ᠭᠡᠷᠡᠭᠰᠡᠯ ᠪᠣᠯᠣᠨ ᠦᠢᠯᠡᠳᠪᠣᠷᠢᠯᠡᠯ ᠡᠵᠡᠩᠨᠡᠯᠲᠡ  ᠶᠢ ᠵᠢᠯᠣᠭᠣᠳᠣᠨ ᠬᠠᠮᠢᠶᠠᠷᠣᠨ᠎ᠠ ᠃ 4 ᠂ ᠣᠯᠣᠰ ᠂ ᠦᠪᠡᠷᠲᠡᠭᠡᠨ ᠵᠠᠰᠠᠬᠣ ᠣᠷᠣᠨ  ᠤ ᠠᠵᠦ ᠦᠢᠯᠡᠳᠪᠣᠷᠢ ᠰᠣᠷᠠᠭ ᠵᠠᠩᠭᠢ  ᠶᠢᠨ ᠦᠢᠯᠡᠳᠭᠦᠨ  ᠤ ᠲᠠᠯ᠎ᠠ  ᠪᠠᠷ ᠬᠢ ᠠᠵᠦ ᠠᠬᠣᠢ  ᠶᠢᠨ ᠬᠠᠣᠯᠢ ᠲᠦᠷᠢᠮ  ᠢ ᠬᠡᠷᠡᠭᠵᠢᠭᠦᠯᠬᠦ ᠠᠷᠭ᠎ᠠ ᠬᠡᠮᠵᠢᠶ᠎ᠠ ᠲᠦᠰᠣᠪ  ᠢ ᠲᠣᠭᠳᠠᠭᠠᠨ ᠭᠡᠷᠡᠭᠵᠢᠭᠦᠯᠬᠦ ᠪᠠ ᠬᠢᠨᠠᠯᠲᠠ ᠲᠠᠯᠪᠢᠵᠦ ᠂ ᠠᠵᠢᠯ ᠲᠦᠷᠣᠯ  ᠤᠨ ᠦᠢᠯᠡᠳᠪᠣᠷᠢᠯᠡᠯ  ᠤᠨ ᠪᠠᠶᠢᠳᠠᠯ  ᠢ ᠵᠠᠳᠠᠯᠣᠨ ᠡᠵᠡᠮᠰᠢᠵᠦ ᠂ ᠠᠵᠦ ᠦᠢᠯᠡᠰ  ᠤᠨ ᠠᠵᠦ ᠠᠬᠣᠢ  ᠶᠢᠨ ᠰᠣᠷᠠᠭ ᠵᠠᠩᠭᠢ ᠪᠠ ᠵᠠᠬ᠎ᠠ ᠲᠡᠯᠭᠡᠭᠦᠷ  ᠤᠨ ᠰᠣᠷᠠᠭ ᠵᠠᠩᠭᠢ ᠴᠣᠭᠯᠠᠭᠣᠯᠣᠨ ᠡᠮᠬᠢᠯᠡᠵᠦ ᠂ ᠠᠵᠦ ᠠᠬᠣᠶᠢᠯᠠᠯ  ᠳᠤ ᠦᠢᠯᠡᠴᠢᠯᠡᠭᠡ ᠬᠠᠩᠭᠠᠨ᠎ᠠ ᠃ 5 ᠂ ᠠᠵᠢᠯ ᠲᠦᠷᠣᠯ  ᠤᠨ ᠲᠦᠯᠣᠪᠵᠢᠭᠦᠯᠭᠡ ᠂ ᠠᠵᠢᠯ ᠲᠦᠷᠣᠯ  ᠤᠨ ᠬᠠᠣᠯᠢ ᠲᠦᠷᠢᠮ ᠪᠠ ᠬᠣᠯᠪᠣᠭᠳᠠᠯ ᠪᠦᠬᠦᠢ ᠬᠠᠣᠯᠢ ᠲᠣᠭᠳᠠᠭᠠᠯ ᠂ ᠲᠦᠷᠢᠮ  ᠢ ᠲᠣᠭᠳᠠᠭᠠᠵᠦ ᠂ ᠠᠵᠦ ᠦᠢᠯᠡᠰ  ᠤᠨ ᠪᠦᠳᠣᠴᠡ  ᠶᠢᠨ ᠲᠣᠬᠢᠷᠠᠭᠣᠯᠣᠯᠲᠠ  ᠶᠢ ᠵᠢᠯᠣᠭᠣᠳᠣᠨ ᠂ ᠠᠵᠢᠯ ᠲᠦᠷᠣᠯ  ᠢ ᠵᠣᠬᠢᠰᠲᠡᠢ ᠪᠠᠶᠢᠷᠢᠯᠠᠭᠣᠯᠵᠦ ᠂ ᠠᠵᠢᠯ ᠲᠦᠷᠣᠯ  ᠤᠨ ᠲᠣᠳᠣᠭᠠᠳᠦ ᠬᠠᠷᠢᠴᠠᠭ᠎ᠠ  ᠶᠢ ᠵᠣᠬᠢᠴᠠᠭᠣᠯᠣᠨ ᠂ ᠡᠷᠭᠡ ᠲᠡᠭᠰᠢ ᠦᠷᠢᠰᠣᠯᠳᠣᠭᠡᠨ  ᠤ ᠲᠢᠭᠯᠢᠮ  ᠢ ᠬᠠᠮᠠᠭᠠᠯᠠᠵᠦ ᠂ ᠠᠵᠢᠯ ᠲᠦᠷᠣᠯ  ᠤᠨ ᠭᠦᠭᠵᠢᠯᠲᠡ  ᠳᠠᠬᠢ ᠠᠰᠠᠭᠣᠳᠠᠯ  ᠢ ᠰᠣᠳᠣᠯᠣᠨ ᠂ ᠬᠣᠯᠪᠣᠭᠳᠠᠯ ᠪᠦᠬᠦᠢ ᠰᠠᠯᠠᠭ᠎ᠠ ᠮᠦᠴᠢᠷ  ᠲᠤ ᠰᠠᠨᠠᠭᠠᠴᠢᠯᠭ᠎ᠠ ᠲᠣᠷᠠᠳᠣᠨ ᠵᠣᠬᠢᠶᠠᠨ ᠪᠠᠶᠢᠭᠣᠯᠵᠦ ᠭᠡᠷᠡᠭᠵᠢᠭᠦᠯᠣᠨ᠎ᠠ ᠃ 6 ᠂ ᠪᠦᠬᠦ ᠬᠣᠲᠠ  ᠶᠢᠨ ᠠᠵᠦ ᠦᠢᠯᠡᠳᠪᠣᠷᠢ ᠵᠠᠮ ᠬᠠᠷᠢᠯᠴᠠᠭ᠎ᠠ ᠂ ᠪᠦᠳᠣᠭᠡᠨ ᠪᠠᠶᠢᠭᠣᠯᠣᠯᠲᠠ  ᠶᠢᠨ ᠲᠠᠯ᠎ᠠ  ᠪᠠᠷ ᠬᠢ ᠶᠡᠷᠣᠩᠭᠡᠶᠢᠯᠡᠭᠰᠡᠨ ᠴᠢᠨᠠᠷᠲᠠᠢ ᠠᠵᠦ ᠠᠬᠣᠢ  ᠶᠢᠨ ᠲᠦᠷᠦ  ᠶᠢᠨ ᠪᠣᠳᠣᠯᠭ᠎ᠠ  ᠶᠢ ᠲᠣᠭᠳᠠᠭᠠᠵᠦ ᠂ ᠣᠯᠣᠰ  ᠠᠴᠠ ᠪᠠᠭᠣᠯᠭᠠᠭᠰᠠᠨ  ᠠᠴᠠ ᠭᠠᠳᠠᠨᠠᠬᠢ ᠠᠵᠦ ᠦᠢᠯᠡᠳᠪᠣᠷᠢ ᠠᠵᠦ ᠠᠬᠣᠶᠢᠯᠠᠯ  ᠤᠨ ᠪᠡᠯᠡ ᠣᠷᠣᠭᠣᠯᠣᠯᠲᠠ ᠪᠠ ᠪᠠᠩᠭᠢ  ᠶᠢᠨ ᠵᠢᠭᠡᠯᠡᠯᠭᠡ  ᠶᠢᠨ ᠴᠢᠭᠯᠡᠭᠦᠯᠣᠯᠲᠡ  ᠶᠢ ᠵᠢᠯᠣᠭᠣᠳᠴᠦ ᠂ ᠲᠦᠷᠣᠯ ᠵᠦᠢᠯ  ᠢ ᠲᠠᠩᠰᠠᠯᠠᠬᠣ ᠪᠠ ᠭᠢᠨᠠᠯᠲᠠ ᠲᠠᠯᠪᠢᠬᠣ  ᠶᠢ ᠭᠡᠷᠡᠭᠵᠢᠭᠦᠯᠵᠦ ᠂ ᠬᠣᠲᠠ  ᠶᠢᠨ ᠦᠭᠡᠷᠡᠴᠢᠯᠡᠯᠲᠡ ᠭᠦᠭᠵᠢᠭᠦᠯᠣᠯᠲᠡ  ᠶᠢᠨ ᠵᠦᠪᠯᠡᠯ  ᠤᠨ ᠶᠡᠷᠣᠩᠭᠢ ᠲᠡᠩᠴᠢᠭᠦᠷᠰᠢᠯ  ᠳᠤ ᠣᠷᠣᠭᠣᠯᠣᠨ᠎ᠠ ᠃ ᠣᠯᠣᠰ  ᠤᠨ ᠦᠮᠴᠢᠯᠡᠯᠲᠦ ᠠᠵᠦ ᠦᠢᠯᠡᠳᠪᠣᠷᠢ ᠂ ᠠᠵᠦ ᠠᠬᠣᠶᠢᠯᠠᠯ  ᠤᠨ ᠦᠷᠢ ᠦᠭᠴᠡᠭᠡ  ᠶᠢ ᠬᠣᠪᠢ ᠣᠷᠣᠭᠣᠯᠣᠯᠲᠠ ᠪᠣᠯᠭᠠᠬᠣ ᠠᠵᠢᠯ  ᠢ ᠬᠠᠷᠢᠭᠣᠴᠠᠨ᠎ᠠ ᠃ ᠠᠵᠦ ᠠᠬᠢᠯᠠᠯ  ᠤᠨ ᠭᠠᠳᠠᠭᠠᠳᠦ ᠪᠡᠯᠡ ᠣᠷᠣᠭᠣᠯᠣᠯᠲᠠ  ᠶᠢ ᠠᠰᠢᠭᠯᠠᠬᠣ ᠬᠣᠯᠪᠣᠭᠳᠠᠯ ᠪᠦᠬᠦᠢ ᠲᠦᠷᠦ  ᠶᠢᠨ ᠪᠣᠳᠣᠯᠭ᠎ᠠ  ᠶᠢ ᠰᠣᠳᠣᠯᠣᠨ ᠲᠣᠭᠳᠠᠭᠠᠵᠦ ᠂ ᠠᠵᠦ ᠦᠢᠯᠡᠳᠪᠣᠷᠢ ᠂ ᠠᠵᠦ ᠠᠬᠣᠶᠢᠯᠠᠯ  ᠤᠨ ᠭᠠᠳᠠᠭᠠᠲᠦ ᠪᠡᠯᠡ ᠣᠷᠣᠭᠣᠯᠣᠯᠲᠠ  ᠶᠢ ᠠᠰᠢᠭᠯᠠᠬᠣ  ᠶᠢ ᠵᠢᠯᠣᠭᠣᠳᠣᠨ ︵ ᠭᠠᠳᠠᠭᠠᠲᠦ ᠠᠷᠠᠯᠵᠢᠶᠠᠨ  ᠤ ᠰᠢᠭᠣᠣᠨ ᠪᠡᠯᠡ ᠣᠷᠣᠭᠣᠯᠣᠯᠲᠠ  ᠶᠢᠨ ᠲᠦᠷᠥᠯ ᠵᠦᠢᠯ  ᠢ ᠪᠠᠭᠳᠠᠨ᠎ᠠ ︶ ᠂ ᠠᠵᠦ ᠦᠢᠯᠡᠳᠪᠣᠷᠢ ᠂ ᠠᠵᠦ ᠠᠬᠣᠶᠢᠯᠠᠯ  ᠤᠨ ᠭᠠᠳᠠᠭᠠᠳᠦ ᠠᠷᠠᠯᠵᠢᠶᠠᠨ  ᠤ ᠲᠡᠰᠢ ᠡᠳ᠋ ᠭᠦᠷᠣᠩᠭᠡ  ᠶᠢᠨ ᠬᠣᠪᠢ ᠣᠷᠣᠭᠣᠯᠣᠯᠲᠠ  ᠶᠢᠨ ᠡᠷᠭᠡ ᠂ ᠡᠵᠡᠩᠨᠡᠯᠲᠡ  ᠶᠢᠨ ᠡᠷᠭᠡ  ᠳᠤ ᠰᠢᠯᠵᠢᠭᠦᠯᠣᠨ ᠦᠭᠬᠦ ᠲᠦᠷᠦ  ᠶᠢᠨ ᠪᠣᠳᠣᠯᠭ᠎ᠠ  ᠶᠢ ᠲᠣᠣᠱᠯᠠᠭᠣᠯᠣᠨ ᠭᠡᠷᠡᠭᠵᠢᠭᠦᠯᠬᠦ  ᠶᠢᠨ ᠬᠠᠮᠲᠦ ᠬᠢᠨᠠᠨ ᠬᠠᠮᠢᠶᠠᠷᠬᠣ  ᠶᠢ ᠭᠡᠷᠡᠭᠵᠢᠭᠦᠯᠣᠨ᠎ᠠ ᠃ 7 ᠂ ᠠᠵᠦ ᠦᠢᠯᠡᠳᠪᠣᠷᠢ  ᠶᠢᠨ ᠠᠵᠦ ᠠᠬᠣᠶᠢᠯᠠᠯ  ᠤᠨ ᠠᠵᠢᠯ  ᠢ ᠬᠠᠷᠢᠭᠣᠴᠠᠨ᠎ᠠ ᠃ ᠡᠯ᠎ᠠ ᠵᠦᠢᠯ  ᠤᠨ ᠠᠵᠦ ᠠᠬᠣᠢ  ᠶᠢᠨ ᠪᠦᠷᠢᠯᠳᠣᠭᠦᠨ  ᠲᠠᠢ ᠠᠵᠦ ᠠᠬᠣᠶᠢᠯᠠᠯ  ᠳᠤ ᠬᠣᠷᠸ᠎ᠠ ᠬᠠᠮᠢᠶᠠᠷᠣᠯᠲᠠ ᠪᠠ ᠵᠢᠯᠣᠭᠣᠳᠣᠯᠭ᠎ᠠ ᠬᠢᠵᠦ ᠂ ᠠᠵᠦ ᠠᠬᠣᠶᠢᠯᠠᠯ  ᠢ ᠲᠦᠷᠢᠮᠵᠢᠭᠦᠯᠬᠦ  ᠪᠠᠷ ᠪᠠᠷᠢᠮᠵᠢᠶ᠎ᠠ ᠪᠣᠯᠭᠠᠵᠦ ᠂ ᠠᠵᠦ ᠠᠬᠣᠶᠢᠯᠠᠯ  ᠤᠨ ᠦᠭᠡᠷᠡᠴᠢᠯᠡᠯᠲᠡ  ᠶᠢᠨ ᠲᠦᠷᠦ  ᠶᠢᠨ ᠪᠣᠳᠣᠯᠭ᠎ᠠ ᠂ ᠠᠷᠭ᠎ᠠ ᠬᠡᠮᠵᠢᠶ᠎ᠡ  ᠶᠢ ᠰᠣᠳᠣᠯᠨ ᠲᠣᠭᠳᠠᠭᠠᠵᠦ ᠂ ᠣᠳᠦ ᠦᠶ᠎ᠡ  ᠶᠢᠨ ᠠᠵᠦ ᠠᠬᠣᠶᠢᠯᠠᠯ  ᠤᠨ ᠲᠦᠷᠢᠮ  ᠢ ᠪᠠᠶᠢᠭᠣᠯᠬᠣ  ᠶᠢ ᠠᠬᠢᠭᠣᠯᠣᠨ᠎ᠠ ᠃ ᠠᠵᠦ ᠠᠬᠣᠶᠢᠯᠠᠯ  ᠤᠨ ᠰᠢᠭᠣᠣᠨ ᠪᠡᠯᠡ ᠨᠡᠶᠢᠯᠡᠬᠦᠯᠬᠦ ᠠᠵᠢᠯ  ᠢ ᠵᠢᠯᠣᠭᠣᠳᠣᠨ ᠣᠯᠣᠰ  ᠤᠨ ᠦᠮᠴᠢᠯᠡᠯᠲᠦ ᠠᠵᠦ ᠠᠬᠣᠶᠢᠯᠠᠯ ᠠᠵᠦ ᠠᠬᠣᠶᠢᠯᠠᠯ  ᠤᠨ ᠲᠠᠷᠣᠭᠠᠰᠦ  ᠶᠢ ᠬᠣᠪᠢᠷᠠᠭᠣᠯᠣᠨ ᠬᠦᠩᠬᠡᠷᠡᠭᠦᠯᠬᠦ ᠠᠵᠢᠯ  ᠢ ᠵᠢᠯᠣᠭᠣᠳᠴᠦ ᠂ ᠠᠵᠦ ᠠᠬᠣᠶᠢᠯᠠᠯ  ᠤᠨ ᠲᠣᠳᠣᠭᠠᠳᠦ  ᠶᠢᠨ ᠬᠠᠣᠯᠢ ᠴᠠᠭᠠᠵᠠ  ᠶᠢᠨ ᠯᠠᠪᠯᠠᠨ ᠠᠰᠠᠭᠣᠬᠣ ᠠᠵᠢᠯ  ᠢ ᠵᠢᠯᠣᠭᠣᠳᠣᠨ ᠠᠵᠦ ᠠᠬᠣᠶᠢᠯᠠᠯ  ᠤᠨ ᠬᠠᠷᠢᠭᠣᠴᠠᠯᠭᠠᠲᠠᠨ  ᠤ ᠪᠣᠯᠪᠠᠰᠣᠷᠠᠯ  ᠢ ᠵᠣᠬᠢᠶᠠᠨ ᠪᠠᠶᠢᠭᠣᠯᠣᠨ᠎ᠠ ᠃ 8 ᠂ ᠠᠵᠦ ᠠᠬᠣᠶᠢᠯᠠᠯ  ᠤᠨ ᠣᠯᠣᠰ  ᠤᠨ ᠦᠮᠴᠢᠯᠡᠯᠲᠦ ᠡᠳ᠋ ᠭᠦᠷᠣᠩᠭᠡ  ᠶᠢ ᠬᠢᠨᠠᠨ ᠬᠠᠮᠢᠶᠠᠷᠬᠣ ᠬᠠᠣᠯᠢ ᠲᠦᠷᠢᠮ ᠂ ᠠᠷᠭ᠎ᠠ ᠬᠡᠮᠵᠢᠶ᠎ᠡ ᠂ ᠲᠦᠰᠣᠪ  ᠢ ᠲᠣᠭᠳᠠᠭᠠᠨ ᠭᠡᠷᠡᠭᠵᠢᠭᠦᠯᠵᠦ ᠂ ᠠᠵᠦ ᠠᠬᠣᠶᠢᠯᠠᠯ  ᠤᠨ ᠣᠯᠣᠰ  ᠤᠨ ᠦᠮᠴᠢᠯᠡᠯᠲᠦ ᠡᠳ᠋ ᠭᠦᠷᠣᠩᠭᠡ  ᠶᠢ ᠬᠢᠨᠠᠨ ᠬᠠᠮᠢᠶᠠᠷᠬᠣ ᠬᠠᠣᠯᠢ ᠲᠦᠷᠢᠮ ᠠᠷᠭ᠎ᠠ ᠬᠡᠮᠵᠢᠶ᠎ᠡ ᠲᠦᠰᠣᠪ  ᠢ ᠲᠣᠭᠳᠠᠭᠠᠨ ᠭᠡᠷᠡᠭᠵᠢᠭᠦᠯᠵᠦ ᠂ ᠠᠵᠦ ᠠᠬᠣᠶᠢᠯᠠᠯ  ᠤᠨ ᠣᠯᠣᠰ  ᠤᠨ ᠦᠮᠴᠢᠯᠡᠯᠲᠦ ᠡᠳ᠋ ᠭᠦᠷᠣᠩᠭᠡ  ᠶᠢᠨ ᠦᠷᠲᠡᠭ  ᠢ ᠪᠠᠳᠣᠯᠠᠵᠦ ᠂ ᠨᠡᠮᠡᠭᠳᠡᠯ ᠦᠷᠲᠡᠭ  ᠢ ᠨᠡᠮᠡᠭᠳᠡᠭᠦᠯᠬᠦ  ᠶᠢ ᠬᠠᠷᠢᠭᠣᠴᠠᠨ᠎ᠠ ᠃ ᠦᠮᠴᠢᠯᠡᠭᠴᠢ  ᠶᠢᠨ ᠡᠷᠭᠡ ᠠᠰᠢᠭ  ᠢ ᠬᠠᠮᠠᠭᠠᠯᠠᠵᠦ ᠂ ᠬᠣᠲᠠ  ᠶᠢᠨ ᠠᠷᠠᠳ  ᠤᠨ ᠵᠠᠰᠠᠭ  ᠤᠨ ᠣᠷᠳᠣᠨ  ᠠᠴᠠ ᠬᠢᠨᠠᠨ ᠪᠠᠶᠢᠴᠠᠭᠠᠭᠴᠢ ᠲᠣᠮᠢᠯᠠᠬᠣ ᠴᠢᠬᠣᠯᠠᠲᠠᠢ ᠣᠯᠣᠰ  ᠤᠨ ᠦᠮᠴᠢᠯᠡᠯᠲᠦ ᠠᠵᠦ ᠠᠬᠣᠶᠢᠯᠠᠯ  ᠤᠨ ᠨᠡᠷᠡᠰ  ᠢ ᠲᠣᠷᠠᠳᠴᠦ ᠂ ᠬᠢᠨᠠᠨ ᠪᠠᠶᠢᠴᠠᠭᠠᠬᠣ ᠲᠣᠰᠬᠠᠢ ᠲᠣᠰᠢᠶᠠᠯᠲᠠᠨ  ᠤ ᠬᠢᠨᠠᠨ ᠪᠠᠶᠢᠴᠠᠭᠠᠭᠰᠠᠨ ᠮᠡᠲᠡᠭᠦᠯᠣᠯᠲᠡ  ᠶᠢ ᠬᠢᠨᠠᠨ ᠰᠢᠯᠭᠠᠨ᠎ᠠ ᠃ 9 ᠂ ᠪᠦᠬᠦ ᠬᠣᠲᠠ  ᠶᠢᠨ ᠠᠵᠦ ᠦᠢᠯᠡᠳᠪᠣᠷᠢ ᠂ ᠠᠵᠦ ᠠᠬᠣᠶᠢᠯᠠᠯ  ᠤᠨ ᠮᠡᠷᠭᠡᠵᠢᠯ ᠲᠠᠪᠰᠢᠯᠲᠠ  ᠶᠢᠨ ᠠᠵᠢᠯ  ᠢ ᠬᠠᠷᠢᠭᠣᠴᠠᠵᠦ ᠂ ᠪᠦᠬᠦ ᠬᠣᠲᠠ  ᠶᠢᠨ ᠠᠵᠦ ᠠᠬᠣᠶᠢᠯᠠᠯ  ᠤᠨ ᠮᠡᠷᠭᠡᠵᠢᠯ  ᠤᠨ ᠬᠢᠨᠠᠯᠲᠠ  ᠶᠢᠨ ᠰᠠᠭᠣᠷᠢ ᠮᠦᠩᠭᠦ  ᠶᠢ ᠪᠠᠶᠢᠭᠣᠯᠣᠨ ᠬᠠᠮᠢᠶᠠᠷᠴᠦ ᠂ ᠮᠡᠷᠭᠡᠵᠢᠯ  ᠤᠨ ᠰᠢᠨᠡᠴᠢᠯᠡᠯᠲᠡ ᠂ ᠮᠡᠷᠭᠡᠵᠢᠯ ᠲᠠᠳᠠᠨ ᠣᠷᠣᠭᠣᠯᠬᠣ ᠂ ᠣᠯᠣᠰ  ᠠᠴᠠ ᠦᠢᠯᠡᠳᠪᠣᠷᠢᠯᠡᠭᠰᠡᠨ ᠲᠦᠭᠦᠬᠡᠷᠣᠮᠵᠢ  ᠶᠢ ᠰᠣᠳᠣᠯᠣᠨ ᠦᠢᠯᠡᠳᠬᠦ  ᠶᠢ ᠵᠢᠯᠣᠭᠣᠳᠣᠨ᠎ᠠ ᠃ ᠦᠪᠡᠷᠲᠡᠭᠡᠨ ᠵᠠᠰᠠᠬᠣ ᠣᠷᠣᠨ  ᠤ ᠬᠢᠵᠠᠭᠠᠷᠯᠠᠭᠰᠠᠨ ᠲᠣᠭᠠᠨ ᠲᠣᠳᠣᠷᠠᠭᠢ ᠮᠡᠷᠭᠡᠵᠢᠯ  ᠤᠨ ᠦᠭᠡᠷᠡᠴᠢᠯᠡᠯᠲᠡ  ᠶᠢᠨ ᠲᠦᠷᠣᠯ ᠵᠦᠢᠯ  ᠢ ᠬᠢᠨᠠᠨ ᠵᠦᠪᠰᠢᠶᠡᠷᠡᠵᠦ ᠂ ᠠᠵᠦ ᠠᠬᠣᠶᠢᠯᠠᠯ  ᠤᠨ ᠮᠡᠷᠭᠡᠵᠢᠯ ᠲᠠᠪᠰᠢᠯᠲᠠ  ᠶᠢᠨ ᠲᠦᠷᠣᠯ ᠵᠦᠢᠯ  ᠤᠨ ᠪᠡᠯᠡ ᠮᠦᠩᠭᠦ  ᠶᠢ ᠪᠠᠶᠢᠷᠢᠯᠠᠭᠣᠯᠬᠣ ᠦᠵᠡᠯᠲᠡ ᠰᠠᠨᠠᠯ ᠲᠣᠷᠠᠳᠬᠣ ︔ ᠦᠢᠯᠡᠳᠭᠦᠨ  ᠤ ᠶᠠᠰᠦ ᠴᠢᠨᠠᠷ  ᠢ ᠲᠡᠭᠡᠭᠰᠢᠯᠡᠭᠦᠯᠬᠦ ᠭᠦᠭᠵᠢᠯᠲᠡ  ᠶᠢᠨ ᠲᠦᠯᠣᠪᠵᠢᠭᠦᠯᠭᠡ ᠪᠡ ᠲᠦᠷᠦ  ᠶᠢᠨ ᠪᠣᠳᠣᠯᠭ᠎ᠠ ᠂ ᠠᠷᠭ᠎ᠠ ᠬᠡᠮᠵᠢᠶ᠎ᠠ  ᠶᠢ ᠵᠣᠬᠢᠶᠠᠨ ᠪᠠᠶᠢᠭᠣᠯᠣᠨ ᠲᠣᠭᠳᠠᠭᠠᠵᠦ ᠂ ᠬᠣᠯᠪᠣᠭᠳᠠᠯ ᠪᠦᠬᠦᠢ ᠰᠠᠯᠠᠭ᠎ᠠ ᠮᠦᠴᠢᠷ  ᠲᠠᠢ ᠣᠶᠠᠯᠳᠣᠨ ᠴᠢᠬᠣᠯᠠ ᠶᠠᠰᠦ ᠴᠢᠨᠠᠷ  ᠤᠨ ᠭᠡᠷᠡᠭ ᠣᠴᠠᠷ  ᠢ ᠪᠠᠶᠢᠴᠠᠭᠠᠨ ᠵᠠᠳᠠᠯᠣᠵᠦ ᠂ ᠬᠠᠯᠠᠨ ᠰᠠᠶᠢᠵᠢᠷᠠᠭᠣᠯᠬᠣ ᠰᠠᠨᠠᠭᠠᠴᠢᠯᠭ᠎ᠠ ᠲᠣᠷᠠᠳᠬᠣ ︔ ᠪᠦᠬᠦ ᠬᠣᠲᠠ  ᠶᠢᠨ ᠡᠳ᠋ ᠪᠠᠶᠠᠯᠢᠭ  ᠢ ᠠᠷᠪᠢᠯᠠᠬᠣ ᠪᠠ ᠶᠡᠷᠣᠩᠭᠡᠶᠢᠯᠡᠨ ᠠᠰᠢᠭᠯᠠᠬᠣ  ᠶᠢ ᠵᠢᠯᠣᠭᠣᠳᠣᠨ ᠂ ᠠᠵᠦ ᠦᠢᠯᠡᠳᠪᠣᠷᠢ  ᠶᠢᠨ ᠣᠷᠴᠢᠨ ᠲᠣᠭᠣᠷᠢᠨ  ᠢ ᠬᠠᠮᠠᠭᠠᠯᠠᠬᠣ ᠪᠠ ᠣᠷᠴᠢᠨ ᠠᠬᠣᠢ  ᠶᠢᠨ ᠠᠵᠦ ᠦᠢᠯᠡᠰ  ᠢ ᠬᠦᠭᠵᠢᠭᠦᠯᠣᠨ᠎ᠠ ᠃ 10 ᠂ ᠪᠦᠬᠦ ᠬᠣᠲᠠ  ᠶᠢᠨ ᠵᠠᠮ ᠬᠠᠷᠢᠯᠴᠠᠭ᠎ᠠ ᠂ ᠵᠦᠭᠡᠭᠡᠪᠣᠷᠢ ᠂ ᠰᠢᠣᠲᠠᠨ ᠴᠠᠬᠢᠯᠭᠠᠨ ᠂ ᠴᠢᠮᠡᠭᠡ ᠵᠠᠩᠭᠢ  ᠶᠢᠨ ᠠᠵᠢᠯ  ᠤᠨ ᠡᠷᠭᠢᠯᠲᠡ  ᠶᠢᠨ ᠪᠠᠶᠢᠳᠠᠯ  ᠢ ᠡᠵᠡᠮᠰᠢᠵᠦ ᠂ ᠪᠦᠬᠦ ᠬᠣᠲᠠ  ᠶᠢᠨ ᠵᠠᠰᠠᠮᠠᠯ ᠵᠠᠮ ᠂ ᠣᠰᠣᠨ ᠵᠦᠭᠡᠭᠡᠪᠣᠷᠢ ᠂ ᠰᠢᠣᠳᠠᠨ ᠴᠠᠬᠢᠯᠭᠠᠨ ᠪᠣᠯᠣᠨ ᠬᠣᠯᠪᠣᠭᠠᠯᠠᠭᠰᠠᠨ ᠵᠦᠭᠡᠭᠡᠪᠣᠷᠢ  ᠶᠢ ᠭᠦᠭᠵᠢᠭᠦᠯᠬᠦ ᠪᠠ ᠵᠢᠯ  ᠤᠨ ᠠᠵᠢᠯ  ᠤᠨ ᠲᠦᠯᠣᠪᠯᠡᠭᠡ  ᠶᠢ ᠲᠣᠭᠳᠠᠭᠠᠬᠣ  ᠳᠤ ᠣᠷᠣᠯᠴᠠᠨ ᠂ ᠴᠢᠬᠣᠯᠠ ᠡᠳ᠋ ᠪᠣᠳᠠᠰ  ᠢ ᠪᠠᠴᠢᠮ ᠲᠣᠬᠢᠷᠠᠭᠣᠯᠬᠣ ᠪᠠ ᠵᠦᠭᠡᠭᠡᠪᠣᠷᠢᠯᠡᠬᠦ  ᠳᠤ ᠣᠶᠠᠯᠳᠣᠬᠣ ᠠᠵᠢᠯ  ᠢ ᠬᠠᠷᠢᠭᠣᠴᠠᠨ᠎ᠠ ᠃ 11 ᠂ ᠪᠦᠬᠦ ᠬᠣᠲᠠ  ᠶᠢᠨ ᠬᠠᠮᠲᠦ  ᠶᠢᠨ ᠠᠵᠦ ᠦᠢᠯᠡᠳᠪᠣᠷᠢ  ᠶᠢ ᠭᠦᠭᠵᠢᠭᠦᠯᠬᠦ ᠬᠣᠯᠪᠣᠭᠳᠠᠯ ᠪᠦᠭᠦᠢ ᠲᠦᠷᠦ  ᠶᠢᠨ ᠪᠣᠳᠣᠯᠭ᠎ᠠ ᠪᠠ ᠲᠣᠭᠳᠠᠭᠠᠯ  ᠢ ᠬᠠᠷᠢᠭᠣᠴᠠᠨ ᠲᠣᠭᠳᠠᠭᠠᠵᠦ ᠂ ᠬᠣᠯᠪᠣᠭᠳᠠᠯ ᠪᠦᠬᠦᠢ ᠰᠠᠯᠠᠭ᠎ᠠ ᠮᠦᠴᠢᠷ  ᠲᠠᠢ ᠣᠶᠠᠯᠳᠣᠨ ᠂ ᠶᠡᠷᠣᠩᠭᠡᠶᠢᠯᠡᠨ ᠬᠠᠮᠢᠶᠠᠷᠴᠦ ᠂ ᠬᠣᠲᠠ  ᠶᠢᠨ ᠲᠣᠳᠣᠷᠠᠭᠢ ᠠᠵᠦ ᠦᠢᠯᠡᠳᠪᠣᠷᠢ ᠂ ᠠᠵᠦ ᠠᠬᠣᠶᠢᠯᠠᠯ ᠪᠣᠯᠣᠨ ᠭᠠᠳᠠᠷ ᠣᠷᠣᠨ  ᠤ ᠠᠵᠦ ᠠᠬᠣᠢ  ᠶᠢᠨ ᠮᠡᠷᠭᠡᠵᠢᠯ  ᠤᠨ ᠬᠠᠪᠰᠣᠷᠣᠯᠭ᠎ᠠ  ᠶᠢ ᠣᠶᠠᠯᠳᠣᠭᠣᠯᠣᠨ᠎ᠠ ᠃ 12 ᠂ ᠬᠣᠲᠠ  ᠶᠢᠨ ᠠᠷᠠᠳ  ᠤᠨ ᠵᠠᠰᠠᠭ  ᠤᠨ ᠣᠷᠳᠣᠨ ᠪᠠ ᠦᠪᠡᠷᠲᠡᠭᠡᠨ ᠵᠠᠰᠠᠬᠣ ᠣᠷᠣᠨ  ᠤ ᠠᠷᠠᠳ  ᠤᠨ ᠵᠠᠰᠠᠭ  ᠤᠨ ᠣᠷᠳᠣᠨ  ᠤ ᠠᠵᠦ ᠦᠢᠯᠡᠳᠪᠣᠷᠢ  ᠶᠢᠨ ᠠᠯᠪᠠᠨ ᠭᠡᠷ  ᠠᠴᠠ ᠲᠣᠰᠢᠶᠠᠭᠰᠠᠨ ᠪᠣᠰᠣᠣᠨ ᠠᠵᠢᠯ  ᠢ ᠭᠠᠷᠲᠠᠨ ᠭᠦᠢᠴᠡᠳᠭᠡᠨ᠎ᠡ ᠃ ᠬᠣᠶᠠᠷ ᠂ ᠪᠠᠶᠢᠭᠣᠯᠣᠮᠵᠢ  ᠶᠢᠨ ᠲᠣᠬᠢᠷᠠᠭᠣᠯᠣᠯᠲᠠ 1 ᠂ ᠨᠠᠮ  ᠤᠨ ᠬᠣᠷᠢᠶᠠᠨ  ᠤ ᠠᠯᠪᠠᠨ ᠭᠡᠷ ᠵᠦᠪᠯᠡᠯ  ᠤᠨ ᠬᠠᠷᠢᠶ᠎ᠠ ᠪᠦᠬᠦᠢ ᠨᠢᠭᠡᠴᠡ  ᠶᠢᠨ ᠨᠠᠮ  ᠤᠨ ᠪᠠᠶᠢᠭᠣᠯᠣᠯᠲᠠ ᠵᠢᠴᠢ ᠣᠶᠣᠨ  ᠤ ᠪᠣᠯᠪᠠᠰᠣᠨ  ᠤ ᠪᠠᠶᠢᠭᠣᠯᠣᠯᠲᠠ  ᠶᠢᠨ ᠠᠵᠢᠯ  ᠢ ᠬᠠᠷᠢᠭᠣᠴᠠᠨ ᠂ ᠡᠳᠣᠷ ᠲᠣᠳᠣᠮ  ᠤᠨ ᠵᠣᠬᠢᠶᠠᠨ ᠪᠠᠶᠢᠭᠣᠯᠣᠯᠲᠠ  ᠶᠢᠨ ᠬᠠᠮᠢᠶᠠᠷᠣᠯᠲᠠ ᠪᠠ ᠺᠠᠳᠠᠷ  ᠤᠨ ᠬᠠᠮᠢᠶᠠᠷᠣᠯᠲᠠ  ᠶᠢᠨ ᠠᠵᠢᠯ  ᠢ ᠰᠠᠶᠢᠳᠣᠷ ᠬᠢᠵᠦ ᠂ ᠵᠦᠪᠯᠡᠯ ᠪᠣᠯᠣᠨ ᠬᠠᠷᠢᠶ᠎ᠠ ᠪᠦᠬᠦᠢ ᠨᠢᠭᠡᠴᠡ  ᠶᠢᠨ ᠪᠣᠳᠠᠳᠦ ᠬᠢᠷᠢ ᠪᠦᠳᠣᠮᠵᠢ  ᠶᠢ ᠬᠢᠨᠠᠨ ᠰᠢᠯᠭᠠᠬᠣ ᠠᠵᠢᠯ  ᠢ ᠬᠠᠷᠢᠭᠣᠴᠠᠨ᠎ᠠ ᠃ ᠲᠣᠰ ᠰᠢᠰᠲ᠋ᠸᠮ  ᠤᠨ  ᠢᠶᠠᠨ ᠠᠵᠢᠯᠴᠢᠨ  ᠤ ᠡᠪᠯᠡᠯ ᠂ ᠡᠪ ᠬᠠᠮᠳᠦ ᠵᠠᠯᠠᠭᠣᠴᠣᠣᠨ  ᠤᠨ ᠡᠪᠯᠡᠯ ᠂ ᠡᠮᠡᠭᠳᠡᠶᠢᠴᠣᠣᠨ  ᠤᠨ ᠬᠣᠯᠪᠣᠭᠠᠳᠦ ᠬᠣᠷᠠᠯ  ᠤᠨ ᠠᠵᠢᠯ  ᠢ ᠵᠢᠯᠣᠭᠣᠳᠣᠨ ᠂ ᠲᠣᠰ ᠰᠢᠰᠲ᠋ᠸᠮ  ᠤᠨ  ᠢᠶᠠᠨ ᠨᠡᠶᠢᠭᠡᠮ  ᠤᠨ ᠠᠮᠣᠷ ᠲᠦᠪᠰᠢᠨ  ᠢ ᠶᠡᠷᠣᠩᠭᠡᠶᠢᠯᠡᠨ ᠵᠠᠰᠠᠬᠣ ᠠᠵᠢᠯ  ᠢ ᠬᠠᠷᠢᠭᠣᠴᠠᠨ᠎ᠠ ᠃ 2 ᠂ ᠠᠯᠪᠠᠨ ᠭᠡᠷ ᠵᠦᠪᠯᠡᠯ  ᠤᠨ ᠣᠳᠣᠷᠢᠳᠣᠯᠭ᠎ᠠ  ᠶᠢ ᠬᠠᠪᠰᠣᠷᠣᠨ ᠪᠠᠶᠢᠭᠣᠯᠭ᠎ᠠ  ᠶᠢᠨ ᠡᠳᠣᠷ ᠲᠣᠳᠣᠮ  ᠤᠨ ᠠᠵᠢᠯ  ᠤᠨ ᠰᠡᠢᠳᠪᠣᠷᠢᠯᠡᠵᠦ ᠂ ᠪᠠᠶᠢᠭᠣᠯᠭ᠎ᠠ  ᠶᠢᠨ ᠠᠵᠢᠯ ᠶᠠᠪᠣᠳᠠᠯ  ᠢ ᠵᠣᠬᠢᠴᠠᠭᠣᠯᠣᠨ᠎ᠠ ᠃ ᠪᠢᠴᠢᠭ ᠮᠠᠲ᠋ᠸᠷᠢᠶᠠᠯ ᠂ ᠬᠣᠷᠠᠯ ᠴᠣᠭᠯᠠᠭᠠᠨ ᠂ ᠨᠢᠭᠣᠴᠠ ᠪᠢᠴᠢᠭ ᠮᠠᠲ᠋ᠸᠷᠢᠶᠠᠯ ᠂ ᠲᠠᠩᠰᠠ ᠡᠪᠬᠢᠮᠡᠯ ᠵᠡᠷᠭᠡ ᠪᠠᠶᠢᠭᠣᠯᠭ᠎ᠠ  ᠶᠢᠨ ᠡᠳᠣᠷ ᠲᠣᠳᠣᠮ  ᠤᠨ ᠠᠵᠢᠯ  ᠢ ᠬᠠᠷᠢᠭᠣᠴᠠᠨ᠎ᠠ ᠃ ᠰᠣᠷᠠᠭ ᠵᠠᠩᠭᠢ ᠂ ᠠᠮᠣᠷ ᠲᠦᠪᠰᠢᠨ ᠂ ᠨᠢᠭᠣᠴᠠ  ᠶᠢ ᠬᠠᠮᠠᠭᠠᠯᠠᠬᠣ ᠪᠠ ᠵᠠᠬᠢᠳᠠᠯ ᠰᠣᠷᠪᠣᠯᠵᠢᠯᠭ᠎ᠠ  ᠶᠢᠨ ᠠᠵᠢᠯ  ᠢ ᠡᠭᠦᠷᠭᠡᠯᠡᠨ ᠂ ᠰᠣᠨᠢᠨ ᠮᠡᠳᠡᠭᠡ ᠨᠡᠶᠢᠲᠡᠯᠡᠬᠦ ᠂ ᠵᠠᠰᠠᠭ  ᠤᠨ ᠶᠠᠪᠣᠳᠠᠯ  ᠢ ᠢᠯᠡ ᠪᠠᠶᠢᠯᠭᠠᠬᠣ ᠠᠵᠢᠯ  ᠢ ᠬᠠᠷᠢᠭᠣᠴᠠᠨ᠎ᠠ ᠃ 3 ᠂ ᠭᠦᠳᠡᠯᠮᠣᠷᠢ ᠠᠵᠢᠯᠲᠠᠨ  ᠤ ᠰᠠᠯᠠᠭ᠎ᠠ ᠵᠦᠪᠯᠡᠯ ᠪᠣᠯᠣᠨ ᠬᠠᠷᠢᠶ᠎ᠠ ᠪᠦᠬᠦᠢ ᠪᠠᠶᠢᠭᠣᠯᠭ᠎ᠠ  ᠶᠢᠨ ᠪᠠᠶᠢᠭᠣᠯᠣᠮᠵᠢ  ᠶᠢᠨ ᠣᠷᠣᠨ ᠲᠣᠭ᠎ᠠ ᠂ ᠠᠵᠢᠯᠲᠠᠨ  ᠤ ᠬᠠᠮᠢᠶᠠᠷᠣᠯᠲᠠ ᠵᠡᠷᠭᠡ ᠠᠵᠢᠯ  ᠢ ᠬᠠᠷᠢᠭᠣᠴᠠᠨ ᠂ ᠵᠦᠪᠯᠡᠯ ᠪᠣᠯᠣᠨ ᠬᠠᠷᠢᠶ᠎ᠠ ᠪᠦᠬᠦᠢ ᠠᠵᠢᠯ ᠦᠢᠯᠡᠰ  ᠤᠨ ᠨᠢᠭᠡᠴᠡ  ᠶᠢᠨ ᠲᠣᠰᠢᠶᠠᠯ  ᠤᠨ ᠴᠣᠯᠠ ᠪᠣᠯᠣᠨ ᠺᠠᠳᠠᠷ  ᠤᠨ ᠰᠣᠷᠭᠠᠨ ᠭᠦᠮᠣᠵᠢᠯ ᠪᠣᠯᠪᠠᠰᠣᠷᠠᠯ ᠵᠡᠷᠭᠡ ᠠᠵᠢᠯ  ᠢ ᠬᠠᠷᠢᠭᠣᠴᠠᠨ᠎ᠠ ᠃ 4 ᠂ ᠲᠦᠷᠦ  ᠶᠢᠨ ᠪᠣᠳᠣᠯᠭ᠎ᠠ ᠬᠠᠣᠯᠢ ᠴᠠᠭᠠᠵᠠ  ᠶᠢᠨ ᠰᠠᠯᠠᠭ᠎ᠠ ᠪᠦᠬᠦ ᠬᠣᠲᠠ  ᠶᠢᠨ ᠠᠵᠦ ᠦᠢᠯᠡᠳᠪᠣᠷᠢ ᠪᠣᠯᠣᠨ ᠰᠣᠷᠠᠭ ᠵᠠᠩᠭᠢᠴᠢᠯᠠᠯᠲᠠ  ᠶᠢᠨ ᠭᠦᠭᠵᠢᠯᠲᠡ  ᠶᠢᠨ ᠪᠠᠶᠢᠯᠳᠣᠬᠣ ᠪᠣᠳᠣᠯᠭ᠎ᠠ  ᠶᠢ ᠵᠣᠬᠢᠶᠠᠨ ᠪᠠᠶᠢᠭᠣᠯᠣᠨ ᠰᠣᠳᠣᠯᠵᠦ ᠂ ᠠᠵᠦ ᠦᠢᠯᠡᠳᠪᠣᠷᠢ ᠪᠣᠯᠣᠨ ᠰᠣᠷᠠᠭ ᠵᠠᠩᠭᠢᠴᠢᠯᠠᠯᠲᠠ  ᠶᠢᠨ ᠬᠠᠣᠯᠢ ᠴᠠᠭᠠᠵᠠ ᠬᠠᠣᠯᠢ ᠲᠣᠭᠳᠠᠭᠠᠯ  ᠤᠨ ᠡᠭᠡ ᠨᠣᠣᠷᠠᠭ ᠪᠠ ᠲᠦᠷᠢᠮ ᠲᠣᠭᠳᠠᠭᠠᠯ  ᠢ ᠨᠣᠣᠷᠠᠭᠯᠠᠵᠦ ᠂ ᠪᠠᠶᠢᠭᠣᠯᠭ᠎ᠠ  ᠶᠢᠨ ᠴᠢᠬᠣᠯᠠ ᠪᠦᠬᠦᠢ ᠶᠡᠷᠣᠩᠭᠡᠶᠢᠯᠡᠭᠰᠡᠨ ᠴᠢᠨᠠᠷᠲᠠᠢ ᠪᠢᠴᠢᠭ ᠮᠠᠲ᠋ᠸᠷᠢᠶᠠᠯ  ᠢ ᠨᠣᠣᠷᠠᠭᠯᠠᠬᠣ ᠪᠠ ᠪᠠᠶᠢᠭᠣᠯᠭ᠎ᠠ  ᠶᠢᠨ ᠲᠦᠷᠢᠮᠵᠢᠯ  ᠤᠨ ᠴᠢᠨᠠᠷᠲᠠᠢ ᠪᠢᠴᠢᠭ ᠮᠠᠲ᠋ᠸᠷᠢᠶᠠᠯ  ᠢ ᠬᠢᠨᠠᠨ ᠬᠠᠷᠭᠣᠭᠣᠯᠬᠣ ᠠᠵᠢᠯ  ᠢ ᠬᠠᠷᠢᠭᠣᠴᠠᠨ᠎ᠠ ᠃ ᠬᠣᠲᠠ  ᠶᠢᠨ ᠠᠵᠦ ᠠᠬᠣᠢ  ᠶᠢᠨ ᠨᠡᠭᠡᠭᠡᠨ ᠭᠦᠭᠵᠢᠭᠦᠯᠬᠦ ᠲᠣᠭᠣᠷᠢᠭ  ᠤᠨ ᠠᠵᠦ ᠦᠢᠯᠡᠳᠪᠣᠷᠢ  ᠶᠢᠨ ᠡᠷᠭᠢᠯᠲᠡ  ᠶᠢ ᠬᠠᠮᠢᠶᠠᠷᠬᠣ ᠪᠣᠯᠣᠨ ᠵᠣᠬᠢᠴᠠᠭᠣᠯᠣᠨ ᠦᠢᠯᠡᠴᠢᠯᠡᠬᠦ ᠠᠵᠢᠯ  ᠢ ᠬᠠᠷᠢᠭᠣᠴᠠᠨ᠎ᠠ ᠃ 5 ᠂ ᠠᠵᠦ ᠠᠬᠣᠢ  ᠶᠢᠨ ᠡᠷᠭᠢᠯᠲᠡ  ᠶᠢᠨ ᠰᠠᠯᠠᠭ᠎ᠠ ᠪᠦᠬᠦ ᠬᠣᠲᠠ  ᠶᠢᠨ ᠠᠵᠦ ᠦᠢᠯᠡᠳᠪᠣᠷᠢ  ᠶᠢᠨ ᠠᠵᠦ ᠠᠬᠣᠢ  ᠶᠢᠨ ᠡᠷᠬᠢᠯᠲᠡ  ᠶᠢ ᠬᠢᠨᠠᠨ ᠰᠢᠯᠭᠠᠬᠣ ᠠᠵᠢᠯ  ᠢ ᠬᠠᠷᠢᠭᠣᠴᠠᠨ ᠂ ᠡᠷᠭᠢᠯᠲᠡ  ᠶᠢᠨ ᠲᠣᠮᠳᠠᠬᠢ ᠬᠣᠯᠪᠣᠭᠳᠠᠯ ᠪᠦᠬᠦᠢ ᠴᠢᠬᠣᠯᠠ ᠠᠰᠠᠭᠣᠳᠠᠯ  ᠢ ᠰᠡᠢᠳᠪᠣᠷᠢᠯᠡᠬᠦ  ᠶᠢᠨ ᠬᠠᠮᠲᠦ ᠲᠦᠷᠦ  ᠶᠢᠨ ᠪᠣᠳᠣᠯᠭ᠎ᠠ  ᠶᠢᠨ ᠴᠢᠨᠣᠷᠲᠠᠢ ᠰᠠᠨᠠᠭᠠᠴᠢᠯᠭ᠎ᠠ ᠲᠣᠷᠠᠳᠴᠦ ᠂ ᠭᠣᠣᠯᠳᠠᠯᠭ᠎ᠠ  ᠲᠠᠢ ᠠᠵᠦ ᠠᠬᠣᠶᠢᠯᠠᠯ  ᠤᠨ ᠡᠷᠭᠢᠯᠲᠡ  ᠶᠢ ᠵᠣᠬᠢᠴᠠᠭᠣᠯᠣᠨ ᠂ ᠬᠢᠨᠠᠨ ᠰᠢᠯᠭᠠᠵᠦ ᠵᠠᠳᠠᠯᠣᠬᠣ ᠠᠵᠢᠯ  ᠢ ᠬᠠᠷᠢᠭᠣᠴᠠᠨ ᠂ ᠪᠦᠬᠦ ᠬᠣᠲᠠ  ᠶᠢᠨ ᠨᠡᠭᠦᠷᠰᠦ ᠲᠣᠰᠦ ᠴᠠᠬᠢᠯᠭᠠᠨ ᠵᠦᠭᠡᠭᠡᠪᠣᠷᠢ  ᠶᠢ ᠵᠣᠬᠢᠴᠠᠭᠣᠯᠬᠣ ᠠᠵᠢᠯ  ᠢ ᠬᠠᠷᠢᠭᠣᠴᠠᠨ ᠂ ᠶᠡᠭᠡ ᠭᠡᠮᠵᠢᠶᠡᠨ  ᠤ ᠪᠣᠳᠠᠰ  ᠤᠨ ᠭᠦᠢᠯᠭᠡᠭᠡᠨ ᠲᠣᠮᠳᠠᠬᠢ ᠴᠢᠬᠣᠯᠠ ᠠᠰᠠᠭᠣᠳᠠᠯ  ᠢ ᠵᠣᠬᠢᠴᠠᠭᠣᠯᠣᠨ ᠂ ᠠᠵᠦ ᠠᠬᠣᠶᠢᠯᠠᠯ  ᠤᠨ ᠲᠠᠷᠣᠭᠠᠰᠦ  ᠶᠢ ᠬᠦᠨᠬᠡᠷᠡᠬᠦᠯᠬᠦ ᠠᠵᠢᠯ  ᠢ ᠬᠠᠷᠢᠭᠣᠴᠠᠨ᠎ᠠ ᠃ 6 ᠂ ᠪᠡᠯᠡ ᠣᠷᠣᠭᠣᠯᠣᠯᠲᠠ ᠲᠦᠯᠣᠪᠵᠢᠭᠦᠯᠭᠡ  ᠶᠢᠨ ᠰᠠᠯᠠᠭ᠎ᠠ ᠪᠦᠬᠦ ᠬᠣᠲᠠ  ᠶᠢᠨ ᠠᠵᠦ ᠦᠢᠯᠡᠳᠪᠣᠷᠢ ᠠᠵᠦ ᠠᠬᠣᠢ  ᠶᠢᠨ ᠭᠦᠭᠵᠢᠯᠲᠡ  ᠶᠢᠨ ᠲᠦᠯᠣᠪᠵᠢᠭᠦᠯᠭᠡ  ᠶᠢ ᠲᠣᠭᠳᠠᠭᠠᠵᠦ ᠂ ᠠᠵᠦ ᠦᠢᠯᠡᠳᠪᠣᠷᠢ  ᠶᠢᠨ ᠠᠵᠦ ᠠᠬᠣᠢ  ᠶᠢᠨ ᠲᠣᠭᠳᠠᠮᠠᠯ ᠭᠦᠷᠣᠩᠭᠡ  ᠶᠢᠨ ᠪᠡᠯᠡ ᠣᠷᠣᠭᠣᠯᠣᠯᠲᠠ  ᠶᠢᠨ ᠭᠡᠪᠴᠢᠶ᠎ᠠ ᠪᠠ ᠴᠢᠭᠯᠡᠯᠲᠡ ︵ ᠭᠠᠳᠠᠭᠠᠳᠦ ᠪᠡᠯᠡ ᠣᠷᠣᠭᠣᠯᠣᠯᠲᠠ ᠪᠠ ᠬᠢᠯᠢ ᠲᠣᠳᠣᠷᠠᠬᠢ ᠪᠡᠯᠡ ᠣᠷᠣᠭᠣᠯᠣᠯᠲᠠ  ᠶᠢ ᠪᠠᠭᠳᠠᠭᠠᠨ᠎ᠠ ︶ ᠂ ᠲᠦᠪ ᠪᠠ ᠦᠪᠡᠷᠲᠡᠭᠡᠨ ᠵᠠᠰᠠᠬᠣ ᠣᠷᠣᠨ ᠂ ᠬᠣᠳᠠ  ᠶᠢᠨ ᠡᠳ᠋  ᠤᠨ ᠵᠠᠰᠠᠭ  ᠤᠨ ᠴᠢᠨᠠᠷᠲᠠᠢ ᠪᠦᠳᠣᠭᠡᠨ ᠪᠠᠶᠢᠭᠣᠯᠣᠯᠲᠠ  ᠶᠢᠨ ᠪᠡᠯᠡ ᠣᠷᠣᠭᠣᠯᠣᠯᠲᠠ  ᠶᠢᠨ ᠪᠠᠶᠢᠷᠢᠯᠠᠭᠣᠯᠣᠯᠲᠠ  ᠶᠢᠨ ᠪᠦᠳᠣᠭᠡᠨ ᠪᠠᠶᠢᠭᠣᠯᠣᠯᠲᠠ  ᠶᠢ ᠲᠣᠷᠠᠳᠴᠦ ᠂ ᠲᠣᠭᠳᠠᠮᠠᠯ ᠭᠦᠷᠣᠩᠭᠡ  ᠶᠢᠨ ᠪᠡᠯᠡ ᠣᠷᠣᠭᠣᠯᠣᠯᠲᠠ  ᠶᠢ ᠬᠢᠨᠠᠨ ᠰᠢᠯᠭᠠᠬᠣ ᠬᠣᠯᠪᠣᠭᠳᠠᠯ ᠪᠦᠬᠦᠢ ᠠᠵᠢᠯ  ᠢ ᠬᠠᠷᠢᠭᠣᠴᠠᠵᠦ ᠂ ᠠᠵᠦ ᠦᠢᠯᠡᠳᠪᠣᠷᠢ ᠮᠡᠷᠭᠡᠵᠢᠯ  ᠤᠨ ᠦᠭᠡᠷᠴᠢᠯᠡᠯᠲᠡ  ᠶᠢᠨ ᠲᠦᠷᠣᠯ ᠵᠦᠢᠯ  ᠤᠨ ᠵᠣᠬᠢᠶᠠᠨ ᠪᠠᠶᠢᠭᠣᠯᠣᠯᠲᠠ  ᠶᠢ ᠬᠡᠷᠡᠭᠵᠢᠭᠦᠯᠬᠦ ᠠᠵᠢᠯ  ᠢ ᠬᠠᠷᠢᠭᠣᠴᠠᠨ᠎ᠠ ᠃ ᠲᠦᠷᠣᠯ ᠵᠦᠢᠯ  ᠢ ᠬᠢᠨᠠᠬᠣ ᠂ ᠬᠠᠷᠭᠣᠭᠣᠯᠬᠣ ᠂ ᠲᠠᠩᠰᠠᠯᠠᠬᠣ ᠠᠵᠢᠯ ᠵᠢᠴᠢ ᠲᠦᠷᠣᠯ ᠵᠦᠢᠯ  ᠤᠨ ᠬᠣᠪᠢᠷᠠᠭᠣᠯᠣᠯᠲᠠ ᠵᠡᠷᠭᠡ  ᠶᠢᠨ ᠠᠵᠢᠯ ᠶᠠᠪᠣᠳᠠᠯ  ᠢ ᠬᠠᠷᠢᠭᠣᠴᠠᠨ ᠂ ᠬᠣᠲᠠ  ᠶᠢᠨ ᠠᠵᠦ ᠦᠢᠯᠡᠳᠪᠣᠷᠢ  ᠶᠢᠨ ᠭᠣᠣᠯᠳᠠᠯᠭ᠎ᠠ  ᠲᠠᠢ ᠲᠦᠷᠣᠯ ᠵᠦᠢᠯ  ᠤᠨ ᠪᠦᠳᠣᠭᠡᠨ ᠪᠠᠶᠢᠭᠣᠯᠣᠯᠲᠠ  ᠶᠢᠨ ᠠᠵᠢᠯ  ᠢ ᠬᠠᠣᠯᠢ ᠶᠣᠰᠣᠭᠠᠷ ᠵᠣᠬᠢᠶᠠᠨ ᠪᠠᠶᠢᠭᠣᠯᠵᠦ ᠂ ᠠᠵᠦ ᠦᠢᠯᠡᠳᠪᠣᠷᠢ  ᠶᠢᠨ ᠲᠦᠷᠣᠯ ᠵᠦᠢᠯ  ᠤᠨ ᠪᠦᠳᠣᠭᠡᠨ ᠪᠠᠶᠢᠭᠣᠯᠣᠯᠲᠠ  ᠳᠠᠬᠢ ᠴᠢᠬᠣᠯᠠ ᠠᠰᠠᠭᠣᠳᠠᠯ  ᠢ ᠰᠡᠢᠳᠪᠣᠷᠢᠯᠡᠨ᠎ᠡ ᠃ 7 ᠂ ᠣᠭ ᠮᠠᠲ᠋ᠸᠷᠢᠶᠠᠯ  ᠤᠨ ᠠᠵᠦ ᠦᠢᠯᠡᠳᠪᠣᠷᠢ  ᠶᠢᠨ ᠰᠠᠯᠠᠭ᠎ᠠ ᠪᠦᠬᠦ ᠬᠣᠲᠠ  ᠶᠢᠨ ᠴᠢᠯᠠᠭᠣᠨ ᠲᠣᠰᠦ ᠂ ᠪᠠᠶᠢᠭᠠᠯᠢ  ᠶᠢᠨ ᠰᠢᠳᠠᠮᠠᠬᠠᠢ ᠬᠡᠢ ᠂ ᠬᠢᠮᠢ  ᠶᠢᠨ ᠦᠢᠯᠡᠳᠪᠣᠷᠢ ᠂ ᠲᠡᠮᠣᠷᠯᠢᠭ᠍ ᠬᠠᠶᠢᠯᠠᠭᠣᠯᠬᠣ ᠂ ᠪᠠᠷᠢᠯᠭ᠎ᠠ  ᠶᠢᠨ ᠮᠠᠲ᠋ᠸᠷᠢᠶᠠᠯ  ᠤᠨ ᠠᠵᠦ ᠦᠢᠯᠡᠳᠪᠣᠷᠢ ᠵᠡᠷᠭᠡ  ᠳᠤ ᠠᠵᠢᠯ ᠲᠦᠷᠣᠯ  ᠤᠨ ᠬᠠᠮᠢᠶᠠᠷᠣᠯᠲᠠ ᠬᠢᠵᠦ ᠂ ᠠᠵᠢᠯ ᠲᠦᠷᠣᠯ  ᠢ ᠭᠦᠭᠵᠢᠭᠦᠯᠬᠦ ᠲᠦᠯᠣᠪᠵᠢᠭᠦᠯᠭᠡ  ᠶᠢ ᠲᠣᠭᠳᠠᠭᠠᠬᠣ ᠪᠠ ᠵᠣᠬᠢᠶᠠᠨ ᠪᠠᠶᠢᠭᠣᠯᠣᠨ ᠭᠡᠷᠡᠭᠵᠢᠭᠦᠯᠣᠨ᠎ᠡ ᠃ ᠠᠵᠢᠯ ᠲᠦᠷᠣᠯ  ᠤᠨ ᠭᠦᠭᠵᠯᠲᠡ  ᠶᠢᠨ ᠲᠣᠮᠳᠠᠬᠢ ᠴᠢᠬᠣᠯᠠ ᠠᠰᠠᠭᠣᠳᠠᠯ  ᠢ ᠰᠡᠢᠳᠪᠣᠷᠢᠯᠡᠵᠦ ᠂ ᠲᠦᠷᠦ  ᠶᠢᠨ ᠪᠣᠳᠣᠯᠭ᠎ᠠ  ᠶᠢᠨ ᠰᠠᠨᠠᠭᠠᠴᠢᠯᠭ᠎ᠠ ᠲᠣᠷᠠᠳᠣᠨ ᠂ ᠪᠦᠬᠦ ᠬᠣᠲᠠ  ᠶᠢᠨ ᠬᠣᠯᠪᠣᠭᠳᠠᠯ ᠪᠦᠬᠦᠢ ᠠᠵᠦ ᠦᠢᠯᠡᠳᠪᠣᠷᠢ  ᠶᠢᠨ ᠭᠣᠣᠯᠳᠠᠯᠭ᠎ᠠ  ᠲᠠᠢ ᠲᠦᠷᠣᠯ ᠵᠦᠢᠯ  ᠢ ᠲᠦᠷᠢᠮᠵᠢᠭᠦᠯᠵᠦ ᠂ ᠵᠣᠬᠢᠶᠠᠨ ᠪᠠᠶᠢᠭᠣᠯᠣᠨ ᠭᠡᠷᠡᠭᠵᠢᠭᠦᠯᠣᠨ᠎ᠡ ᠃ ᠬᠣᠯᠪᠣᠭᠳᠠᠯ ᠪᠦᠬᠦᠢ ᠠᠵᠢᠯ ᠲᠦᠷᠣᠯ ᠠᠵᠦ ᠦᠢᠯᠡᠳᠪᠣᠷᠢ  ᠶᠢᠨ ᠲᠣᠭᠳᠠᠮᠠᠯ ᠭᠦᠷᠣᠩᠭᠡ  ᠶᠢᠨ ᠪᠡᠯᠡ ᠣᠷᠣᠭᠣᠯᠣᠯᠲᠠ  ᠶᠢᠨ ᠲᠦᠷᠣᠯ ᠵᠦᠢᠯ  ᠢ ᠨᠣᠳᠠᠯᠠᠬᠣ ᠂ ᠬᠢᠨᠠᠨ ᠰᠢᠯᠭᠠᠬᠣ  ᠳᠤ ᠣᠷᠣᠯᠴᠠᠨ ᠂ ᠴᠢᠬᠣᠯᠠ ᠮᠡᠷᠭᠡᠵᠢᠯ  ᠤᠨ ᠲᠣᠨᠣᠭᠯᠠᠯ  ᠢ ᠭᠡᠷᠡᠭᠯᠡᠬᠦ ᠂ ᠰᠢᠨ᠎ᠡ  ᠶᠢ ᠡᠭᠦᠳᠬᠦ ᠠᠵᠢᠯ  ᠢ ᠵᠢᠯᠣᠭᠣᠳᠣᠨ᠎ᠠ ᠃ ᠲᠠᠷᠢᠶᠠᠯᠠᠩ ᠠᠵᠦ ᠠᠬᠣᠢ ᠬᠢᠮᠢ  ᠶᠢᠨ ᠪᠣᠳᠠᠰ  ᠶᠢᠨ ᠵᠠᠰᠠᠭ ᠵᠠᠬᠢᠷᠭᠠᠨ  ᠢ ᠬᠠᠮᠠᠭᠠᠯᠠᠬᠣ ᠬᠣᠯᠪᠣᠭᠳᠠᠯ ᠪᠦᠬᠦᠢ ᠠᠵᠢᠯ  ᠢ ᠬᠠᠷᠢᠭᠣᠴᠠᠨ᠎ᠠ ᠃ 8 ᠂ ᠲᠣᠨᠣᠭᠯᠠᠯ ᠪᠠ ᠭᠡᠷᠡᠭᠯᠡᠭᠡᠨ  ᠤ ᠪᠣᠳᠠᠰ  ᠤᠨ ᠠᠵᠦ ᠦᠢᠯᠡᠳᠪᠣᠷᠢ  ᠶᠢᠨ ᠰᠠᠯᠠᠭ᠎ᠠ ᠪᠦᠬᠦ ᠬᠣᠲᠠ  ᠶᠢᠨ ᠲᠣᠨᠣᠭᠯᠠᠯ ᠦᠢᠯᠡᠳᠪᠣᠷᠢᠯᠡᠬᠦ ᠂ ᠭᠦᠩᠭᠡᠨ ᠠᠵᠦ ᠦᠢᠯᠡᠳᠪᠣᠷᠢ ᠂ ᠨᠡᠭᠡᠮᠡᠯ ᠂ ᠢᠳᠡᠭᠡᠨ ᠂ ᠡᠮ ᠂ ᠭᠡᠷ  ᠤᠨ ᠴᠠᠬᠢᠯᠭᠠᠨ ᠵᠡᠷᠭᠡ ᠭᠡᠷᠡᠭᠯᠡᠭᠡᠨ  ᠤ ᠪᠣᠳᠠᠰ  ᠤᠨ ᠠᠵᠦ ᠦᠢᠯᠡᠳᠪᠣᠷᠢ  ᠶᠢᠨ ᠠᠵᠢᠯ ᠲᠦᠷᠣᠯ  ᠢ ᠬᠠᠮᠢᠶᠠᠷᠬᠣ ᠠᠵᠢᠯ  ᠢ ᠬᠠᠷᠢᠭᠣᠴᠠᠨ᠎ᠠ ᠃ ᠠᠵᠢᠯ ᠲᠦᠷᠣᠯ  ᠤᠨ ᠭᠦᠭᠵᠢᠯᠲᠡ  ᠶᠢᠨ ᠲᠦᠯᠣᠪᠵᠢᠭᠦᠯᠭᠡ  ᠶᠢ ᠰᠣᠳᠣᠯᠣᠨ ᠲᠣᠭᠳᠠᠭᠠᠵᠦ ᠭᠡᠷᠡᠭᠵᠢᠭᠦᠯᠣᠨ᠎ᠠ ᠃ ᠠᠵᠢᠯ ᠲᠦᠷᠣᠯ  ᠤᠨ ᠭᠦᠭᠵᠢᠯᠲᠡ  ᠳᠠᠬᠢ ᠴᠢᠬᠣᠯᠠ ᠶᠡᠭᠡ ᠠᠰᠠᠭᠣᠳᠠᠯ  ᠢ ᠰᠡᠢᠳᠪᠣᠷᠢᠯᠡᠵᠦ ᠂ ᠲᠦᠷᠦ  ᠶᠢᠨ ᠪᠣᠳᠣᠯᠭ᠎ᠠ ᠰᠠᠨᠠᠭᠠᠴᠢᠯᠭ᠎ᠠ  ᠶᠢ ᠲᠣᠷᠠᠳᠣᠨ᠎ᠠ ᠃ ᠡᠪᠡᠰᠣᠨ ᠡᠮ  ᠤᠨ ᠮᠠᠲ᠋ᠸᠷᠢᠶᠠᠯ  ᠢ ᠦᠢᠯᠡᠳᠪᠣᠷᠢᠯᠡᠯ  ᠢ ᠲᠡᠮᠵᠢᠬᠦ ᠲᠦᠷᠣᠯ ᠵᠦᠢᠯ  ᠢ ᠬᠠᠮᠢᠶᠠᠷᠬᠣ ᠂ ᠬᠣᠲᠠ  ᠶᠢᠨ ᠡᠮ  ᠤᠨ ᠪᠣᠳᠠᠰ  ᠤᠨ ᠬᠠᠳᠠᠭᠠᠯᠠᠮᠵᠢ  ᠶᠢᠨ ᠬᠠᠮᠢᠶᠠᠷᠣᠯᠲᠠ  ᠶᠢᠨ ᠠᠵᠢᠯ  ᠢ ᠬᠠᠷᠢᠭᠣᠴᠠᠵᠦ ᠂ ᠴᠦᠭᠡᠨ ᠲᠣᠭᠠᠳᠦ ᠦᠨᠳᠣᠰᠣᠳᠡᠨ  ᠤ ᠭᠡᠷᠡᠭᠯᠡᠭᠡᠨ  ᠤ ᠪᠣᠳᠠᠰ  ᠤᠨ ᠦᠢᠯᠡᠳᠪᠣᠷᠢᠯᠡᠯ  ᠢ ᠬᠠᠮᠢᠶᠠᠷᠬᠣ ᠠᠵᠢᠯ  ᠢ ᠬᠠᠷᠢᠭᠣᠴᠠᠨ᠎ᠠ ᠃ 9 ᠂ ᠡᠨᠸᠷᠬᠢ ᠪᠣᠯᠣᠨ ᠶᠡᠷᠣᠩᠭᠡᠶᠢᠯᠡᠨ ᠠᠰᠢᠭᠯᠠᠬᠣ ᠰᠠᠯᠠᠭ᠎ᠠ ᠪᠦᠬᠦ ᠬᠣᠲᠠ  ᠶᠢᠨ ᠠᠵᠦ ᠦᠢᠯᠡᠳᠪᠣᠷᠢ ᠪᠣᠯᠣᠨ ᠰᠣᠷᠠᠭ ᠵᠠᠩᠭᠢ  ᠶᠢᠨ ᠠᠵᠢᠯ ᠦᠢᠯᠡᠰ  ᠤᠨ ᠡᠨᠸᠷᠬᠢ  ᠶᠢ ᠠᠷᠪᠢᠯᠠᠬᠣ ᠪᠠ ᠡᠬᠢ ᠰᠣᠷᠪᠣᠯᠵᠢ  ᠶᠢ ᠶᠡᠷᠣᠩᠭᠡᠶᠢᠯᠡᠨ ᠠᠰᠢᠭᠯᠠᠬᠣ ᠂ ᠦᠢᠯᠡᠳᠪᠣᠷᠢᠯᠡᠯ  ᠢ ᠴᠡᠪᠡᠷᠯᠡᠬᠦ  ᠶᠢ ᠠᠬᠢᠭᠣᠯᠬᠣ ᠲᠦᠷᠦ  ᠶᠢᠨ ᠪᠣᠳᠣᠯᠭ᠎ᠠ  ᠶᠢ ᠰᠣᠳᠣᠯᠣᠨ ᠲᠣᠭᠳᠠᠭᠠᠨ᠎ᠠ ᠃ ᠡᠨᠸᠷᠬᠢ  ᠶᠢ ᠠᠷᠪᠢᠯᠠᠬᠣ ᠪᠠ ᠡᠬᠢ ᠰᠣᠷᠪᠣᠯᠵᠢ  ᠶᠢ ᠶᠡᠷᠣᠩᠭᠡᠶᠢᠯᠡᠨ ᠠᠰᠢᠭᠯᠠᠬᠣ ᠂ ᠦᠢᠯᠡᠳᠪᠣᠷᠢᠯᠡᠯ  ᠢ ᠴᠡᠪᠡᠷᠯᠡᠬᠦ  ᠶᠢ ᠠᠬᠢᠭᠣᠯᠬᠣ ᠲᠦᠯᠣᠪᠵᠢᠭᠦᠯᠭᠡ ᠪᠠ ᠪᠣᠬᠢᠷᠳᠣᠯ  ᠢ ᠬᠣᠷᠢᠭᠯᠠᠬᠣ ᠲᠦᠷᠦ  ᠶᠢᠨ ᠪᠣᠳᠣᠯᠭ᠎ᠠ  ᠶᠢ ᠨᠣᠣᠷᠠᠭᠯᠠᠬᠣ  ᠳᠤ ᠣᠷᠣᠯᠴᠠᠨ᠎ᠠ ᠃ ᠠᠵᠦ ᠦᠢᠯᠡᠳᠪᠣᠷᠢ  ᠶᠢᠨ ᠲᠦᠷᠣᠯ ᠵᠦᠢᠯ  ᠤᠨ ᠡᠨᠸᠷᠬᠢ ᠠᠷᠪᠢᠯᠠᠬᠣᠤ  ᠶᠢ ᠬᠢᠨᠠᠨ ᠲᠣᠭᠳᠠᠭᠠᠵᠦ ᠬᠢᠨᠠᠨ ᠰᠢᠯᠭᠠᠬᠣ ᠂ ᠲᠣᠨᠣᠭᠯᠠᠯ ᠵᠢᠴᠢ ᠠᠵᠦ ᠦᠢᠯᠡᠳᠪᠣᠷᠢ  ᠶᠢᠨ ᠭᠡᠷᠡᠭᠯᠡᠭᠦ ᠣᠰᠣᠨ  ᠤ ᠭᠡᠮᠵᠢᠶ᠎ᠡ  ᠶᠢᠨ ᠡᠨᠸᠷᠬᠢ ᠠᠷᠪᠢᠯᠠᠬᠣ  ᠶᠢ ᠬᠢᠨᠠᠨ ᠦᠨᠡᠯᠡᠬᠦ  ᠶᠢ ᠬᠠᠷᠢᠭᠣᠴᠠᠨ᠎ᠠ ᠃ ᠠᠵᠦ ᠦᠢᠯᠡᠳᠪᠣᠷᠢ  ᠶᠢᠨ ᠣᠷᠴᠢᠯ ᠠᠵᠦ ᠠᠬᠣᠢ  ᠶᠢᠨ ᠲᠦᠷᠣᠯ ᠵᠦᠢᠯ ᠪᠣᠯᠣᠨ ᠭᠣᠶᠣᠴᠢᠯᠠᠨ ᠮᠡᠳᠡᠭᠦᠯᠬᠦ ᠬᠠᠮᠢᠶᠠᠷᠣᠯᠲᠠ  ᠶᠢᠨ ᠠᠵᠢᠯ  ᠢ ᠰᠣᠳᠣᠯᠣᠨ ᠲᠣᠭᠳᠠᠭᠠᠨ᠎ᠠ ᠃ 10 ᠂ ᠪᠠᠴᠢᠮ ᠪᠠᠶᠢᠳᠠᠯ  ᠢ ᠠᠷᠭᠠᠴᠠᠭᠠᠬᠣ ᠠᠪᠣᠷᠠᠨ ᠲᠡᠳᠭᠦᠭᠦ ᠪᠠ ᠠᠮᠣᠷ ᠲᠦᠪᠰᠢᠨ ᠦᠢᠯᠡᠳᠪᠣᠷᠢᠯᠡᠯ  ᠤᠨ ᠰᠠᠯᠠᠭ᠎ᠠ ᠪᠦᠬᠦ ᠬᠣᠲᠠ  ᠶᠢᠨ ᠠᠵᠦ ᠦᠢᠯᠡᠳᠪᠣᠷᠢ ᠪᠠ ᠰᠣᠷᠠᠭ ᠵᠠᠩᠭᠢᠴᠢᠯᠠᠯᠲᠠ  ᠶᠢᠨ ᠠᠵᠦ ᠦᠢᠯᠡᠰ ᠤᠨᠪᠠᠴᠢᠮ ᠪᠠᠶᠢᠳᠠᠯ  ᠢ ᠠᠷᠭᠠᠴᠠᠭᠠᠬᠣ ᠠᠪᠣᠷᠠᠨ ᠲᠡᠳᠭᠦᠭᠦ ᠠᠵᠢᠯ  ᠢ ᠵᠢᠯᠣᠭᠣᠳᠣᠨ ᠂ ᠭᠣᠣᠯᠳᠠᠯᠭ᠎ᠠ  ᠲᠠᠢ ᠠᠵᠢᠯ ᠲᠦᠷᠣᠯ  ᠤᠨ ᠠᠮᠣᠷ ᠲᠦᠪᠰᠢᠨ ᠦᠢᠯᠡᠳᠪᠣᠷᠢᠯᠡᠯ  ᠤᠨ ᠬᠠᠮᠢᠶᠠᠷᠣᠯᠲᠠ ᠂ ᠲᠠᠯᠳᠠ ᠭᠡᠮ  ᠢ ᠪᠠᠶᠢᠴᠠᠭᠠᠨ ᠵᠠᠰᠠᠬᠣ  ᠶᠢ ᠵᠢᠯᠣᠭᠣᠳᠣᠨ ᠂ ᠭᠦᠨᠳᠦ ᠴᠢᠬᠣᠯᠠ ᠠᠮᠣᠷ ᠲᠦᠪᠰᠢᠨ  ᠤ ᠭᠡᠷᠡᠭ ᠣᠴᠠᠷ  ᠢ ᠪᠠᠶᠢᠴᠠᠭᠠᠨ ᠰᠡᠢᠳᠪᠣᠷᠢᠯᠡᠬᠦ ᠠᠵᠢᠯ  ᠳᠤ ᠣᠷᠣᠯᠴᠠᠨ᠎ᠠ ᠃ 11 ᠂ ᠰᠣᠷᠠᠭ ᠵᠠᠩᠭᠢᠴᠢᠯᠠᠯᠲᠠ  ᠶᠢ ᠠᠬᠢᠭᠣᠯᠬᠣ ᠰᠠᠯᠠᠭ᠎ᠠ ᠪᠦᠬᠦ ᠬᠣᠲᠠ  ᠶᠢᠨ ᠰᠣᠷᠠᠭ ᠵᠠᠩᠭᠢᠴᠢᠯᠠᠯᠲᠠ  ᠶᠢᠨ ᠠᠵᠢᠯ  ᠢ ᠠᠬᠢᠭᠣᠯᠵᠦ ᠂ ᠰᠣᠷᠠᠭ ᠵᠠᠩᠭᠢᠴᠢᠯᠠᠯᠲᠠ  ᠶᠢᠨ ᠪᠦᠳᠣᠭᠡᠨ ᠪᠠᠶᠢᠭᠣᠯᠣᠯᠲᠠ  ᠳᠠᠬᠢ ᠴᠢᠬᠣᠯᠠ ᠠᠰᠠᠭᠣᠳᠠᠯ  ᠳᠤ ᠵᠣᠬᠢᠴᠠᠭᠣᠯᠣᠨ ᠂ ᠴᠢᠬᠣᠯᠠ ᠰᠣᠷᠠᠭ ᠵᠠᠩᠭᠢᠴᠢᠯᠠᠯᠲᠠ  ᠶᠢᠨ ᠢᠨᠵᠸᠨᠷᠢᠩ  ᠤᠨ ᠠᠬᠢᠭᠣᠯᠵᠦ ᠂ ᠡᠯᠸᠺᠲ᠋ᠷᠣᠨ ᠵᠠᠰᠠᠭ  ᠤᠨ ᠶᠠᠪᠣᠳᠠᠯ ᠂ ᠠᠵᠦ ᠠᠬᠣᠶᠢᠯᠠᠯ ᠂ ᠭᠦᠳᠡᠭᠡ ᠲᠣᠰᠬᠣᠨ ᠂ ᠦᠢᠯᠡᠴᠢᠯᠡᠭᠡᠨ  ᠤ ᠦᠢᠯᠡᠰ  ᠤᠨ ᠰᠣᠷᠠᠭ ᠵᠠᠩᠭᠢᠴᠢᠯᠠᠯᠲᠠ ᠪᠠ ᠡᠯᠸᠺᠲ᠋ᠷᠤᠨ ᠬᠣᠳᠠᠯᠳᠣᠭᠠᠨ  ᠤ ᠶᠠᠪᠣᠳᠠᠯ  ᠤᠨ ᠭᠦᠭᠵᠢᠯᠲᠡ  ᠶᠢ ᠵᠢᠯᠣᠭᠣᠳᠣᠨ᠎ᠠ ᠃ ᠰᠣᠷᠠᠭ ᠵᠠᠩᠭᠢᠴᠢᠯᠠᠯᠲᠠ ᠪᠣᠯᠣᠨ ᠠᠵᠦ ᠦᠢᠯᠡᠳᠪᠣᠷᠢᠵᠢᠯᠲᠡ  ᠶᠢ ᠠᠭᠣᠰᠣᠯᠴᠠᠭᠣᠯᠣᠨ ᠂ ᠰᠣᠷᠠᠭ ᠵᠠᠩᠭᠢ  ᠶᠢᠨ ᠠᠬᠢ ᠪᠠᠶᠠᠯᠢᠭ  ᠢ ᠨᠡᠭᠡᠭᠡᠨ ᠭᠦᠭᠵᠢᠭᠦᠯᠬᠦ ᠂ ᠠᠰᠢᠭᠯᠠᠬᠣ ᠂ ᠬᠠᠮᠳᠣᠪᠡᠷ ᠡᠳ᠋ᠯᠡᠬᠦ  ᠶᠢ ᠠᠬᠢᠭᠣᠯᠵᠦ ᠂ ᠠᠵᠢᠯ ᠲᠦᠷᠣᠯ ᠠᠯᠣᠰᠣᠯᠠᠭᠰᠠᠨ ᠂ ᠰᠠᠯᠠᠭ᠎ᠠ ᠮᠦᠴᠢᠷ ᠠᠯᠣᠰᠣᠯᠠᠭᠰᠠᠨ  ᠢ ᠬᠠᠷᠢᠯᠴᠠᠨ ᠬᠣᠯᠪᠣᠭᠳᠠᠭᠣᠯᠵᠦ ᠂ ᠨᠡᠪᠲᠡᠷᠡᠭᠦᠯᠣᠨ ᠂ ᠰᠢᠨ᠎ᠡ ᠮᠡᠷᠭᠡᠵᠢᠯ  ᠢ ᠭᠡᠷᠡᠭᠯᠡᠯᠲᠡ  ᠶᠢ ᠠᠬᠢᠭᠣᠯᠬᠣ  ᠶᠢ ᠬᠠᠷᠢᠭᠣᠴᠠᠨ᠎ᠠ ᠃ 12 ᠂ ᠵᠦᠭᠡᠯᠡᠨ ᠲᠣᠨᠣᠭ  ᠤᠨ ᠭᠦᠭᠵᠢᠯᠲᠡ  ᠶᠢ ᠵᠢᠯᠣᠭᠣᠳᠴᠦ ᠂ ᠵᠦᠬᠡᠯᠡᠨ ᠲᠣᠨᠣᠭ ᠪᠣᠯᠣᠨ ᠰᠣᠷᠠᠭ ᠵᠠᠩᠭᠢ  ᠶᠢᠨ ᠦᠢᠯᠡᠴᠢᠯᠡᠭᠡᠨ  ᠤ ᠦᠢᠯᠡᠰ  ᠢ ᠭᠦᠭᠵᠢᠭᠦᠯᠬᠦ ᠪᠠᠶᠢᠳᠣᠬᠣ ᠪᠣᠳᠣᠯᠭ᠎ᠠ ᠂ ᠲᠦᠯᠣᠪᠵᠢᠭᠦᠯᠭᠡ  ᠶᠢ ᠰᠣᠳᠣᠯᠣᠨ ᠲᠣᠭᠳᠠᠭᠠᠵᠦ ᠂ ᠵᠦᠭᠡᠯᠡᠨ ᠲᠣᠨᠣᠭ ᠂ ᠰᠢᠰᠲ᠋ᠸᠮ ᠬᠣᠷᠠᠮᠳᠠᠭᠣᠯᠬᠣ ᠵᠢᠴᠢ ᠦᠢᠯᠡᠴᠢᠯᠡᠬᠦ ᠮᠡᠷᠭᠡᠵᠢᠯ  ᠤᠨ ᠲᠦᠷᠢᠮᠵᠢᠯ ᠪᠠ ᠪᠠᠷᠢᠮᠵᠢᠶ᠎ᠠ  ᠶᠢ ᠵᠣᠬᠢᠶᠠᠨ ᠪᠠᠶᠢᠭᠣᠯᠣᠨ ᠭᠡᠷᠡᠭᠵᠢᠭᠦᠯᠵᠦ ᠂ ᠵᠦᠭᠡᠯᠡᠨ ᠲᠣᠨᠣᠭ  ᠤᠨ ᠣᠯᠠᠨ ᠨᠡᠶᠢᠲᠡ  ᠶᠢᠨ ᠦᠢᠯᠡᠴᠢᠯᠡᠭᠡᠨ  ᠤ ᠰᠢᠰᠲ᠋ᠸᠮ  ᠤᠨ ᠪᠠᠶᠢᠭᠣᠯᠣᠯᠲᠠ  ᠶᠢ ᠠᠬᠢᠭᠣᠯᠵᠦ ᠂ ᠡᠯᠸᠺᠲ᠋ᠷᠤᠨ ᠰᠣᠷᠠᠭ ᠵᠠᠩᠭᠢ  ᠶᠢᠨ ᠪᠦᠳᠣᠭᠡᠭ᠍ᠳᠡᠭᠦᠨ  ᠢ ᠦᠢᠯᠡᠳᠪᠣᠷᠢᠯᠡᠬᠦ ᠠᠵᠢᠯ ᠲᠦᠷᠣᠯ  ᠶᠢ ᠬᠠᠮᠢᠶᠠᠷᠬᠣ ᠠᠵᠢᠯ  ᠢ ᠬᠠᠷᠢᠭᠣᠴᠠᠨ ᠂ ᠬᠣᠯᠪᠣᠭᠳᠠᠯ ᠪᠦᠬᠦᠢ ᠠᠵᠢᠯ ᠲᠦᠷᠣᠯ  ᠤᠨ ᠲᠦᠯᠣᠪᠵᠢᠭᠦᠯᠭᠡ ᠲᠣᠭᠳᠠᠭᠠᠨ᠎ᠠ ᠃ ᠬᠣᠯᠪᠣᠭᠳᠠᠯ ᠪᠦᠬᠦᠢ ᠠᠵᠢᠯ ᠲᠦᠷᠣᠯ ᠠᠵᠦ ᠠᠬᠣᠢ  ᠶᠢᠨ ᠡᠷᠭᠢᠯᠲᠡ  ᠶᠢᠨ ᠪᠠᠶᠢᠳᠠᠯ  ᠢ ᠬᠢᠨᠠᠨ ᠵᠠᠳᠠᠯᠣᠵᠦ ᠂ ᠠᠰᠠᠭᠣᠳᠠᠯ  ᠢ ᠰᠡᠢᠳᠪᠣᠷᠢᠯᠡᠬᠦ ᠰᠠᠨᠠᠭᠠᠴᠢᠯᠭ᠎ᠠ ᠠᠷᠭ᠎ᠠ ᠬᠡᠮᠵᠢᠶ᠎ᠡ  ᠶᠢ ᠲᠣᠷᠣᠳᠣᠨ᠎ᠠ ᠃ ᠪᠦᠬᠦ ᠬᠣᠲᠠ  ᠶᠢᠨ ᠵᠦᠭᠡᠯᠡᠨ ᠲᠣᠨᠣᠭ  ᠤᠨ ᠠᠵᠦ ᠠᠬᠣᠶᠢᠯᠠᠯ  ᠢ ᠨᠣᠳᠠᠯᠠᠬᠣ ᠪᠠ ᠵᠦᠭᠡᠯᠡᠨ ᠲᠣᠨᠣᠭ  ᠤᠨ ᠦᠢᠯᠡᠳᠭᠦᠨ  ᠢ ᠲᠠᠩᠰᠠᠯᠠᠬᠣ  ᠶᠢ ᠬᠠᠷᠢᠭᠣᠴᠠᠨ ᠂ ᠺᠣᠮᠫᠢᠶᠦᠲ᠋ᠸᠷ ᠰᠣᠷᠠᠭ ᠵᠠᠩᠭᠢ  ᠶᠢᠨ ᠰᠢᠰᠲ᠋ᠸᠮ ᠪᠠ ᠰᠣᠷᠠᠭ ᠵᠠᠩᠭᠢ  ᠶᠢᠨ ᠰᠢᠰᠲ᠋ᠸᠮ  ᠤᠨ ᠢᠨᠵᠸᠨᠷᠢᠩ  ᠤᠨ ᠣᠶᠣᠨ ᠪᠢᠯᠢᠭ  ᠢ ᠭᠣᠶᠣᠴᠢᠯᠠᠨ ᠮᠠᠳᠡᠭᠦᠯᠬᠦ ᠪᠠ ᠨᠣᠳᠠᠯᠠᠬᠣ ᠠᠵᠢᠯ  ᠢ ᠬᠠᠷᠢᠭᠣᠴᠠᠨ ᠵᠦᠭᠡᠯᠡᠨ ᠲᠣᠨᠣᠭ  ᠶᠢᠨ ᠠᠵᠢᠯ ᠲᠦᠷᠣᠯ  ᠤᠨ ᠲᠣᠭ᠎ᠠ ᠪᠦᠷᠢᠳᠭᠡᠯ ᠪᠠ ᠰᠣᠷᠠᠭ ᠵᠠᠩᠭᠢ  ᠶᠢ ᠨᠡᠶᠢᠳᠡᠯᠡᠬᠦ ᠠᠵᠢᠯ  ᠢ ᠬᠠᠷᠢᠭᠣᠴᠠᠨ᠎ᠠ ᠃ 13 ᠂ ᠲᠣᠣᠷ ᠰᠦᠯᠵᠢᠶ᠎ᠠ ᠪᠣᠯᠣᠨ ᠰᠣᠷᠠᠭ ᠵᠠᠩᠭᠢ  ᠶᠢᠨ ᠠᠮᠣᠷ ᠲᠦᠪᠰᠢᠨ  ᠤ ᠰᠠᠯᠠᠭ᠎ᠠ ᠪᠦᠬᠦ ᠬᠣᠲᠠ  ᠶᠢᠨ ᠰᠣᠷᠠᠭ ᠵᠠᠩᠭᠢ  ᠶᠢᠨ ᠠᠮᠣᠷ ᠲᠦᠪᠰᠢᠨ  ᠤ ᠬᠠᠮᠢᠶᠠᠷᠣᠯᠲᠠ  ᠶᠢᠨ ᠠᠵᠢᠯ  ᠢ ᠬᠠᠷᠢᠭᠣᠴᠠᠵᠦ ᠂ ᠰᠣᠷᠠᠭ ᠵᠠᠩᠭᠢ  ᠶᠢᠨ ᠠᠮᠣᠷ ᠲᠦᠪᠰᠢᠨ  ᠤ ᠪᠠᠳᠣᠯᠭ᠎ᠠ  ᠶᠢᠨ ᠰᠢᠰᠲ᠋ᠸᠮ  ᠤᠨ ᠪᠠᠶᠢᠭᠣᠯᠣᠯᠲᠠ  ᠶᠢ ᠵᠣᠬᠢᠶᠠᠨ ᠪᠠᠶᠢᠭᠣᠯᠵᠦ ᠂ ᠠᠵᠢᠯ ᠲᠦᠷᠣᠯ ᠠᠯᠣᠰᠣᠯᠠᠭᠰᠠᠨ ᠲᠣᠣᠷ ᠰᠦᠯᠵᠢᠶ᠎ᠠ ᠪᠣᠯᠣᠨ ᠰᠣᠷᠠᠭ ᠵᠠᠩᠭᠢ  ᠶᠢᠨ ᠠᠮᠣᠷ ᠲᠦᠪᠰᠢᠨ  ᠤ ᠬᠠᠮᠢᠶᠠᠷᠣᠯᠲᠠ  ᠶᠢᠨ ᠠᠵᠢᠯ  ᠢ ᠵᠢᠯᠣᠭᠣᠳᠣᠨ ᠵᠣᠬᠢᠴᠠᠭᠣᠯᠵᠦ ᠂ ᠰᠣᠷᠠᠭ ᠵᠠᠩᠭᠢ  ᠤᠨ ᠠᠮᠣᠷ ᠲᠦᠪᠰᠢᠨ  ᠢ ᠲᠡᠰ ᠬᠣᠪᠢᠶᠠᠨ ᠬᠠᠮᠢᠶᠠᠷᠬᠣ ᠵᠡᠷᠭᠡ ᠰᠠᠭᠣᠷᠢ ᠴᠢᠨᠠᠷᠲᠠᠢ ᠠᠵᠢᠯ  ᠢ ᠠᠬᠢᠭᠣᠯᠣᠨ᠎ᠠ ᠃ ᠵᠠᠰᠠᠭ  ᠤᠨ ᠣᠷᠳᠣᠨ  ᠤ ᠰᠠᠯᠠᠭ᠎ᠠ ᠮᠦᠴᠢᠷ ᠂ ᠭᠣᠣᠯᠳᠠᠯᠭ᠎ᠠ  ᠲᠠᠢ ᠠᠵᠢᠯ ᠲᠦᠷᠣᠯ  ᠤᠨ ᠴᠢᠬᠣᠯᠠ ᠰᠣᠷᠠᠭ ᠵᠠᠩᠭᠢ  ᠶᠢᠨ ᠰᠢᠰᠲ᠋ᠸᠮ ᠪᠣᠯᠣᠨ ᠰᠠᠭᠣᠷᠢ ᠰᠣᠷᠠᠭ ᠵᠠᠩᠭᠢ  ᠶᠢᠨ ᠲᠣᠣᠷ ᠰᠦᠯᠵᠢᠶᠡᠨ  ᠤ ᠠᠮᠣᠷ ᠲᠦᠪᠰᠢᠨ  ᠢ ᠬᠠᠮᠠᠭᠠᠯᠠᠬᠣ ᠠᠵᠢᠯ  ᠢ ᠵᠢᠯᠣᠭᠣᠳᠣᠨ᠎ᠠ ︔ ᠰᠣᠷᠠᠭ ᠵᠠᠩᠭᠢ  ᠶᠢᠨ ᠠᠮᠣᠷ ᠲᠦᠪᠰᠢᠨ  ᠤ ᠮᠡᠷᠭᠡᠵᠢᠯ  ᠢ ᠨᠡᠭᠡᠭᠡᠨ ᠭᠦᠭᠵᠢᠭᠦᠯᠬᠦ  ᠶᠢ ᠵᠢᠯᠣᠭᠣᠳᠣᠨ ᠂ ᠰᠣᠷᠠᠭ ᠵᠠᠩᠭᠢ  ᠶᠢᠨ ᠠᠮᠣᠷ ᠲᠦᠪᠰᠢᠨ  ᠤ ᠴᠢᠬᠣᠯᠠ ᠣᠴᠠᠷ ᠶᠠᠪᠣᠳᠠᠯ  ᠢ ᠰᠡᠶᠢᠳᠪᠣᠷᠢᠯᠡᠨ᠎ᠡ ᠃ 14 ᠂ ᠰᠣᠷᠠᠭ ᠵᠠᠩᠭᠢ  ᠶᠢᠨ ᠡᠬᠢ ᠪᠠᠶᠠᠯᠢᠭ ᠪᠣᠯᠣᠨ ᠡᠯᠸᠺᠲ᠋ᠷᠣᠨ ᠵᠠᠰᠠᠭ  ᠤᠨ ᠶᠠᠪᠣᠳᠠᠯ  ᠤᠨ ᠰᠠᠯᠠᠭ᠎ᠠ ᠰᠣᠷᠠᠭ ᠵᠠᠩᠭᠢ  ᠶᠢᠨ ᠡᠬᠢ ᠰᠣᠷᠪᠣᠯᠵᠢ  ᠶᠢ ᠨᠠᠭᠡᠭᠡᠨ ᠭᠦᠭᠵᠢᠭᠦᠯᠬᠦ ᠂ ᠠᠰᠠᠭᠯᠠᠬᠣ ᠂ ᠬᠠᠮᠳᠣᠪᠡᠷ ᠡᠳ᠋ᠯᠡᠬᠦ ᠪᠠ ᠡᠯᠸᠺᠲ᠋ᠷᠣᠨ ᠵᠠᠰᠠᠭ  ᠤᠨ ᠶᠠᠪᠣᠳᠠᠯ  ᠤᠨ ᠪᠦᠳᠣᠭᠡᠨ ᠪᠠᠶᠢᠭᠣᠯᠣᠯᠲᠠ ᠂ ᠬᠠᠮᠢᠶᠠᠷᠣᠯᠲᠠ ᠂ ᠭᠡᠷᠡᠭᠯᠡᠭᠡᠨ  ᠤ ᠠᠵᠢᠯ  ᠢ ᠬᠠᠷᠢᠭᠣᠴᠠᠨ ᠵᠣᠬᠢᠶᠠᠨ ᠪᠠᠶᠢᠭᠣᠯᠣᠨ ᠵᠢᠯᠣᠭᠣᠳᠣᠨ᠎ᠠ ᠃ ᠪᠦᠬᠦ ᠬᠣᠲᠠ ᠶᠢᠨᠡᠯᠸᠺᠲ᠋ᠷᠣᠨ ᠵᠠᠰᠠᠭ  ᠤᠨ ᠶᠠᠪᠣᠳᠠᠯ  ᠤᠨ ᠪᠦᠳᠣᠭᠡᠨ ᠪᠠᠶᠢᠭᠣᠯᠣᠯᠲᠠ ᠂ ᠰᠠᠯᠠᠭ᠎ᠠ ᠮᠦᠴᠢᠷ ᠠᠯᠣᠰᠠᠯᠬᠣ ᠂ ᠠᠵᠢᠯ ᠲᠦᠷᠣᠯ ᠠᠯᠣᠰᠠᠯᠠᠬᠣ ᠂ ᠣᠷᠣᠨ ᠨᠣᠳᠣᠭ ᠠᠯᠣᠰᠣᠯᠠᠭᠰᠠᠨ ᠴᠢᠮᠡᠭᠡ ᠬᠣᠯᠪᠣᠭ᠎ᠠ  ᠶᠢ ᠠᠬᠢᠭᠣᠯᠵᠦ ᠂ ᠪᠦᠬᠦ ᠬᠣᠲᠠ  ᠶᠢᠨ ᠰᠣᠷᠠᠭ ᠵᠠᠩᠭᠢ  ᠶᠢᠨ ᠮᠡᠷᠭᠡᠵᠢᠯ  ᠤᠨ ᠭᠡᠷᠡᠭᠯᠡᠭᠡᠨ  ᠤ ᠪᠠᠶᠢᠭᠣᠯᠣᠯᠲᠠ ᠪᠠ ᠲᠡᠯᠭᠡᠷᠡᠭᠦᠯᠬᠦ ᠠᠵᠢᠯ  ᠢ ᠬᠠᠷᠢᠭᠣᠴᠠᠨ᠎ᠠ ᠃ ᠡᠳ  ᠤᠨ ᠵᠠᠰᠠᠭ  ᠤᠨ ᠪᠡᠯᠡ ᠣᠷᠣᠭᠣᠯᠣᠯᠲᠠ  ᠶᠢᠨ ᠰᠣᠷᠠᠭ ᠵᠠᠩᠭᠢ  ᠶᠢᠨ ᠪᠦᠳᠣᠭᠡᠨ ᠪᠠᠶᠢᠭᠣᠯᠣᠯᠲᠠ  ᠶᠢᠨ ᠲᠦᠷᠣᠯ ᠵᠦᠢᠯ  ᠤᠨ ᠬᠣᠯᠪᠣᠭᠳᠠᠯ ᠪᠦᠬᠦᠢ ᠬᠠᠷᠭᠣᠭᠣᠯᠬᠣ ᠂ ᠵᠣᠬᠢᠶᠠᠨ ᠪᠠᠶᠢᠭᠣᠯᠣᠨ ᠨᠣᠳᠠᠯᠠᠬᠣ ᠠᠵᠢᠯ  ᠢ ᠬᠠᠷᠢᠭᠣᠴᠠᠨ ᠂ ᠬᠣᠯᠪᠣᠭᠳᠠᠯ ᠪᠦᠬᠦᠢ ᠰᠠᠯᠠᠭ᠎ᠠ ᠮᠦᠴᠢᠷ  ᠲᠠᠢ ᠬᠠᠮᠳᠣᠷᠠᠨ ᠬᠢᠨᠠᠯᠲᠠ ᠲᠠᠯᠪᠢᠬᠣ ᠂ ᠰᠢᠯᠭᠠᠨ ᠪᠠᠶᠢᠴᠠᠭᠠᠬᠣ ᠂ ᠪᠠᠷᠢᠯᠭ᠎ᠠ ᠲᠠᠭᠣᠰᠣᠭᠰᠠᠨ  ᠢ ᠰᠢᠯᠭᠠᠨ ᠪᠠᠶᠢᠴᠠᠭᠠᠬᠣ  ᠶᠢ ᠬᠠᠷᠢᠭᠣᠴᠠᠵᠦ ᠂ ᠪᠦᠬᠦ ᠬᠣᠲᠠ ᠶᠢᠨᠡᠯᠸᠺᠲ᠋ᠷᠣᠨ ᠵᠠᠰᠠᠭ  ᠤᠨ ᠶᠠᠪᠣᠳᠠᠯ  ᠤᠨ ᠲᠣᠣᠷ ᠰᠦᠯᠵᠢᠶᠡᠨ  ᠤ ᠲᠦᠪ  ᠤᠨ ᠪᠠᠶᠢᠭᠣᠯᠣᠯᠲᠠ ᠪᠠ ᠬᠠᠮᠢᠶᠠᠷᠣᠯᠲᠠ  ᠶᠢᠨ ᠠᠵᠢᠯ  ᠢ ᠬᠠᠷᠢᠭᠣᠴᠠᠵᠦ ᠂ ᠬᠣᠲᠠ  ᠶᠢᠨ ᠣᠯᠣᠰ  ᠤᠨ ᠪᠠᠳᠣᠯᠠᠨ ᠬᠠᠮᠠᠭᠠᠯᠠᠯᠲᠠ  ᠶᠢᠨ ᠭᠦᠳᠡᠯᠭᠡᠭᠡᠨ  ᠤ ᠵᠦᠪᠯᠡᠯ  ᠤᠨ ᠰᠣᠷᠠᠭ ᠵᠠᠩᠭᠢ  ᠶᠢᠨ ᠠᠯᠪᠠᠨ ᠭᠡᠷ  ᠤᠨ ᠪᠣᠳᠠᠳᠠᠢ ᠠᠵᠢᠯ  ᠢ ᠬᠠᠷᠢᠭᠣᠴᠠᠨ᠎ᠠ ᠃ 15 ᠂ ᠣᠯᠣᠰ  ᠤᠨ ᠪᠠᠳᠣᠯᠠᠨ ᠬᠠᠮᠠᠭᠠᠯᠠᠯᠲᠠ  ᠶᠢᠨ ᠰᠢᠨᠵᠢᠯᠡᠭᠦ ᠮᠡᠷᠭᠡᠵᠢᠯ  ᠤᠨ ᠠᠵᠦ ᠦᠢᠯᠡᠳᠪᠣᠷᠢ  ᠶᠢᠨ ᠰᠠᠯᠠᠭ᠎ᠠ ᠶᠡᠷᠣᠩᠭᠡᠢ ᠲᠣᠨᠣᠭᠯᠠᠯ  ᠤᠨ ᠭᠡᠯᠳᠡᠰ  ᠤᠨ ᠵᠡᠪᠰᠡᠭ  ᠤᠨ ᠲᠣᠨᠣᠭᠯᠠᠯ  ᠢ ᠭᠦᠭᠵᠢᠭᠦᠯᠬᠦ ᠪᠠᠶᠢᠯᠳᠣᠬᠣ ᠪᠣᠳᠣᠯᠭ᠎ᠠ ᠂ ᠲᠦᠯᠣᠪᠵᠢᠭᠦᠯᠭᠡ ᠪᠠ ᠣᠯᠣᠰ ᠤᠨᠪᠠᠳᠣᠯᠠᠨ ᠬᠠᠮᠠᠭᠠᠯᠠᠯᠲᠠ  ᠶᠢᠨ ᠰᠢᠨᠵᠢᠯᠡᠭᠦ ᠮᠡᠷᠭᠡᠵᠢᠯ  ᠤᠨ ᠠᠵᠦ ᠦᠢᠯᠡᠳᠪᠣᠷᠢ  ᠶᠢᠨ ᠲᠣᠪᠴᠢᠶᠠᠨ  ᠤ ᠴᠢᠷᠢᠭ  ᠤᠨ ᠠᠵᠢᠯ  ᠤᠨ ᠭᠣᠣᠯ ᠭᠦᠴᠣᠨ  ᠤ ᠪᠦᠳᠣᠭᠡᠨ ᠪᠠᠶᠢᠭᠣᠯᠣᠯᠲᠠ  ᠶᠢᠨ ᠲᠦᠯᠣᠪᠵᠢᠭᠦᠯᠭᠡ  ᠶᠢ ᠲᠣᠣᠱᠯᠠᠭᠣᠯᠣᠨ ᠨᠠᠶᠢᠳᠠᠪᠣᠷᠢᠵᠢᠭᠣᠯᠵᠦ ᠂ ᠣᠷᠣᠨ  ᠳᠤ ᠰᠠᠭᠣᠭ᠎ᠠ ᠴᠢᠷᠢᠭ  ᠤᠨ ᠠᠵᠢᠯ  ᠤᠨ ᠭᠣᠣᠯ ᠭᠦᠴᠣᠨ  ᠤ ᠪᠠᠶᠢᠭᠣᠯᠣᠯᠲᠠ  ᠶᠢ ᠬᠢᠨᠠᠯᠲᠠ ᠲᠠᠯᠪᠢᠨ ᠬᠠᠮᠢᠶᠠᠷᠬᠣ  ᠶᠢ ᠬᠠᠷᠢᠭᠣᠴᠠᠵᠦ ᠂ ᠵᠡᠪᠰᠡᠭ  ᠤᠨ ᠲᠣᠨᠣᠭᠯᠠᠯ  ᠤᠨ ᠰᠣᠳᠣᠯᠭᠠᠨ  ᠤ ᠦᠢᠯᠡᠳᠪᠣᠷᠢᠯᠡᠯ  ᠤᠨ ᠴᠢᠬᠣᠯᠠ ᠶᠡᠭᠡ ᠲᠣᠰᠬᠠᠢ ᠲᠦᠷᠣᠯ  ᠤᠨ ᠵᠣᠬᠢᠶᠠᠨ ᠪᠠᠶᠢᠭᠣᠯᠣᠨ ᠣᠶᠠᠯᠳᠣᠬᠣ ᠠᠵᠢᠯ ᠪᠣᠯᠣᠨ ᠵᠡᠪᠰᠡᠭ  ᠤᠨ ᠲᠣᠨᠣᠭᠯᠠᠯ  ᠤᠨ ᠰᠢᠨᠵᠢᠯᠡᠬᠦ ᠦᠢᠯᠡᠳᠪᠣᠷᠢᠯᠡᠯ  ᠤᠨ ᠨᠦᠬᠦᠴᠡᠯ  ᠢ ᠪᠠᠳᠣᠯᠠᠬᠣ ᠠᠵᠢᠯ  ᠢ ᠬᠠᠷᠢᠭᠣᠴᠠᠨ᠎ᠠ ᠃ ᠪᠦᠬᠦ ᠬᠣᠲᠠ  ᠶᠢᠨ ᠴᠢᠷᠢᠭ ᠠᠷᠠᠳ  ᠤᠨ ᠬᠠᠮᠳᠣᠷᠠᠭᠰᠠᠨ ᠠᠵᠦ ᠦᠢᠯᠡᠰ  ᠤᠨ ᠭᠦᠭᠵᠢᠯᠲᠡ  ᠶᠢᠨ ᠲᠦᠯᠣᠪᠵᠢᠭᠦᠯᠭᠡ  ᠶᠢ ᠲᠣᠭᠳᠠᠭᠠᠵᠦ ᠂ ᠴᠢᠷᠢᠭ  ᠤᠨ ᠦᠢᠯᠡᠳᠪᠣᠷᠢᠯᠡᠭᠰᠡᠨ ᠠᠷᠠᠳ  ᠤᠨ ᠭᠡᠷᠡᠭᠯᠡᠭᠡᠨ  ᠤ ᠪᠣᠳᠠᠰ  ᠤᠨ ᠠᠵᠦ ᠦᠢᠯᠡᠰ  ᠤᠨ ᠭᠦᠭᠵᠢᠯᠲᠡ  ᠶᠢ ᠵᠢᠯᠣᠭᠣᠳᠣᠨ ᠂ ᠴᠢᠷᠢᠭ ᠠᠷᠠᠳ  ᠤᠨ ᠬᠣᠶᠠᠷ ᠭᠡᠷᠡᠭᠯᠡᠭᠡᠨ  ᠤ ᠮᠡᠷᠭᠡᠵᠢᠯ  ᠢ ᠬᠣᠣᠰ ᠴᠢᠭᠯᠡᠯ ᠲᠡᠰᠢ ᠰᠢᠯᠵᠢᠭᠦᠯᠬᠦ  ᠶᠢ ᠵᠢᠯᠣᠭᠣᠳᠣᠨ ᠂ ᠠᠵᠦ ᠦᠢᠯᠡᠳᠪᠣᠷᠢ ᠠᠵᠦ ᠠᠬᠣᠶᠢᠯᠠᠯ  ᠢ ᠵᠢᠯᠣᠭᠣᠳᠣᠨ ᠠᠷᠠᠳ  ᠤᠨ ᠭᠡᠷᠡᠭᠯᠡᠭᠡᠨ  ᠤ ᠲᠡᠯᠪᠡᠷᠡᠯᠲᠡ  ᠶᠢᠨ ᠪᠣᠳᠠᠰ ᠮᠠᠲ᠋ᠸᠷᠢᠶᠠᠯ  ᠤᠨ ᠠᠮᠣᠷ ᠲᠦᠪᠰᠢᠨ ᠦᠢᠯᠡᠳᠪᠣᠷᠢᠯᠡᠯ  ᠤᠨ ᠬᠠᠮᠢᠶᠠᠷᠣᠯᠲᠠ  ᠶᠢ ᠵᠢᠯᠣᠭᠣᠳᠴᠦ ᠂ ᠭᠣᠣᠯᠳᠠᠯᠭ᠎ᠠ  ᠲᠠᠢ ᠠᠵᠢᠯ ᠲᠦᠷᠣᠯ  ᠤᠨ ᠨᠢᠭᠣᠭᠳᠠᠮᠠᠯ ᠭᠡᠮ  ᠢ ᠵᠠᠰᠠᠵᠦ ᠂ ᠠᠷᠠᠳ  ᠤᠨ ᠭᠡᠷᠡᠭᠯᠡᠭᠡᠨ  ᠤ ᠲᠡᠯᠪᠡᠷᠡᠯᠲᠡ  ᠶᠢᠨ ᠪᠣᠳᠠᠰ  ᠤᠨ ᠠᠵᠢᠯ ᠲᠦᠷᠣᠯ ᠵᠢᠴᠢ ᠦᠢᠯᠡᠳᠪᠣᠷᠢᠯᠡᠯ ᠂ ᠭᠦᠢᠯᠭᠡᠭᠡᠨ  ᠤ ᠠᠮᠣᠷ ᠲᠦᠪᠰᠢᠨ  ᠳᠤ ᠬᠢᠨᠠᠯᠲᠠ ᠲᠠᠯᠪᠢᠵᠦ ᠬᠠᠮᠢᠶᠠᠷᠬᠣ  ᠶᠢ ᠬᠠᠷᠢᠭᠣᠴᠠᠨ᠎ᠠ ᠃ 16 ᠂ ᠴᠠᠬᠢᠯᠭᠠᠨ ᠭᠦᠴᠣ ᠪᠠ ᠡᠨᠸᠷᠭᠢ  ᠶᠢᠨ ᠰᠠᠯᠠᠭ᠎ᠠ ᠪᠦᠬᠦ ᠬᠣᠲᠠ  ᠶᠢᠨ ᠴᠠᠬᠢᠯᠭᠠᠨ ᠭᠠᠷᠭᠠᠬᠣ ᠠᠵᠦ ᠠᠬᠣᠶᠢᠯᠠᠯ  ᠤᠨ ᠵᠢᠯ  ᠳᠤ ᠭᠠᠷᠭᠠᠬᠣ ᠴᠠᠬᠢᠯᠭᠠᠨ  ᠤ ᠬᠡᠮᠵᠢᠶ᠎ᠡ  ᠶᠢ ᠣᠷᠢᠳᠴᠢᠯᠠᠨ ᠲᠣᠬᠢᠷᠠᠭᠣᠯᠬᠣ ᠬᠠᠷᠠᠯᠲᠠ ᠲᠦᠯᠣᠪᠯᠣᠭᠡ  ᠶᠢ ᠰᠣᠳᠣᠯᠣᠨ ᠲᠣᠭᠳᠠᠭᠠᠵᠦ ᠂ ᠬᠢᠨᠠᠯᠲᠠ ᠲᠠᠯᠪᠢᠨ ᠬᠡᠷᠡᠭᠵᠢᠭᠦᠯᠣᠨ᠎ᠡ ᠃ ᠪᠦᠬᠦ ᠬᠣᠲᠠ  ᠶᠢᠨ ᠴᠠᠬᠢᠯᠭᠠᠨ ᠭᠦᠴᠣᠨ  ᠤ ᠡᠷᠭᠢᠯᠲᠡ  ᠶᠢᠨ ᠪᠠᠶᠢᠳᠠᠯ  ᠢ ᠬᠠᠷᠢᠭᠣᠴᠠᠨ ᠬᠢᠨᠠᠨ ᠵᠠᠳᠠᠯᠣᠵᠦ ᠂ ᠴᠠᠬᠢᠯᠭᠠᠨ ᠭᠦᠴᠣᠨ  ᠤ ᠡᠷᠭᠢᠯᠲᠡ ᠪᠠ ᠴᠠᠬᠢᠯᠭᠠᠨ ᠲᠣᠣᠷ  ᠤᠨ ᠡᠷᠭᠢᠯᠲᠡ  ᠳᠠᠬᠢ ᠴᠢᠬᠣᠯᠠ ᠠᠰᠠᠭᠣᠳᠠᠯ  ᠢ ᠵᠣᠬᠢᠴᠠᠭᠣᠯᠣᠨ ᠰᠡᠢᠳᠪᠣᠷᠢᠯᠡᠵᠦ ᠂ ᠴᠠᠬᠢᠯᠭᠠᠨ ᠭᠦᠴᠣᠨ  ᠤ ᠬᠠᠣᠯᠢ ᠴᠠᠭᠠᠵᠠ ᠂ ᠬᠠᠣᠯᠢ ᠲᠣᠭᠳᠠᠭᠠᠯ  ᠤᠨ ᠭᠡᠷᠡᠭᠵᠢᠭᠦᠯᠣᠯᠲᠡ  ᠶᠢᠨ ᠪᠠᠶᠢᠳᠠᠯ  ᠳᠤ ᠬᠢᠨᠠᠯᠲᠠ ᠲᠠᠯᠪᠢᠨ ᠂ ᠴᠠᠬᠢᠯᠭᠠᠨ ᠭᠦᠴᠣᠨ  ᠤ ᠵᠠᠬ᠎ᠠ ᠲᠡᠯᠭᠡᠭᠦᠷ  ᠤᠨ ᠡᠮᠬᠢ ᠵᠢᠷᠣᠮ  ᠢ ᠬᠠᠮᠠᠭᠠᠯᠠᠨ᠎ᠠ ᠃ 17 ᠂ ᠠᠵᠦ ᠠᠬᠣᠶᠢᠯᠠᠯ  ᠤᠨ ᠭᠦᠭᠵᠢᠯᠲᠡ  ᠶᠢ ᠲᠦᠯᠣᠪᠵᠢᠭᠦᠯᠬᠦ ᠰᠠᠯᠠᠭ᠎ᠠ ᠣᠯᠣᠰ ᠂ ᠦᠪᠡᠷᠲᠡᠭᠡᠨ ᠵᠠᠰᠠᠬᠣ ᠣᠷᠣᠨ ᠪᠠ ᠮᠠᠨ  ᠤ ᠬᠣᠲᠠ  ᠶᠢᠨ ᠲᠣᠭᠳᠠᠭᠠᠭᠰᠠᠨ ᠠᠵᠦ ᠦᠢᠯᠡᠰ  ᠤᠨ ᠲᠦᠷᠦ  ᠶᠢᠨ ᠪᠣᠳᠣᠯᠭ᠎ᠠ  ᠶᠢ ᠲᠣᠣᠱᠯᠠᠭᠣᠯᠣᠨ ᠨᠠᠶᠢᠳᠠᠪᠣᠷᠢᠵᠢᠭᠣᠯᠵᠦ ᠂ ᠬᠣᠲᠠ  ᠶᠢᠨ ᠲᠣᠮᠳᠠ ᠪᠠᠭ᠎ᠠ ᠠᠵᠦ ᠠᠬᠣᠶᠢᠯᠠᠯ ᠵᠢᠴᠢ ᠨᠡᠶᠢᠲᠡ  ᠶᠢᠨ ᠪᠣᠰᠦ ᠦᠮᠴᠢᠯᠡᠯᠲᠦ ᠠᠵᠦ ᠠᠬᠣᠢ  ᠶᠢᠨ ᠠᠵᠢᠯ ᠦᠢᠯᠡᠰ  ᠤᠨ ᠭᠦᠭᠵᠢᠯᠲᠡ  ᠶᠢᠨ ᠣᠷᠣᠨ ᠨᠣᠳᠣᠭ  ᠤᠨ ᠴᠢᠨᠠᠷᠲᠠᠢ ᠬᠠᠣᠯᠢ ᠲᠣᠭᠳᠠᠭᠠᠯ  ᠤᠨ ᠡᠭᠡ ᠨᠣᠣᠷᠠᠭ ᠪᠠ ᠲᠦᠷᠢᠮ ᠲᠣᠭᠳᠠᠭᠠᠯ  ᠢ ᠬᠠᠷᠢᠭᠣᠴᠠᠨ ᠨᠣᠣᠷᠠᠭᠯᠠᠨ᠎ᠠ ᠃ ᠪᠦᠬᠦ ᠬᠣᠲᠠ  ᠶᠢᠨ ᠲᠣᠮᠲᠠ ᠪᠠᠭ᠎ᠠ ᠠᠵᠦ ᠠᠬᠣᠶᠢᠯᠠᠯ ᠪᠣᠯᠣᠨ ᠨᠡᠶᠢᠲᠡ  ᠶᠢᠨ ᠪᠣᠰᠦ ᠦᠮᠴᠢᠯᠡᠯᠲᠦ ᠠᠵᠦ ᠠᠬᠣᠢ  ᠶᠢᠨ ᠭᠦᠭᠵᠢᠯᠲᠡ  ᠶᠢᠨ ᠰᠠᠨᠠᠭᠠᠴᠢᠯᠭ᠎ᠠ  ᠶᠢ ᠲᠣᠷᠠᠳᠴᠦ ᠂ ᠪᠦᠬᠦ ᠬᠣᠲᠠ  ᠶᠢᠨ ᠲᠣᠮᠲᠠ ᠪᠠᠭ᠎ᠠ ᠠᠵᠦ ᠠᠬᠣᠶᠢᠯᠠᠯ ᠪᠣᠯᠣᠨ ᠨᠡᠶᠢᠲᠡ  ᠶᠢᠨ ᠪᠣᠰᠦ ᠦᠮᠴᠢᠯᠡᠯᠲᠦ ᠠᠵᠦ ᠠᠬᠣᠢ  ᠶᠢᠨ ᠠᠵᠦ ᠦᠢᠯᠡᠰ  ᠤᠨ ᠪᠦᠳᠣᠴᠡ  ᠶᠢᠨ ᠲᠣᠬᠢᠷᠠᠭᠣᠯᠣᠯᠲᠠ  ᠶᠢ ᠲᠣᠭᠳᠠᠭᠠᠵᠦ ᠂ ᠠᠵᠦ ᠦᠢᠯᠡᠳᠪᠣᠷᠢ  ᠶᠢᠨ ᠲᠣᠭᠣᠷᠢᠭ  ᠤᠨ ᠠᠵᠦ ᠦᠢᠯᠡᠰ  ᠤᠨ ᠴᠣᠭᠯᠠᠷᠠᠯ  ᠤᠨ ᠲᠣᠮᠲᠠ ᠪᠠ ᠣᠷᠲᠦ ᠬᠣᠭᠣᠴᠠᠭᠠᠨ  ᠤ ᠭᠦᠭᠵᠢᠯᠲᠡ  ᠶᠢᠨ ᠲᠦᠯᠣᠪᠵᠢᠭᠦᠯᠭᠡ ᠪᠠ ᠬᠣᠯᠪᠣᠭᠳᠠᠯ ᠪᠦᠬᠦᠢ ᠠᠷᠭ᠎ᠠ ᠬᠡᠮᠵᠢᠶ᠎ᠡ  ᠶᠢ ᠲᠣᠭᠳᠠᠭᠠᠵᠦ ᠂ ᠠᠵᠦ ᠠᠬᠣᠶᠢᠯᠠᠯ  ᠤᠨ ᠠᠵᠢᠯ ᠲᠦᠷᠣᠯ  ᠤᠨ ᠲᠦᠯᠣᠪᠵᠢᠭᠦᠯᠭᠡ  ᠶᠢ ᠲᠦᠷᠢᠮᠵᠢᠭᠦᠯᠣᠨ᠎ᠡ ᠃ ᠲᠣᠮᠲᠠ ᠪᠠᠭ᠎ᠠ ᠠᠵᠦ ᠠᠬᠣᠶᠢᠯᠠᠯ  ᠤᠨ ᠰᠠᠭᠣᠷᠢ ᠪᠦᠳᠣᠭᠡᠨ ᠪᠠᠶᠢᠭᠣᠯᠣᠯᠲᠠ  ᠶᠢ ᠵᠢᠯᠣᠭᠣᠳᠣᠨ ᠂ ᠡᠭᠦᠳᠣᠯᠲᠡ  ᠶᠢᠨ ᠪᠣᠯᠪᠠᠰᠣᠷᠠᠯ  ᠢ ᠵᠣᠬᠢᠶᠠᠨ ᠪᠠᠶᠢᠭᠣᠯᠣᠨ ᠦᠷᠨᠢᠭᠦᠯᠵᠦ ᠂ ᠪᠦᠬᠦ ᠬᠣᠲᠠ  ᠶᠢᠨ ᠲᠣᠮᠲᠠ ᠪᠠᠭ᠎ᠠ ᠠᠵᠦ ᠠᠬᠣᠶᠢᠯᠠᠯ ᠵᠢᠴᠢ ᠨᠡᠶᠢᠲᠡ  ᠶᠢᠨ ᠪᠣᠰᠦ ᠦᠮᠴᠢᠯᠡᠯᠲᠦ ᠠᠵᠦ ᠠᠬᠣᠢ  ᠶᠢᠨ ᠡᠷᠭᠢᠯᠲᠡ  ᠶᠢᠨ ᠪᠠᠶᠢᠳᠠᠯ  ᠢ ᠪᠦᠷᠢᠳᠭᠡᠭᠦ  ᠶᠢ ᠬᠠᠷᠢᠭᠣᠴᠠᠨ ᠂ ᠲᠣᠮᠲᠠ ᠪᠠᠭ᠎ᠠ ᠠᠵᠦ ᠠᠬᠣᠶᠢᠯᠠᠯ ᠂ ᠨᠡᠶᠢᠲᠡ  ᠶᠢᠨ ᠪᠣᠰᠦ ᠦᠮᠴᠢᠯᠡᠯᠲᠦ ᠠᠵᠦ ᠠᠬᠣᠢ  ᠶᠢᠨ ᠰᠣᠷᠠᠭ ᠵᠠᠩᠭᠢ  ᠶᠢ ᠴᠣᠭᠯᠠᠭᠣᠯᠣᠨ᠎ᠠ ᠃ 18 ᠂ ᠠᠵᠦ ᠠᠬᠣᠶᠢᠯᠠᠯ  ᠤᠨ ᠦᠢᠯᠡᠴᠢᠯᠡᠭᠡᠨ  ᠤ ᠰᠢᠰᠲ᠋ᠸᠮ  ᠢ ᠵᠢᠯᠣᠭᠣᠳᠬᠣ ᠰᠠᠯᠠᠭ᠎ᠠ ᠪᠦᠬᠦ ᠬᠣᠲᠠ  ᠶᠢᠨ ᠲᠣᠮᠲᠠ ᠪᠠᠭ᠎ᠠ ᠠᠵᠦ ᠠᠬᠣᠶᠢᠯᠠᠯ  ᠤᠨ ᠦᠢᠯᠡᠴᠢᠯᠡᠭᠡᠨ  ᠤ ᠰᠢᠰᠲ᠋ᠸᠮ  ᠤᠨ ᠪᠠᠶᠢᠭᠣᠯᠣᠯᠲᠠ  ᠶᠢᠨ ᠬᠣᠯᠪᠣᠭᠳᠠᠯ ᠪᠦᠬᠦᠢ ᠲᠦᠷᠦ  ᠶᠢᠨ ᠪᠣᠳᠣᠯᠭ᠎ᠠ ᠠᠷᠭ᠎ᠠ ᠬᠡᠮᠵᠢᠶ᠎ᠡ  ᠶᠢ ᠲᠣᠭᠳᠠᠭᠠᠨ ᠂ ᠲᠣᠮᠲᠠ ᠪᠠᠭ᠎ᠠ ᠠᠵᠦ ᠠᠬᠣᠶᠢᠯᠠᠯ  ᠤᠨ ᠣᠯᠠᠨ ᠨᠡᠶᠢᠲᠡ  ᠶᠢᠨ ᠦᠢᠯᠡᠴᠢᠯᠡᠭᠡᠨ  ᠤ ᠲᠠᠪᠴᠠᠩ  ᠢ ᠪᠦᠳᠣᠭᠡᠨ ᠪᠠᠶᠢᠭᠣᠯᠬᠣ  ᠢ ᠵᠢᠯᠣᠭᠣᠳᠣᠨ ᠂ ᠣᠯᠣᠰ ᠪᠠ ᠦᠪᠡᠷᠲᠡᠭᠡᠨ ᠵᠠᠰᠠᠬᠣ ᠣᠷᠣᠨ ᠵᠢᠴᠢ ᠮᠠᠨ  ᠤ ᠬᠣᠲᠠ  ᠶᠢᠨ ᠲᠣᠭᠳᠠᠭᠠᠭᠰᠠᠨ ᠠᠵᠦ ᠦᠢᠯᠡᠰ  ᠤᠨ ᠲᠦᠷᠦ  ᠶᠢᠨ ᠪᠣᠳᠣᠯᠭ᠎ᠠ  ᠶᠢ ᠲᠣᠣᠱᠯᠠᠭᠣᠯᠣᠨ ᠭᠡᠷᠡᠭᠵᠢᠭᠦᠯᠵᠦ ᠂ ᠦᠪᠡᠷᠲᠡᠭᠡᠨ ᠵᠠᠰᠠᠬᠣ ᠣᠷᠣᠨ ᠪᠠ ᠮᠠᠨ  ᠤ ᠬᠣᠲᠠ  ᠶᠢᠨ ᠲᠣᠮᠲᠠ ᠪᠠᠭ᠎ᠠ ᠠᠵᠦ ᠠᠬᠣᠶᠢᠯᠠᠯ ᠪᠣᠯᠣᠨ ᠨᠡᠶᠢᠲᠡ  ᠶᠢᠨ ᠪᠣᠰᠦ ᠦᠮᠴᠢᠯᠡᠯᠲᠦ ᠠᠵᠦ ᠠᠬᠣᠢ  ᠶᠢᠨ ᠲᠦᠷᠦ  ᠶᠢᠨ ᠪᠣᠳᠣᠯᠭ᠎ᠠ  ᠶᠢᠨ ᠲᠣᠬᠠᠢ ᠰᠠᠨᠠᠭᠠᠴᠢᠯᠭ᠎ᠠ  ᠶᠢ ᠲᠣᠷᠠᠳᠴᠦ ᠂ ᠲᠣᠮᠲᠠ ᠪᠠᠭ᠎ᠠ ᠠᠵᠦ ᠠᠬᠣᠶᠢᠯᠠᠯ ᠪᠣᠯᠣᠨ ᠨᠡᠶᠢᠲᠡ  ᠶᠢᠨ ᠪᠣᠰᠦ ᠦᠮᠴᠢᠯᠡᠯᠲᠦ ᠠᠵᠦ ᠠᠬᠣᠢ  ᠶᠢᠨ ᠰᠣᠷᠠᠭ ᠵᠠᠩᠭᠢᠴᠢᠯᠠᠯᠲᠠ  ᠶᠢᠨ ᠪᠠᠶᠢᠭᠣᠯᠣᠯᠲᠠ ᠪᠠ ᠰᠢᠨ᠎ᠡ ᠮᠡᠷᠭᠡᠵᠢᠯ ᠂ ᠰᠢᠨ᠎ᠡ ᠪᠦᠳᠣᠭᠡᠭ᠍ᠳᠡᠭᠦᠨ  ᠢ ᠨᠡᠭᠡᠭᠡᠨ ᠭᠦᠭᠵᠢᠭᠦᠯᠵᠦ ᠠᠰᠢᠭᠯᠠᠬᠣ  ᠶᠢ ᠠᠬᠢᠭᠣᠯᠵᠦ ᠂ ᠬᠣᠯᠪᠣᠭᠳᠠᠯ ᠪᠦᠬᠦᠢ ᠰᠠᠯᠠᠭ᠎ᠠ ᠮᠦᠴᠢᠷ  ᠲᠠᠢ ᠣᠶᠠᠯᠳᠣᠨ ᠪᠦᠬᠦ ᠬᠣᠲᠠ  ᠶᠢᠨ ᠲᠣᠮᠲᠠ ᠪᠠᠭ᠎ᠠ ᠠᠵᠦ ᠠᠬᠣᠶᠢᠯᠠᠯ  ᠤᠨ ᠪᠡᠯᠡ ᠨᠡᠶᠢᠯᠡᠭᠦᠯᠣᠨ ᠲᠠᠭᠠᠭᠠᠴᠢᠯᠠᠯᠲᠠ ᠬᠢᠬᠦ ᠠᠵᠢᠯ ᠪᠣᠯᠣᠨ ᠲᠣᠮᠲᠠ ᠪᠠᠭ᠎ᠠ ᠠᠵᠦ ᠠᠬᠣᠶᠢᠯᠠᠯ  ᠤᠨ ᠢᠳᠡᠭᠡᠮᠵᠢ  ᠶᠢᠨ ᠲᠠᠭᠠᠭᠠᠴᠢᠯᠠᠬᠣ ᠲᠦᠷᠣᠯ ᠵᠦᠢᠯ  ᠤᠨ ᠪᠡᠯᠡ ᠮᠦᠩᠭᠦ  ᠢ ᠬᠢᠨᠠᠨ ᠰᠢᠯᠭᠠᠬᠣ ᠂ ᠬᠢᠨᠠᠨ ᠬᠠᠮᠢᠶᠠᠷᠬᠣ ᠠᠵᠢᠯ  ᠢ ᠰᠠᠶᠢᠳᠣᠷ ᠬᠢᠵᠦ ᠂ ᠪᠦᠬᠦ ᠬᠣᠲᠠ  ᠶᠢᠨ ᠲᠣᠮᠲᠠ ᠪᠠᠭ᠎ᠠ ᠠᠵᠦ ᠠᠬᠣᠶᠢᠯᠠᠯ  ᠤᠨ ᠨᠡᠶᠢᠭᠡᠮᠴᠢᠯᠡᠭᠰᠡᠨ ᠦᠢᠯᠡᠴᠢᠯᠡᠭᠡᠨ  ᠤ ᠰᠢᠰᠲ᠋ᠸᠮ  ᠤᠨ ᠪᠠᠶᠢᠭᠣᠯᠣᠯᠲᠠ  ᠶᠢ ᠵᠢᠯᠣᠭᠣᠳᠣᠨ᠎ᠠ ᠃ 19 ᠂ ᠵᠠᠬᠢᠳᠠᠯ ᠰᠣᠷᠪᠣᠯᠵᠢᠯᠭ᠎ᠠ  ᠶᠢᠨ ᠰᠠᠯᠠᠭ᠎ᠠ ᠠᠵᠦ ᠠᠬᠣᠶᠢᠯᠠᠯ ᠵᠢᠴᠢ ᠠᠵᠦ ᠠᠬᠣᠶᠢᠯᠠᠯ  ᠤᠨ ᠪᠦᠳᠣᠴᠡ  ᠶᠢᠨ ᠦᠭᠡᠷᠡᠴᠢᠯᠡᠯᠲᠡ  ᠠᠴᠠ ᠬᠣᠶᠢᠰᠢᠬᠢ ᠦᠯᠡᠳᠡᠭᠲᠡᠯ ᠠᠰᠠᠭᠣᠳᠠᠯ  ᠤᠨ ᠲᠣᠬᠠᠢ ᠵᠠᠬᠢᠳᠠᠯ ᠰᠣᠷᠪᠣᠯᠵᠢᠯᠭ᠎ᠠ  ᠶᠢ ᠭᠦᠯᠢᠶᠡᠨ ᠠᠪᠴᠦ ᠰᠡᠶᠢᠳᠪᠣᠷᠢᠯᠡᠨ ᠂ ᠠᠬᠦ ᠠᠬᠣᠶᠢᠯᠠᠯ  ᠤᠨ ᠦᠯᠡᠳᠡᠭᠲᠡᠯ ᠠᠰᠠᠭᠣᠳᠠᠯ  ᠤᠨ ᠲᠣᠬᠠᠢ ᠣᠯᠠᠨ  ᠤ ᠰᠣᠷᠪᠣᠯᠵᠢᠯᠭ᠎ᠠ  ᠶᠢ ᠬᠠᠷᠢᠭᠣᠴᠠᠨ ᠪᠠᠶᠢᠴᠠᠭᠠᠵᠦ ᠂ ᠰᠣᠳᠣᠯᠣᠨ ᠰᠡᠢᠳᠪᠣᠷᠢᠯᠡᠨ᠎ᠡ ᠃ ᠲᠡᠭᠡᠲᠦ ᠱᠠᠳᠣᠨ  ᠠᠴᠠ ᠲᠣᠰᠢᠶᠠᠭᠰᠠᠨ ᠪᠣᠰᠣᠣᠨ ᠵᠠᠬᠢᠳᠠᠯ ᠰᠣᠷᠪᠣᠯᠵᠢᠯᠭ᠎ᠠ  ᠶᠢᠨ ᠣᠴᠢᠷ  ᠢ ᠬᠠᠷᠢᠭᠣᠴᠠᠨ ᠭᠦᠢᠴᠡᠳᠭᠡᠨ᠎ᠡ ᠃ ᠬᠣᠯᠪᠣᠭᠳᠠᠯ ᠪᠦᠬᠦᠢ ᠰᠠᠯᠠᠭ᠎ᠠ ᠮᠦᠴᠢᠷ  ᠲᠠᠢ ᠣᠶᠠᠯᠳᠣᠨ ᠂ ᠭᠦᠳᠡᠯᠮᠣᠷᠢ  ᠶᠢᠨ ᠬᠠᠷᠢᠴᠠᠭᠠᠨ  ᠤ ᠭᠣᠷᠪᠠᠨ ᠲᠠᠯ᠎ᠠ  ᠶᠢᠨ ᠪᠠᠶᠢᠭᠣᠯᠣᠮᠵᠢ ᠪᠣᠯᠣᠨ ᠪᠦᠬᠦ ᠬᠣᠲᠠ  ᠶᠢᠨ ᠠᠵᠦ ᠠᠬᠣᠶᠢᠯᠠᠯ  ᠤᠨ ᠭᠦᠳᠡᠯᠮᠣᠷᠢ  ᠶᠢᠨ ᠮᠠᠷᠭᠣᠭᠠᠨ  ᠢ ᠲᠠᠰᠣᠯᠠᠬᠣ ᠠᠵᠢᠯ  ᠢ ᠬᠠᠷᠢᠭᠣᠴᠠᠨ᠎ᠠ ᠃ 20 ᠂ ᠵᠠᠰᠠᠭ ᠵᠠᠬᠢᠷᠭᠠᠨ  ᠤ ᠠᠵᠢᠯ ᠶᠠᠪᠣᠳᠠᠯ ᠬᠢᠨᠠᠨ ᠰᠡᠢᠳᠪᠣᠷᠢᠯᠡᠬᠦ ᠰᠠᠯᠠᠭ᠎ᠠ ᠣᠯᠣᠰ  ᠤᠨ ᠵᠠᠰᠠᠭ ᠵᠠᠬᠢᠷᠭᠠᠨ  ᠤ ᠬᠢᠨᠠᠨ ᠰᠡᠢᠳᠪᠣᠷᠢᠯᠡᠬᠦ ᠲᠦᠷᠦ  ᠶᠢᠨ ᠪᠣᠳᠣᠯᠭ᠎ᠠ  ᠶᠢ ᠬᠠᠷᠢᠭᠣᠴᠠᠨ ᠭᠡᠷᠡᠭᠵᠢᠭᠦᠯᠵᠦ ᠂ ᠲᠣᠰ ᠰᠠᠯᠠᠭ᠎ᠠ ᠮᠦᠴᠢᠷ  ᠤᠨ ᠵᠠᠰᠠᠭ ᠵᠠᠬᠢᠷᠭᠠᠨ  ᠤ ᠬᠢᠨᠠᠨ ᠰᠡᠢᠳᠪᠣᠷᠢᠯᠡᠬᠦ ᠠᠵᠢᠯ ᠶᠠᠪᠣᠳᠠᠯ  ᠤᠨ ᠶᠠᠪᠣᠴᠠ  ᠶᠢ ᠲᠣᠬᠢᠷᠠᠭᠣᠯᠬᠣ ᠰᠠᠨᠠᠯ ᠲᠣᠷᠠᠳᠬᠣ  ᠶᠢᠨ ᠬᠠᠮᠲᠦ ᠪᠣᠳᠠᠳᠠᠢ ᠵᠣᠬᠢᠶᠠᠨ ᠪᠠᠶᠢᠭᠣᠯᠣᠨ ᠭᠡᠷᠡᠭᠵᠢᠭᠦᠯᠣᠨ᠎ᠡ ᠃ ᠲᠣᠰ ᠰᠠᠯᠠᠭ᠎ᠠ ᠮᠦᠴᠢᠷ  ᠤᠨ ᠬᠠᠮᠢᠶᠠᠷᠬᠣ ᠵᠠᠰᠠᠭ ᠵᠠᠬᠢᠷᠭᠠᠨ  ᠤ ᠵᠦᠪᠰᠢᠶᠡᠷᠡᠯ  ᠤᠨ ᠦᠨᠡᠮᠯᠡᠯ ᠂ ᠵᠠᠰᠠᠭ ᠵᠠᠬᠢᠷᠭᠠᠨ  ᠤ ᠪᠣᠰᠦ ᠵᠦᠪᠰᠢᠶᠡᠷᠡᠯ  ᠤᠨ ᠦᠨᠡᠮᠯᠡᠯ  ᠢ ᠬᠢᠨᠠᠨ ᠵᠦᠪᠰᠢᠶᠡᠷᠭᠦ ᠠᠵᠢᠯ ᠲᠦᠷᠣᠯ  ᠢ ᠬᠠᠷᠢᠭᠣᠴᠠᠨ ᠭᠦᠢᠴᠡᠳᠭᠡᠨ᠎ᠡ ᠃ ᠵᠠᠰᠠᠭ ᠵᠠᠬᠢᠷᠭᠠᠨ  ᠤ ᠦᠢᠯᠡᠴᠢᠯᠡᠭᠡᠨ  ᠤ ᠠᠵᠢᠯ ᠲᠦᠷᠣᠯ  ᠢ ᠭᠦᠢᠴᠡᠳᠭᠡᠭᠦ ᠪᠣᠯᠣᠨ ᠠᠵᠢᠯ ᠲᠦᠷᠣᠯ ᠭᠦᠢᠴᠡᠳᠭᠡᠭᠦ  ᠳᠤ ᠡᠷᠭᠡᠪᠡᠰᠢ ᠬᠢᠨᠠᠮᠠᠭᠠᠢ ᠰᠢᠯᠭᠠᠨ ᠪᠠᠶᠢᠴᠠᠭᠠᠵᠦ ᠂ ᠬᠣᠲᠠ ᠪᠣᠯᠣᠨ ᠬᠣᠯᠪᠣᠭᠳᠠᠯ ᠪᠦᠬᠦᠢ ᠰᠠᠯᠠᠭ᠎ᠠ ᠮᠦᠴᠢᠷ  ᠤᠨ ᠣᠳᠣᠷᠢᠳᠣᠯᠭ᠎ᠠ ᠣᠷᠣᠯᠴᠠᠭᠰᠠᠨ ᠬᠣᠯᠪᠣᠭᠳᠠᠯ ᠪᠦᠬᠦᠢ ᠬᠣᠷᠠᠯ  ᠤᠨ ᠨᠣᠳᠠᠯᠠᠬᠣ ᠂ ᠬᠢᠨᠠᠨ ᠰᠢᠯᠭᠠᠬᠣ ᠂ ᠬᠢᠨᠠᠨ ᠲᠣᠭᠳᠠᠭᠠᠬᠣ ᠴᠢᠬᠣᠯᠲᠠᠢ ᠣᠴᠠᠷ ᠶᠠᠪᠣᠳᠠᠯ  ᠢ ᠵᠣᠬᠢᠶᠠᠨ ᠪᠠᠶᠢᠭᠣᠯᠣᠨ ᠭᠦᠢᠴᠡᠳᠭᠡᠨ᠎ᠡ ᠃ ᠲᠡᠭᠡᠳᠦ ᠱᠠᠳᠣᠨ  ᠤ ᠪᠠᠶᠢᠭᠣᠯᠭ᠎ᠠ ᠬᠢᠨᠠᠨ ᠵᠦᠪᠰᠢᠶᠡᠷᠬᠦ ᠴᠢᠬᠣᠯᠠᠲᠠᠢ ᠣᠴᠢᠷ ᠶᠠᠪᠣᠳᠠᠯ  ᠢ ᠲᠡᠭᠡᠭᠰᠢ ᠮᠡᠳᠡᠭᠦᠯᠵᠦ ᠂ ᠰᠠᠯᠠᠭ᠎ᠠ ᠮᠦᠴᠢᠷ  ᠤᠨ ᠣᠳᠣᠣᠷᠢᠳᠣᠯᠭ᠎ᠠ  ᠤᠨ ᠲᠣᠰᠢᠶᠠᠭᠰᠠᠨ ᠵᠠᠰᠠᠭ ᠵᠠᠬᠢᠷᠭᠠᠨ  ᠤ ᠬᠢᠨᠠᠨ ᠵᠦᠪᠰᠢᠶᠡᠷᠭᠦ  ᠳᠤ ᠬᠣᠯᠪᠣᠭᠳᠠᠬᠣ ᠬᠣᠯᠪᠣᠭᠳᠠᠯ ᠪᠦᠬᠦᠢ ᠪᠣᠰᠣᠣᠨ ᠣᠴᠢᠷ  ᠢ ᠭᠦᠢᠴᠡᠳᠭᠡᠨ᠎ᠡ ᠃ 21 ᠂ ᠶᠡᠷᠣᠩᠭᠡᠶᠢᠯᠡᠭᠰᠡᠨ ᠰᠠᠯᠠᠭ᠎ᠠ ᠠᠬᠠᠮᠠᠳ ᠺᠠᠳᠠᠷ  ᠤᠨ ᠭᠠᠵᠠᠷ  ᠤᠨ ᠵᠠᠰᠠᠭ  ᠤᠨ ᠶᠠᠪᠣᠳᠠᠯ  ᠤᠨ ᠠᠵᠢᠯ  ᠢ ᠬᠠᠷᠢᠭᠣᠴᠠᠨ ᠂ ᠡᠯ᠎ᠡ ᠵᠦᠢᠯ  ᠤᠨ ᠬᠣᠷᠠᠯ  ᠢ ᠵᠣᠬᠢᠶᠠᠨ ᠪᠠᠶᠢᠭᠣᠯᠬᠣ ᠪᠠ ᠶᠡᠷᠣᠩᠭᠡᠶᠢᠯᠡᠭᠰᠡᠨ ᠴᠢᠨᠠᠷᠲᠠᠢ ᠪᠢᠴᠢᠭ ᠮᠠᠲ᠋ᠸᠷᠢᠶᠠᠯ ᠨᠣᠣᠷᠠᠭᠯᠠᠬᠣ  ᠶᠢ ᠬᠠᠷᠢᠭᠣᠴᠠᠨ᠎ᠠ ᠃ ᠠᠬᠠᠮᠠᠳ ᠺᠠᠳᠠᠷ  ᠤᠨ ᠭᠠᠵᠠᠷ  ᠤᠨ ᠡᠯ᠎ᠡ ᠲᠦᠷᠣᠯ  ᠤᠨ ᠵᠠᠷᠣᠳᠠᠯ ᠰᠦᠢᠳᠭᠡᠯ  ᠢ ᠬᠠᠮᠢᠶᠠᠷᠬᠣ ᠪᠠ ᠡᠯ᠎ᠡ ᠲᠦᠷᠣᠯ  ᠤᠨ ᠰᠣᠨᠢᠨ ᠰᠡᠳᠭᠦᠯ ᠵᠠᠬᠢᠶᠠᠯᠠᠬᠣ  ᠶᠢ ᠬᠠᠷᠢᠭᠣᠴᠠᠨ᠎ᠠ ᠂ ᠬᠣᠳᠠ  ᠶᠢᠨ ᠨᠠᠮ  ᠤᠨ ᠬᠣᠷᠢᠶ᠎ᠠ  ᠶᠢ ᠬᠠᠪᠰᠣᠷᠣᠨ ᠠᠬᠠᠮᠠᠳ ᠺᠠᠳᠠᠷ  ᠢ ᠲᠣᠬᠣᠨᠢᠭᠣᠯᠣᠨ ᠪᠣᠯᠭᠣᠭᠠᠬᠣ ᠠᠵᠢᠯ  ᠢ ᠬᠠᠷᠢᠭᠣᠴᠠᠨ᠎ᠠ ᠃ 22 ᠂ ᠪᠠᠶᠢᠭᠣᠯᠭ᠎ᠠ ᠂ ᠠᠵᠢᠯ ᠦᠢᠯᠡᠰ  ᠤᠨ ᠠᠵᠢᠯ  ᠠᠴᠠ  ᠪᠠᠨ ᠰᠠᠯᠣᠵᠦ ᠪᠠᠭᠣᠭᠰᠠᠨ ᠺᠠᠳᠠᠷ  ᠢ ᠬᠠᠮᠢᠶᠠᠷᠬᠣ ᠰᠠᠯᠠᠭ᠎ᠠ ᠪᠠᠶᠢᠭᠣᠯᠭ᠎ᠠ ᠂ ᠠᠵᠢᠯ ᠦᠢᠯᠡᠰ  ᠤᠨ ᠨᠢᠭᠡᠴᠡ  ᠶᠢᠨ ᠠᠵᠢᠯ  ᠠᠴᠠ  ᠪᠠᠨ ᠪᠠᠭᠣᠭᠰᠠᠨ ᠺᠠᠳᠠᠷ  ᠤᠨ ᠣᠯᠣᠰ ᠲᠦᠷᠦ  ᠶᠢᠨ ᠰᠣᠷᠣᠯᠭ᠎ᠠ  ᠶᠢ ᠵᠣᠬᠢᠶᠠᠨ ᠪᠠᠶᠢᠭᠣᠯᠵᠦ ᠂ ᠪᠠᠶᠢᠭᠣᠯᠭ᠎ᠠ ᠂ ᠠᠵᠢᠯ ᠦᠢᠯᠡᠰ  ᠤᠨ ᠨᠢᠭᠡᠴᠡ  ᠶᠢᠨ ᠠᠵᠢᠯ  ᠠᠴᠠ  ᠪᠠᠨ ᠪᠠᠭᠣᠭᠰᠠᠨ ᠠᠬᠠᠮᠠᠳ ᠺᠠᠳᠠᠷ  ᠢ ᠲᠣᠬᠣᠨᠢᠭᠣᠯᠬᠣ ᠂ ᠠᠬᠠᠮᠠᠳ ᠺᠠᠳᠠᠷ  ᠤᠨ ᠵᠠᠬᠢᠲᠠᠯ ᠰᠣᠷᠪᠣᠯᠵᠢᠯᠭ᠎ᠠ  ᠶᠢ ᠭᠦᠯᠢᠶᠡᠨ ᠠᠪᠬᠣ  ᠶᠢ ᠬᠠᠷᠢᠭᠣᠴᠠᠨ᠎ᠠ ᠃ ᠪᠠᠶᠢᠭᠣᠯᠭ᠎ᠠ ᠂ ᠠᠵᠢᠯ ᠦᠢᠯᠡᠰ  ᠤᠨ ᠨᠢᠭᠡᠴᠡ  ᠶᠢᠨ ᠠᠵᠢᠯ  ᠠᠴᠠ  ᠪᠠᠨ ᠪᠠᠭᠣᠭᠰᠠᠨ ᠺᠠᠳᠠᠷ ᠠᠵᠢᠯᠲᠠᠨ  ᠤ ᠴᠠᠯᠢᠩ ᠪᠠ ᠡᠮᠨᠡᠯᠭᠡ  ᠶᠢᠨ ᠲᠠᠭᠠᠳᠬᠠᠯ  ᠢ ᠬᠠᠷᠭᠣᠭᠣᠯᠣᠨ ᠲᠣᠭᠳᠠᠭᠠᠬᠣ  ᠶᠢ ᠬᠠᠷᠢᠭᠣᠴᠠᠨ᠎ᠠ ᠃ ᠠᠬᠠᠮᠠᠳ ᠺᠠᠳᠠᠷ ᠨᠠᠰᠦ ᠪᠠᠷᠠᠪᠠᠯ ᠬᠣᠶᠢᠳᠣᠬᠢ ᠣᠴᠢᠷ  ᠢ ᠬᠠᠷᠢᠭᠣᠴᠠᠨ ᠭᠦᠢᠴᠡᠳᠭᠡᠨ᠎ᠡ ᠃ 23 ᠂ ᠠᠵᠦ ᠠᠬᠣᠶᠢᠯᠠᠯ  ᠤᠨ ᠠᠵᠢᠯ  ᠠᠴᠠ  ᠪᠠᠨ ᠪᠠᠭᠣᠭᠰᠠᠨ ᠺᠠᠳᠠᠷ  ᠢ ᠬᠠᠮᠢᠶᠠᠷᠬᠣ ᠰᠠᠯᠠᠭ᠎ᠠ ᠠᠵᠦ ᠠᠬᠣᠶᠢᠯᠠᠯ  ᠤᠨ ᠠᠵᠢᠯ  ᠠᠴᠠ  ᠪᠠᠨ ᠪᠠᠭᠣᠭᠰᠠᠨ ᠺᠠᠳᠠᠷ  ᠤᠨ ᠣᠯᠣᠰ ᠲᠦᠷᠦ  ᠶᠢᠨ ᠰᠣᠷᠣᠯᠭ᠎ᠠ  ᠶᠢ ᠵᠣᠬᠢᠶᠠᠨ ᠪᠠᠶᠢᠭᠣᠯᠵᠦ ᠂ ᠠᠬᠠᠮᠠᠳ ᠺᠠᠳᠠᠷ  ᠶᠢ ᠪᠣᠯᠭᠣᠭᠠᠨ ᠦᠵᠡᠭᠦ  ᠶᠢᠨ ᠬᠠᠮᠳᠦ ᠲᠣᠭᠳᠠᠭᠰᠠᠨ ᠬᠣᠭᠣᠴᠠᠭᠠᠨ  ᠤ ᠪᠡᠶ᠎ᠡ  ᠶᠢᠨ ᠪᠠᠶᠢᠴᠠᠭᠠᠯᠲᠠ  ᠶᠢ ᠵᠣᠬᠢᠶᠠᠨ ᠪᠠᠶᠢᠭᠣᠯᠵᠦ ᠂ ᠠᠬᠠᠮᠠᠳ ᠺᠠᠳᠠᠷ  ᠤᠨ ᠵᠠᠬᠢᠳᠠᠯ ᠰᠣᠷᠪᠣᠯᠵᠢᠯᠭ᠎ᠠ  ᠶᠢ ᠭᠦᠯᠢᠶᠡᠨ ᠠᠪᠣᠨ᠎ᠠ ᠃ ᠬᠣᠯᠪᠣᠭᠳᠠᠯ ᠪᠦᠬᠦᠢ ᠰᠠᠯᠠᠭ᠎ᠠ ᠮᠦᠴᠢᠷ  ᠲᠠᠢ ᠣᠶᠠᠯᠳᠣᠨ ᠠᠵᠢᠯ  ᠠᠴᠠ  ᠪᠠᠨ ᠪᠠᠭᠣᠭᠰᠠᠨ ᠠᠬᠠᠮᠠᠳ ᠺᠠᠳᠠᠷ  ᠤᠨ ᠡᠮᠨᠡᠯᠭᠡ  ᠶᠢᠨ ᠰᠦᠢᠳᠭᠡᠯ ᠵᠡᠷᠭᠡ  ᠶᠢ ᠲᠠᠩᠰᠠᠯᠠᠨ ᠭᠦᠢᠴᠡᠳᠭᠡᠵᠦ ᠂ ᠠᠬᠠᠮᠠᠳ ᠺᠠᠳᠠᠷ ᠨᠠᠰᠦ ᠪᠠᠷᠠᠪᠠᠯ ᠬᠣᠳᠣᠬᠢ ᠣᠴᠠᠷ  ᠶᠢ ᠬᠠᠷᠢᠭᠣᠴᠠᠨ ᠭᠦᠢᠴᠡᠳᠭᠡᠨ᠎ᠡ ᠃ 24 ᠂ ᠰᠠᠬᠢᠯᠭ᠎ᠠ ᠪᠠᠳᠦ ᠬᠢᠨᠠᠨ ᠪᠠᠶᠢᠴᠠᠭᠠᠬᠣ ᠲᠠᠰᠣᠭ ᠪᠠᠶᠢᠭᠣᠯᠭ᠎ᠠ ᠪᠠ ᠬᠠᠷᠢᠶ᠎ᠠ ᠪᠦᠬᠦᠢ ᠠᠵᠢᠯ ᠦᠢᠯᠡᠰ  ᠤᠨ ᠨᠢᠭᠡᠴᠡ  ᠶᠢᠨ ᠰᠠᠬᠢᠯᠭ᠎ᠠ ᠪᠠᠳᠦ ᠪᠠᠶᠢᠴᠠᠭᠣᠬᠣ ᠬᠢᠨᠠᠨ ᠪᠠᠶᠢᠴᠠᠭᠠᠬᠣ ᠠᠵᠢᠯ  ᠢ ᠬᠠᠷᠢᠭᠣᠴᠠᠨ᠎ᠠ ᠃ ᠠᠯᠪᠠᠨ ᠭᠠᠵᠠᠷ ᠄ ᠬᠦᠬᠡᠬᠣᠲᠡ  ᠶᠢᠨ ᠰᠢᠨᠬᠣᠸᠠ ᠵᠡᠭᠦᠨ ᠵᠡᠭᠡᠯᠢ  ᠶᠢᠨ1 ᠨᠣᠮᠸᠷ ᠂ ᠬᠣᠲᠠ  ᠶᠢᠨ ᠨᠠᠮ ᠵᠠᠰᠠᠭ  ᠤᠨ ᠠᠯᠪᠠᠨ ᠠᠰᠠᠷ  ᠤᠨ11 ᠳ᠋ᠣᠭᠡᠷ ᠲᠠᠪᠬᠣᠷᠭ᠎ᠠ ᠃ ᠬᠠᠷᠢᠯᠴᠠᠬᠣ ᠣᠳᠠᠰᠦ ᠄ 4606504