ᠮᠠᠨ ᠪ ᠤᠷᠤᠨ ᠪ ᠪᠠᠩᠬᠢ ᠪᠡ ᠭᠠᠢᠢᠯᠢ ᠵᠢᠨ ᠶᠠᠪᠤᠳᠡᠯ ᠤᠨ ᠬᠤᠷᠰᠢᠯ ᠤᠨ ᠦᠢᠯᠡᠴᠢᠯᠡᠬᠡ ᠵᠢᠨ ᠳᠠᠪᠴᠠᠩ  ᠠᠰᠢᠭᠯᠠᠯᠲᠠ  ᠳᠤ ᠤᠷᠤᠵᠠᠢ

2015-11-10 / ᠬᠦᠬᠡᠬᠣᠲᠠ


ᠳᠤᠰ ᠰᠣᠨᠢᠨ ᠤ ᠮᠡᠳᠡᠬᠡ︵ᠰᠤᠷᠪᠤᠯᠵᠢᠯᠠᠭᠴᠢ ᠬᠦᠸᠸ ᠵᠢᠶᠦᠨ ᠯᠸᠤ︶11 ᠰᠠᠷᠠ ᠵᠢᠨ 9 ᠤ ᠦᠳᠡ ᠵᠢᠨ ᠬᠤᠢᠢᠨᠠ᠂ ᠮᠠᠨ ᠪ ᠤᠷᠤᠨ ᠪ ᠪᠠᠩᠬᠢ ᠪᠡ ᠭᠠᠢᠢᠯᠢ ᠵᠢᠨ ᠶᠠᠪᠤᠳᠡᠯ ᠤᠨ ᠬᠤᠷᠰᠢᠯ ᠤᠨ ᠦᠢᠯᠡᠴᠢᠯᠡᠬᠡ ᠵᠢᠨ ᠳᠠᠪᠴᠠᠩ ᠠᠰᠢᠭᠯᠡᠯᠳᠡ  ᠳᠤ ᠤᠷᠤᠬᠤ ᠵᠢᠴᠢ ᠪᠠᠩᠬᠢ ᠪᠡ ᠭᠠᠢᠢᠯᠢ ᠵᠢᠨ ᠶᠠᠪᠤᠳᠠᠯ ᠬᠠᠮᠳᠤᠷᠠᠯᠴᠠᠬᠤ ᠬᠡᠷᠡ ᠳᠤᠭᠳᠠᠬᠤ ᠶᠤᠰᠤᠯᠠᠯ ᠬᠦᠬᠡᠬᠤᠳᠠ  ᠳᠤ ᠶᠠᠪᠤᠭᠳᠠᠪᠠ᠃ ᠦᠪᠡᠷᠳᠡᠬᠡᠨ ᠵᠠᠰᠠᠬᠤ ᠤᠷᠤᠨᠤ ᠤᠯᠤᠰ ᠤᠨ ᠭᠠᠢᠢᠯᠢ ᠵᠢᠨ ᠳᠤᠪᠴᠢᠶᠠ᠂ ᠤᠷᠤᠨ ᠨᠤᠳᠤᠭ ᠤᠨ ᠭᠠᠢᠢᠯᠢ ᠵᠢᠨ ᠳᠤᠪᠴᠢᠶᠠ ᠬᠢᠬᠡᠳ ᠦᠪᠦᠷ ᠮᠤᠩᠭᠤᠯ ᠤᠨ ᠪᠠᠩᠬᠢ ᠵᠢᠨ ᠦᠢᠯᠡᠰ ᠤᠨ ᠬᠢᠨᠠᠯᠳᠠ ᠬᠠᠮᠢᠶᠠᠷᠤᠯᠳᠠ ᠵᠢᠨ ᠳᠤᠪᠴᠢᠶᠠ ᠭᠤᠷᠪᠠᠨ ᠳᠠᠯᠠ  ᠪᠡᠷ ᠵᠢᠡᠨ︽ᠪᠠᠩᠬᠢ ᠪᠡ ᠭᠠᠢᠢᠯᠢ ᠵᠢᠨ ᠶᠠᠪᠤᠳᠡᠯ ᠤᠨ ᠬᠤᠷᠰᠢᠯ ᠤᠨ ᠬᠠᠮᠳᠤᠷᠠᠯᠴᠠᠭᠠᠨᠤ ᠪᠦᠳᠦᠬᠦᠪᠴᠢ ᠬᠡᠯᠡᠯᠴᠡᠬᠡᠷ︾ᠳᠦ ᠭᠠᠷ ᠤᠨ ᠦᠰᠦᠭ ᠵᠢᠷᠤᠵᠥ᠂ ᠪᠦᠳᠦᠬᠡᠨ ᠪᠠᠢᠢᠭᠤᠯᠤᠯᠳᠠ ᠵᠢᠨ ᠪᠠᠩᠬᠢ ᠵᠢᠨ ᠦᠪᠦᠷ ᠮᠤᠩᠭᠤᠯ ᠤᠨ ᠬᠤᠪᠢᠶᠠᠷᠢ ᠪᠠᠩᠬᠢ ᠵᠡᠷᠬᠡ ᠲᠥᠷᠥᠬᠥᠤ ᠪᠦᠯᠦᠭ ᠤᠨ 12 ᠮᠦᠩᠬᠦᠨ ᠬᠦᠢᠯᠬᠡᠬᠡᠨᠤ ᠪᠠᠢᠢᠭᠤᠯᠤᠮᠵᠢ ᠳᠠᠢ ᠬᠤᠯᠪᠤᠯᠴᠠᠨ ᠪᠠᠩᠬᠢ ᠪᠡ ᠭᠠᠢᠢᠯᠢ ᠵᠢᠨ ᠶᠠᠪᠤᠳᠠᠯ ᠤᠨ ᠬᠠᠮᠳᠤᠷᠠᠯᠴᠠᠭᠠ ᠵᠢ ᠬᠠᠮᠳᠤᠪᠡᠷ ᠦᠷᠨᠢᠬᠦᠯᠪᠡ᠃ ᠳᠤᠰ ᠡᠳᠤᠷ᠂ ᠮᠠᠨ ᠪᠤᠷᠤᠨ ᠪ ᠪᠠᠩᠬᠢ ᠪᠡ ᠭᠠᠢᠢᠯᠢ ᠵᠢᠨᠶᠠᠪᠤᠳᠡᠯ ᠤᠨ ᠬᠤᠷᠰᠢᠯ ᠤᠨᠦᠢᠯᠡᠴᠢᠯᠡᠬᠡᠵᠢᠨ ᠳᠠᠪᠴᠠᠩᠵᠢᠩᠬᠢᠨᠢ ᠪᠡᠷᠠᠰᠢᠭᠯᠡᠯᠳᠡ ᠳ᠋ᠤᠤᠷᠤᠪᠠ᠃ ᠦᠪᠡᠷᠳᠡᠬᠡᠨ ᠵᠠᠰᠠᠬᠤ ᠤᠷᠤᠨᠤ ᠳᠡᠳ᠋ ᠳᠡᠷᠢᠬᠦᠯᠡᠭᠴᠢ ᠶᠦᠨ ᠭᠤᠸᠠᠩᠵᠦᠩ ᠤᠷᠤᠯᠴᠠᠵᠥᠶᠠᠷᠢᠶᠠᠳᠠᠯᠪᠢᠵᠠᠢ᠃ ᠶᠦᠨ ᠭᠤᠸᠠᠩ ᠵᠦᠩ ᠵᠢᠭᠠᠵᠥ ᠭᠠᠷᠭᠠᠭᠰᠠᠨ  ᠨᠢ᠂ ᠡᠯᠡ ᠱᠠᠳᠤᠨᠤ ᠭᠠᠢᠢᠯᠢ ᠵᠢᠨ ᠶᠠᠪᠤᠳᠠᠯ ᠤᠨ ᠰᠠᠯᠠᠭᠠ ᠮᠦᠴᠢᠷ᠂ ᠮᠦᠩᠬᠦᠨ ᠬᠦᠢᠯᠬᠡᠬᠡᠨᠤ ᠪᠠᠢᠢᠭᠤᠯᠤᠮᠵᠢ ᠳᠠᠪᠴᠠᠩ ᠤᠨ ᠪᠠᠢᠢᠭᠤᠯᠤᠯᠳᠠ ᠵᠢ ᠰᠠᠢᠢᠳᠤᠷ ᠠᠳᠬᠤᠵᠥ᠂ ᠢᠳᠡᠬᠡᠮᠵᠢ ᠵᠢᠨ ᠮᠡᠳᠡᠬᠡ ᠵᠠᠩᠬᠢ  ᠪᠠᠨ ᠰᠤᠯᠢᠯᠴᠠᠨ ᠬᠠᠮᠳᠤᠪᠡᠷ ᠡᠳ᠋ᠯᠡᠬᠦ ᠵᠢ ᠴᠢᠩᠭᠠᠳᠬᠠᠵᠥ᠂︽ᠢᠳᠡᠬᠡᠮᠵᠢ ᠠᠳᠠᠯᠢ ᠪᠤᠰᠤ᠂ ᠳᠡᠰ ᠳᠠᠪᠬᠤᠷᠭᠠ ᠠᠳᠠᠯᠢ ᠪᠤᠰᠤ᠂ ᠤᠯᠭᠤᠮᠵᠢ ᠠᠳᠠᠯᠢ ᠪᠤᠰᠤ︾ ᠨᠡᠢᠢᠬᠡᠮᠤᠨ ᠢᠳᠡᠬᠡᠮᠵᠢ ᠵᠢᠨ ᠰᠦᠯᠵᠢᠶᠡ ᠵᠢ ᠴᠢᠷᠮᠠᠢᠢᠨ ᠪᠠᠢᠢᠭᠤᠯᠵᠥ᠂ ᠠᠵᠥ ᠠᠬᠤᠢᠢᠯᠠᠯ︽ᠢ ᠭᠠᠢᠢᠯᠢ ᠳᠤᠰᠢᠶᠠᠭᠰᠠᠨ ᠢᠳᠡᠬᠡᠮᠵᠢ︾ ᠪᠡᠷ ᠵᠢᠡᠨ ︽ᠪᠠᠩᠬᠢ ᠵᠢᠨ ᠢᠳᠡᠬᠡᠮᠵᠢ︾ᠵᠢ ᠰᠤᠯᠢᠨ᠂ ᠪᠡᠯᠡ ᠬᠤᠷᠠᠮᠳᠤᠭᠤᠯᠬᠤ  ᠳᠤ ᠬᠦᠴᠢᠷ ᠠᠰᠠᠭᠤᠳᠠᠯ ᠢ ᠦᠨᠡᠨᠬᠦ ᠨᠠᠮᠳᠠᠭᠤᠯᠬᠤ ᠬᠡᠷᠡᠭᠲᠡᠢ ᠃ ᠦᠢᠯᠡᠴᠢᠯᠡᠬᠡᠨᠤ ᠳᠦᠪᠰᠢᠨ ᠵᠢᠡᠨ ᠳᠡᠬᠡᠭᠰᠢᠯᠡᠬᠦᠯᠵᠥ᠂ ᠭᠠᠢᠢᠯᠢ ᠵᠢᠨ ᠶᠠᠪᠤᠳᠠᠯ ᠤᠨ ᠰᠠᠯᠠᠭᠠ ᠮᠦᠴᠢᠷ ᠭᠠᠢᠢᠯᠢ ᠳᠠᠳᠠᠪᠤᠷᠢᠯᠠᠬᠤ ᠨᠡᠮᠡᠭᠳᠡᠯ ᠦᠢᠯᠡᠴᠢᠯᠡᠬᠡ ᠵᠢ ᠢᠳᠡᠪᠬᠢᠳᠡᠢ ᠦᠷᠨᠢᠬᠦᠯᠵᠥ᠂ ᠪᠠᠩᠬᠢ ᠵᠢᠨ ᠬᠢᠨᠠᠯᠳᠠ ᠳᠠᠯᠪᠢᠬᠤᠰᠠᠯᠠᠭᠠᠮᠦᠴᠢᠷᠵᠢᠴᠢᠮᠦᠩᠬᠦᠨ ᠬᠦᠢᠯᠬᠡᠬᠡᠨᠤ ᠪᠠᠢᠢᠭᠤᠯᠤᠮᠵᠢ ᠢᠳᠡᠬᠡᠮᠵᠢ ᠰᠠᠢᠢᠳᠠᠢ ᠰᠢᠯᠢᠳᠡᠭ ᠠᠵᠥ ᠠᠬᠤᠢᠢᠯᠠᠯ  ᠳᠤ ᠵᠢᠬᠡᠯᠡᠯᠬᠡ ᠳᠠᠯᠪᠢᠬᠤ ᠵᠢ ᠬᠢᠨᠠᠨ ᠵᠦᠪᠰᠢᠶᠡᠷᠡᠬᠦ ᠶᠠᠪᠤᠴᠠ  ᠪᠠᠨ ᠲᠦᠬᠦᠮᠴᠢᠯᠡᠬᠦ ᠬᠡᠷᠡᠭᠳᠡᠢ᠃ ᠤᠷᠳᠤ ᠬᠤᠭᠤᠴᠠᠭᠠᠨᠤ ᠪᠦᠲᠦᠮᠵᠢᠳᠠᠢ ᠳᠤᠭᠳᠠᠴᠠ ᠵᠢ ᠪᠠᠢᠢᠭᠤᠯᠵᠥ᠂ ᠡᠯᠡ ᠱᠠᠳᠤᠨᠤ ᠭᠠᠢᠢᠯᠢ ᠵᠢᠨ ᠶᠠᠪᠤᠳᠠᠯ ᠪᠤᠯᠤᠨ ᠮᠦᠩᠬᠦᠨ ᠬᠦᠢᠯᠬᠡᠬᠡᠨᠤ ᠪᠠᠢᠢᠭᠤᠯᠤᠮᠵᠢ  ᠡᠴᠡ ᠪᠠᠩᠬᠢ ᠪᠡ ᠭᠠᠢᠢᠯᠢ ᠵᠢᠨ ᠶᠠᠪᠤᠳᠡᠯ ᠤᠨ ᠬᠤᠷᠰᠢᠯ ᠤᠨ ᠤᠷᠳᠤ ᠬᠤᠭᠤᠴᠠᠭᠠᠠᠤ ᠪᠦᠲᠦᠮᠵᠢᠲᠡᠢ ᠳᠤᠭᠳᠠᠴᠠ ᠵᠢ ᠪᠠᠢᠢᠭᠤᠯᠤᠨ ᠳᠡᠬᠦᠯᠳᠡᠷᠵᠢᠬᠦᠯᠵᠥ᠂ ᠤᠯᠠᠨ ᠳᠡᠰ ᠳᠠᠪᠬᠤᠷᠭᠠ ᠵᠢᠨ᠂ ᠤᠯᠠᠨ ᠬᠡᠯᠪᠡᠷᠢ ᠮᠠᠶ᠋ᠢᠭ ᠤᠨ ᠪᠠᠩᠬᠢ ᠭᠠᠢᠢᠯᠢ ᠠᠵᠥ ᠠᠬᠤᠢᠢᠯᠠᠯ ᠢ ᠵᠤᠯᠭᠠᠭᠤᠯᠬᠤ ᠠᠵᠢᠯᠯᠠᠭᠠ ᠦᠷᠨᠢᠬᠦᠯᠵᠥ᠂ ᠠᠵᠥ ᠠᠬᠤᠢᠢᠯᠠᠯ ᠤᠨᠡᠷᠡᠬᠦᠯᠵᠢᠡᠷᠬᠦᠭᠵᠢᠬᠦ ᠳ᠋ᠤᠪᠦᠬᠦᠬᠦᠴᠦᠨᠵᠢᠡᠷᠵᠢᠡᠨ ᠦᠢᠯᠡᠴᠢᠯᠡᠵᠥ᠂ ᠦᠪᠡᠷᠳᠡᠬᠡᠨ ᠵᠠᠰᠠᠬᠤ ᠤᠷᠤᠨᠤ ᠠᠵᠥ ᠠᠬᠤᠢ ᠵᠢᠨ ᠪᠦᠳᠦᠴᠡ ᠵᠢ ᠳᠤᠬᠢᠷᠠᠭᠤᠯᠬᠤ ᠪᠠ ᠬᠡᠯᠪᠡᠷᠢ ᠵᠢ ᠬᠤᠪᠢᠷᠠᠭᠤᠯᠵᠥ ᠳᠡᠰ ᠳᠡᠪᠰᠢᠬᠦᠯᠬᠦ ᠳ᠋ᠤᠰᠢᠨᠡ ᠨᠡᠩ ᠶᠡᠬᠡ ᠬᠤᠪᠢ ᠨᠡᠮᠡᠷᠢ ᠦᠵᠡᠬᠦᠯᠬᠦᠬᠡᠷᠡᠭᠳᠡᠢ ᠬᠡᠵᠡᠢ᠃