ᠵᠠᠮ ᠬᠠᠷᠢᠯᠴᠠᠭᠠᠨ  ᠤ ᠴᠠᠭᠳᠠᠭ᠎ᠠ ᠮᠠᠨᠠᠷᠠᠵᠤ ᠤᠨᠠᠭᠰᠠᠨ ᠨᠠᠰᠤᠲᠠᠨ  ᠢ ᠠᠪᠤᠷᠠᠵᠤ ᠬᠥᠬᠢᠭᠦᠯᠦᠯ ᠣᠯᠤᠭᠰᠠᠨ

2017-07-13 / ᠬᠦᠬᠡᠬᠣᠲᠠ201771383728580
11ᠡᠳᠦᠷ  ᠦᠨ ᠦᠳᠡ  ᠶᠢᠨ ᠡᠮᠦᠨ᠎ᠡ ᠂ ᠬᠤᠳᠤᠡᠭ᠍ ᠲᠤᠭᠤᠷᠢᠭ   ᠦᠨ ᠵᠠᠮ ᠬᠠᠷᠢᠯᠴᠠᠭᠠᠨ  ᠤ ᠶᠡᠬᠡ ᠠᠡᠭ᠍ᠭᠢ ᠬᠣᠶᠠᠳᠤᠭᠠᠷ ᠳᠤᠮᠳᠠ ᠠᠡᠭ᠍ᠭᠢ  ᠶᠢᠨ ᠴᠠᠭᠳᠠᠭ᠎ᠠ ᠹᠠᠨ ᠢᠤᠢ ᠲᠢᠨᠭ ᠂ ᠴᠡᠡᠭ ᠪᠥ᠋ ᠯᠦᠨ ᠂ ᠳ᠋ᠡᠡᠭ ᠯᠧ  ᠨᠠᠷ ᠳᠠᠷᠤᠢ ᠲᠦᠷᠭᠡᠨ   ᠤᠴᠢᠵᠤ ᠳᠠᠯᠠ ᠲᠥᠬᠡᠭᠰᠡᠨ ᠨᠢᠭᠡᠨ ᠨᠠᠰᠤᠲᠠᠨ  ᠢ ᠠᠪᠤᠷᠠᠵᠤ ᠂ ᠤᠯᠠᠨ ᠨᠡᠢᠢᠲᠡ  ᠶᠢᠨ ᠰᠠᠢᠢᠰᠢᠶᠠᠯ  ᠢ ᠤᠯᠵᠠᠢ ᠃ ᠬᠤᠳᠤᠡᠭ᠍ ᠲᠤᠭᠤᠷᠢᠭ   ᠦᠨ ᠵᠠᠮ ᠬᠠᠷᠢᠯᠴᠠᠭᠠᠨ  ᠤ ᠶᠡᠬᠡ ᠠᠡᠭ᠍ᠭᠢ ᠬᠣᠶᠠᠳᠤᠭᠠᠷ ᠳᠤᠮᠳᠠ ᠠᠡᠭ᠍ᠭᠢ  ᠦᠨ ᠴᠠᠭᠳᠠᠭ᠎ᠠ  ᠨᠠᠷ ᠥᠪᠡᠷ  ᠦᠨ ᠬᠠᠷᠢᠶᠠᠲᠤ ᠲᠤᠭᠤᠷᠢᠭ  ᠳᠦ  ᠪᠡᠨ ᠴᠠᠭᠳᠠᠨ ᠪᠠᠢᠢᠴᠠᠭᠠᠵᠤ ᠳ᠋ᠠ ᠲᠥᠡᠭ ᠲᠠᠮᠢᠷ  ᠦᠨ ᠬᠤᠳᠠᠯᠳᠤᠭᠠᠨ  ᠤ ᠲᠡᠷᠭᠡᠨ ᠵᠤᠭᠰᠤᠭᠠᠯ  ᠢᠶᠡᠷ ᠥᠨᠭᠭᠡᠷᠡᠬᠦ ᠦᠶᠡᠰ ᠭᠡᠨᠡᠳᠲᠡ ︽ᠴᠠᠭᠳᠠᠭ᠎ᠠ ᠨᠥᠬᠦᠷ ᠬᠤᠷᠳᠤᠨ ᠲᠤᠰᠠᠯᠠᠭᠠᠴᠢ ᠂ ᠮᠢᠨᠦ ᠳᠡᠯᠭᠡᠭᠦᠷ  ᠦᠨ ᠬᠠᠵᠠᠭᠤ  ᠳᠤ ᠨᠢᠭᠡ ᠨᠠᠰᠤᠲᠠᠨ ᠮᠠᠨᠠᠷᠠᠵᠤ ᠤᠨᠠᠵᠠᠢ ︾ ᠭᠡᠰᠡᠨ ᠠᠪᠤᠷᠠᠯ ᠭᠤᠶᠤᠬᠤ  ᠶᠢ ᠤᠯᠵᠤ ᠰᠤᠨᠤᠰᠴᠠᠢ ᠃ ᠪᠠᠢᠢᠳᠠᠯ  ᠢ  ᠮᠡᠳᠡᠭᠡᠳ ᠂ ᠴᠠᠭᠳᠠᠭ᠎ᠠ ᠱᠠᠯᠠᠪᠬᠠᠨ ᠲᠡᠷᠭᠡᠨ  ᠡᠴᠡ ᠪᠠᠭᠤᠵᠤ ᠪᠠᠢᠢᠳᠠᠯ  ᠢ ᠤᠢᠢᠯᠠᠭᠠᠵᠠᠢ ᠃ ᠳ᠋ᠠ ᠲᠥᠡᠭ ᠲᠠᠮᠢᠷ  ᠦᠨ ᠬᠤᠳᠠᠯᠳᠤᠭᠠᠨ  ᠤ ᠲᠡᠷᠭᠡᠨ ᠵᠤᠭᠰᠤᠭᠠᠯ  ᠳᠦ ᠬᠦᠷᠬᠦ ᠦᠶᠡᠰ ᠂ ᠳᠠᠯᠠ ᠠᠬᠢᠭᠰᠠᠨ ᠨᠠᠰᠤᠲᠠᠨ ᠭᠠᠵᠠᠷ ᠰᠠᠭᠤᠵᠤ ᠂ ᠲᠤᠢᠢᠯ  ᠦᠨ ᠵᠤᠪᠠᠭᠤᠷᠢᠲᠠᠢ ᠪᠠᠶᠢᠯ᠎ᠠ ᠃ᠹᠠᠨ ᠢᠤᠢ ᠲᠢᠨᠭ ᠂ ᠴᠡᠡᠭ ᠪᠥ᠋ ᠯᠦᠨ ᠂ ᠳ᠋ᠡᠡᠭ ᠯᠧ  ᠨᠠᠷ ᠨᠠᠰᠤᠳᠠᠨ  ᠢ ᠬᠤᠷᠳᠤᠨ ᠭᠡᠭᠴᠢ ᠲᠦᠰᠢᠵᠦ ᠬᠠᠵᠠᠭᠤ  ᠶᠢᠨ ᠮᠤᠳᠤᠨ ᠰᠡᠭᠦᠳᠡᠷ  ᠲᠦ ᠰᠠᠭᠤᠯᠭᠠᠵᠤ ᠂ ᠨᠢᠭᠡ ᠲᠠᠯ᠎ᠠ  ᠪᠠᠷ ᠨᠠᠰᠤᠲᠠᠨ  ᠤ ᠰᠡᠳᠬᠢᠯ ᠰᠠᠨᠠᠭ᠎ᠠ  ᠶᠢ ᠲᠠᠢᠢᠳᠬᠠᠷᠠᠭᠤᠯᠵᠤ ᠂ ᠨᠢᠭᠡ ᠲᠠᠯ᠎ᠠ  ᠪᠠᠷ ᠨᠠᠰᠤᠲᠠᠨ  ᠦ ᠤᠢᠢᠴᠢᠭᠰᠠᠨ ᠰᠢᠯᠲᠠᠭᠠᠨ ᠵᠢᠴᠢ ᠨᠡᠷ᠎ᠡ ᠪᠠ ᠭᠡᠷ  ᠦᠨ ᠪᠠᠢᠢᠳᠠᠯ ᠵᠡᠷᠭᠡ  ᠶᠢ ᠠᠰᠠᠭᠤᠵᠠᠢ ᠃ ᠤᠤᠯ  ᠨᠢ ᠨᠠᠰᠤᠲᠠᠨ ᠵᠠᠩ ᠪᠡᠢ ᠵᠠᠮ  ᠦᠨ ᠣᠢᠢᠷᠠᠯᠴᠠᠭ᠎ᠠ ᠢᠷᠡᠵᠦ ᠶᠠᠭᠤᠮ᠎ᠠ ᠠᠪᠴᠤ ᠪᠤᠴᠠᠬᠤ  ᠳᠦ  ᠪᠡᠨ ᠴᠢᠰᠤᠨ ᠳᠠᠷᠤᠯᠲᠠ ᠥᠨᠳᠥᠷ ᠤᠴᠢᠷ  ᠡᠴᠡ ᠂ ᠶᠠᠭ ᠵᠠᠩ ᠪᠡᠢ ᠵᠠᠮ   ᠦᠨ ᠠᠭᠤᠯᠵᠠᠷ  ᠡᠴᠡ ᠡᠬᠢᠯᠡᠭᠡᠳ ᠲᠣᠯᠣᠭᠠᠢ ᠡᠷᠭᠢᠵᠦ ᠳᠠᠷᠠᠭ᠎ᠠ  ᠨᠢ ᠡᠨᠳᠡ ᠤᠢᠢᠴᠢᠭᠰᠠᠨ ᠪᠠᠶᠢᠨ᠎ᠠ ᠃ ᠴᠠᠭᠳᠠᠭ᠎ᠠ  ᠨᠠᠷ ᠲᠠᠷᠤᠢ ᠲᠦᠷᠭᠡᠨ 120 ᠲᠦᠷᠭᠡᠨ ᠠᠪᠤᠷᠠᠯᠲᠠ  ᠶᠢᠨ ᠳ᠋ᠤᠭᠠᠷ  ᠢ ᠤᠲᠠᠰᠤᠳᠠᠵᠤ ᠂ ᠬᠦᠬᠡᠬᠣᠲᠡ ᠡᠮᠨᠡᠯᠭᠡ  ᠶᠢᠨ ᠶᠡᠬᠡ ᠰᠤᠷᠭᠠᠭᠤᠯᠢ  ᠶᠢᠨ ᠬᠠᠷᠢᠶᠠᠲᠤ ᠡᠮᠨᠡᠯᠭᠡ  ᠶᠢᠨ ᠬᠣᠷᠢᠶᠠᠨ  ᠦ ᠬᠣᠶᠠᠷ ᠡᠮᠴᠢ ᠢᠷᠡᠵᠦ ᠂ ᠴᠠᠭᠳᠠᠭ᠎ᠠ  ᠲᠠᠢ ᠬᠠᠮᠵᠢᠯᠴᠠᠵᠤ ᠨᠠᠰᠤᠲᠠᠨ  ᠢ ᠲᠦᠷᠭᠡᠨ ᠠᠪᠤᠷᠠᠯᠲᠠ  ᠶᠢᠨ ᠲᠠᠰᠤᠭ  ᠲᠦ ᠬᠦᠷᠭᠡᠭᠰᠡᠨ ᠪᠠᠶᠢᠨ᠎ᠠ ᠃ᠡᠨᠡ ᠦᠶ᠎ᠡ  ᠳᠦ ᠨᠠᠰᠤᠲᠠᠨ  ᠦ ᠬᠦᠦ ᠴᠣ ᠴᠠᠭᠳᠠᠭ᠎ᠠ  ᠶᠢᠨ ᠴᠢᠮᠡᠭᠡ  ᠶᠢ ᠣᠯᠵᠤ ᠬᠦᠷᠦᠯᠴᠡᠨ ᠢᠷᠡᠵᠦ ᠂ ᠲᠠᠬᠢᠨᠲᠠ ᠴᠠᠭᠳᠠᠭ᠎ᠠ  ᠳᠤ ᠲᠠᠯᠠᠷᠬᠠᠯ  ᠢᠶᠠᠨ ᠢᠯᠡᠷᠬᠡᠶᠢᠯᠡᠵᠦ ᠂ ᠲᠤᠬᠠᠢ  ᠶᠢᠨ ᠲᠠᠯᠠᠪᠤᠷ  ᠤᠨ ᠬᠦᠮᠦᠰ ᠴᠣ ᠪᠦᠭᠦᠳᠡᠭᠡᠷ  ᠢᠶᠡᠨ ᠠᠯᠠᠭ᠎ᠠ ᠲᠠᠰᠢᠨ ᠮᠠᠭᠲᠠᠭᠰᠠᠨ ᠪᠠᠶᠢᠨ᠎ᠠ ᠃