ᠮᠠᠨ  ᠣ ᠣᠷᠣᠨ ᠵᠢᠯ ᠪᠦᠷᠢ 20 ᠳ᠋ᠦᠩᠰᠢᠭᠤᠷ ᠳᠦᠬᠦᠷᠢᠭ ᠤᠨ ᠣᠶᠤᠲᠠᠳ ᠤᠨ ᠦᠢᠯᠡᠰ ᠪᠤᠰᠬᠠᠬᠤ ᠪᠠᠳᠤᠯᠠᠪᠤᠷᠢ ᠶᠢᠨ ᠵᠢᠬᠡᠯᠡᠯᠬᠡ ᠪᠠᠭᠤᠯᠭᠠᠨ᠎ᠠ

2015-11-10 / ᠬᠦᠬᠡᠬᠣᠲᠠ


ᠦᠪᠡᠷᠳᠡᠬᠡᠨ ᠵᠠᠰᠠᠬᠤ ᠤᠷᠤᠨ ᠤ ᠬᠦ᠍ᠮᠦᠨ ᠤ ᠬᠦ᠍ᠴᠦᠨ ᠤ ᠠᠬᠢ ᠪᠠᠶᠠᠯᠢᠬ ᠬᠢᠬᠡᠳ ᠨᠠᠢᠢᠬᠡᠮ ᠤᠨ ᠪᠠᠳᠤᠯᠠᠪᠤᠷᠢ ᠶᠢᠨ ᠳᠢᠩᠬᠢᠮ ᠤᠨ ᠰᠤᠨᠢᠨ ᠮᠡᠳᠡᠬᠡ ᠨᠡᠢᠢᠳᠡᠯᠡᠬᠦ ᠬᠤᠷᠠᠯ ᠠᠴᠠ ᠤᠢᠢᠯᠠᠭᠠᠭᠰᠠᠨ ᠢᠶᠠᠷ ᠂ ᠮᠠᠨ  ᠣ ᠣᠷᠣᠨ 2015 ᠤᠨ ᠠᠴᠠ ᠠᠬᠢᠯᠡᠨ ᠂ ᠵᠢᠯ ᠪᠦᠷᠢ 20 ᠳ᠋ᠦᠩᠰᠢᠭᠤᠷ ᠳᠦᠬᠦᠷᠢᠭ ᠤᠨ ᠤᠶᠤᠳᠠᠳ ᠦᠨ ᠦᠢᠯᠡᠰ ᠪᠤᠰᠬᠠᠬᠤ ᠪᠠᠳᠤᠯᠠᠪᠤᠷᠢ ᠶᠢᠨ ᠵᠢᠬᠡᠯᠡᠯᠬᠡ ᠪᠠᠭᠤᠯᠭᠠᠬᠤ ᠶᠢᠨ ᠬᠠᠮᠳᠤ ᠂ ︽ ᠶᠡᠬᠡ ᠳᠡᠬᠡᠳᠦ ᠰᠤᠷᠭᠠᠭᠤᠯᠢ ᠠᠴᠠ ᠳᠡᠬᠦᠰᠦᠭᠰᠡᠨ ᠳᠦᠮᠡᠨ ᠬᠦᠮᠦᠨ ᠤ ᠦᠢᠯᠡᠰ ᠪᠤᠰᠬᠠᠬᠤ ᠠᠵᠢᠯᠯᠠᠭ᠎ᠠ ︾ ᠶᠢ ᠠᠬᠢᠯᠡᠨ ᠬᠡᠷᠡᠭᠵᠢᠬᠦᠯᠵᠤ ᠂ ᠤᠶᠤᠳᠠᠳ ᠤᠨ ᠵᠤᠷᠢᠭᠳᠠᠢ ᠪᠠᠷ ᠦᠢᠯᠡᠰ ᠪᠤᠰᠬᠠᠬᠤ ᠳᠤ ᠨᠡᠩ ᠤᠯᠠᠨ ᠪᠡᠯᠡ ᠮᠦ᠍ᠩᠬᠦ ᠪᠤᠯᠤᠨ ᠳᠦᠷᠦ ᠶᠢᠨ ᠪᠤᠳᠤᠯᠭ᠎ᠠ ᠶᠢᠨ ᠳᠡᠮᠵᠢᠯᠬᠡ ᠦᠵᠡᠬᠦᠯᠬᠦ ᠪᠤᠯᠤᠨ᠎ᠠ ᠃ ᠡᠨᠡ ᠲᠤᠬᠠᠢ ᠨᠢᠬᠡᠨᠳᠡ ᠳᠤᠭᠳᠠᠭᠠᠯ ᠭᠠᠷᠭᠠᠵᠤ ᠂ ᠦᠢᠯᠡᠰ ᠪᠤᠰᠬᠠᠬᠤ ᠪᠠᠳᠤᠯᠠᠪᠤᠷᠢ ᠶᠢᠨ ᠵᠢᠬᠡᠯᠡᠯᠬᠡ ᠶᠢ ᠤᠶᠤᠳᠠᠨ ︵ ᠳᠡᠬᠦᠰᠬᠦ ᠣᠨ  ᠣ ᠤᠶᠤᠳᠠᠨ ᠬᠢᠬᠡᠳ ᠳᠡᠬᠦᠰᠦᠬᠡᠳ ᠪᠦᠬᠦᠯᠢ 5 ᠵᠢᠯ ᠪᠤᠯᠤᠭᠠᠳᠤᠢ ᠣᠶᠤᠲᠠᠳ ︶ ᠢᠶᠠᠷ ᠭᠤᠤᠯ ᠴᠤᠭᠴᠠ ᠪᠤᠯᠭᠠᠭᠰᠠᠨ ᠵᠠᠯᠠᠭᠤ ᠦᠢᠯᠡᠰ ᠪᠤᠰᠬᠠᠭᠴᠢᠳ ᠂ ᠢᠯᠠᠩᠭᠤᠶ᠎ᠠ ᠶᠠᠳᠠᠭᠤ ᠬᠦ᠍ᠴᠢᠷᠳᠡᠯᠲᠠᠢ ᠬᠡᠷ ᠪᠦᠯᠢ ᠶᠢᠨ ᠤᠶᠤᠲᠠᠳ ᠪᠠ ᠮᠤᠩᠭᠤᠯ ᠢᠶᠠᠷ ᠬᠢᠴᠢᠶᠡᠯᠡᠭᠰᠡᠳ ᠲᠤ ᠤᠯᠭᠤᠵᠦ ᠂ ᠵᠢᠬᠡᠯᠡᠯᠭᠡ  ᠶᠢ 50 ᠳᠦᠮᠡᠨ ᠳᠦᠬᠦᠷᠢᠭ ᠠᠴᠠ ᠬᠡᠲᠦᠷᠡᠭᠦᠯᠬᠦ ᠦᠬᠡᠢ ᠮᠦ᠍ᠷᠳᠡᠭᠡᠨ ᠵᠢᠬᠡᠯᠡᠯᠬᠡ ᠶᠢᠨ ᠬᠤᠭᠤᠴᠠᠭ᠎ᠠ ᠶᠢ 2 ᠵᠢᠯ ᠠᠴᠠ ᠳᠠᠪᠠᠭᠤᠯᠬᠤ ᠦᠬᠡᠢ ᠭᠡᠵᠦ ᠲᠤᠳᠣᠷᠬᠠᠶᠢᠯᠠᠪᠠ ᠃