90 ︽ ᠬᠦᠭᠵᠢᠯᠲᠠ ︾ ᠶᠠᠭᠤ ᠶᠢ ᠬᠠᠷᠠᠭᠤᠯᠵᠤ ᠪᠠᠢᠢᠬᠤ ᠪᠤᠢ ︖

2015-11-10 / ᠬᠦᠬᠡᠬᠣᠲᠠ


ᠲᠤᠮᠳᠠᠳᠤ ᠤᠯᠤᠰ ᠤᠨ ᠡᠪ ᠬᠠᠮᠳᠤ ᠨᠠᠮ ᠤᠨ ᠠᠷᠪᠠᠨ ᠨᠠᠢᠮᠠᠳᠤᠭᠠᠷ ᠬᠤᠭᠤᠴᠠᠭᠠᠨ ᠤ ᠲᠦ᠍ᠪ ᠬᠤᠷᠢᠶᠠᠨ ᠤ ᠲᠠᠪᠤᠳᠤᠭᠠᠷᠪᠦᠬᠦᠳᠡ ᠬᠤᠷᠠᠯ 29 ᠤ ᠡᠳᠤᠷ ᠲᠡᠬᠦᠰᠴᠦ ᠂ 2020 ᠤᠨ ᠪᠤᠯᠬᠤ ᠳᠤ ᠴᠢᠨᠡᠭᠡᠯᠢᠭ ᠨᠡᠢᠢᠭᠡᠮ ᠢ ᠪᠦᠬᠦ ᠲᠠᠯ᠎ᠠ ᠪᠠᠷ ᠪᠡᠶᠡᠯᠡᠬᠦᠯᠬᠦᠪᠤᠯ ᠮᠠᠨ ᠤ ᠨᠠᠮ ᠤᠨ ᠲᠤᠭᠳᠠᠭᠠᠭᠰᠠᠠ ︽ᠬᠤᠤᠰ ᠵᠠᠭᠤᠨ ᠵᠢᠯ︾ ᠤᠨ ᠲᠡᠮᠡᠴᠡᠬᠦ ᠬᠠᠷᠠᠯᠳᠡ ᠶᠢ ᠪᠡᠶᠡᠯᠡᠬᠦᠯᠬᠦ ᠨᠢᠬᠡᠳᠤᠭᠡᠷ ᠵᠠᠭᠤᠨᠵᠢᠯ ᠤᠨ ᠲᠡᠮᠡᠴᠡᠬᠦ ᠬᠠᠷᠠᠯᠳᠡ ᠪᠤᠯᠤᠨ᠎ᠠ ᠃ ︽ᠠᠷᠪᠠᠨ ᠭᠤᠷᠪᠠᠳᠤᠭᠠᠷ ᠲᠠᠪᠤᠨ ᠵᠢᠯ︾ ᠤᠨ ᠬᠤᠭᠤᠴᠠᠭ᠎ᠠ ᠪᠤᠯ ᠴᠢᠨᠡᠭᠡᠯᠢᠭ ᠨᠡᠢᠢᠭᠡᠮ ᠢᠪᠦᠬᠦ ᠲᠠᠯ᠎ᠠ ᠪᠠᠷ ᠪᠡᠶᠡᠯᠡᠬᠦᠯᠬᠦ ᠰᠢᠢᠳᠪᠤᠷᠢᠯᠡᠭᠴᠢ ᠱᠠᠳᠤ ᠪᠤᠯᠤᠨ᠎ᠠ ᠬᠡᠵᠥ ᠲᠤᠳᠤᠷᠬᠠᠢ ᠲᠤᠷᠠᠳᠪᠠ ᠃ ᠬᠤᠷᠠᠯ ᠤᠨ ᠠᠯᠪᠠᠨ ᠮᠡᠳᠡᠭᠡ ᠳᠤ ᠢᠷᠡᠭᠡᠳᠤᠢ ᠶᠢᠨ 5 ᠵᠢᠯ ᠤᠨ ᠲᠤᠮᠳᠠᠳᠤ ᠤᠯᠤᠰ ᠤᠨ ᠠᠵᠥ ᠠᠬᠤᠢ ᠂ ᠨᠡᠢᠢᠭᠡᠮ ᠤᠨᠬᠦᠭ᠍ᠵᠢᠯᠳᠡ ᠶᠢᠨ ᠠᠤᠭ᠎ᠠ ᠲᠦ᠍ᠯᠥᠪᠯᠡᠬᠡ ᠶᠢ ᠵᠢᠷᠤᠭᠯᠠᠵᠥ ᠂ ᠦᠭᠡᠷᠡᠴᠢᠯᠡᠯᠳᠡ ᠶᠢ ᠠᠬᠢᠭᠤᠯᠬᠤ ᠵᠠᠮ ᠢ ᠲᠤᠳᠤᠷᠬᠠᠢᠢᠯᠠᠭᠰᠠᠠ ᠪᠠᠢᠢᠨ᠎ᠠ ᠃︽ᠲᠤᠮᠳᠠᠳᠤ ᠤᠯᠤᠰ ᠤᠨ ᠬᠦᠭᠵᠢᠯᠳᠡ ᠶᠢᠨ ᠰᠢᠨ᠎ᠡ ᠠᠬᠤᠢ ᠪᠠᠢᠢᠳᠠᠯ︾ ᠢ ᠵᠢᠷᠤᠭᠯᠠᠭᠰᠠᠠ ᠡᠨᠡᠬᠦ ᠬᠦᠳᠦᠯᠪᠤᠷᠢ ᠶᠢᠨ ᠴᠢᠨᠠᠷᠳᠠᠢᠪᠢᠴᠢᠭ ᠮᠠᠲ᠋ᠸᠷᠢᠶᠠᠯ ᠳᠤ ᠂ ︽ᠬᠦᠭᠵᠢᠯᠳᠡ︾ ᠬᠡᠬᠦ ᠦᠬᠡ 90 ᠭᠠᠷᠤᠢ ᠤᠳᠠᠭ᠎ᠠ ᠢᠯᠡᠷᠡᠭᠰᠡᠡ ᠪᠠᠢᠢᠨ᠎ᠠ ᠃ ︽ᠰᠢᠨᠬᠤᠸᠠ ᠬᠠᠷᠠᠭᠠᠰᠤ︾ ᠶᠢᠨ ᠰᠤᠷᠪᠤᠯᠵᠢᠯᠠᠭᠴᠢ ᠡᠷᠬᠡ ᠰᠦ᠍ᠷᠳᠤ ᠲᠤᠰᠬᠠᠢ ᠮᠡᠷᠭᠡᠵᠢᠯᠳᠡᠨ ᠢ ᠰᠤᠷᠪᠤᠯᠵᠢᠯᠠᠵᠥ ᠂ ᠪᠦᠬᠦᠳᠡᠬᠤᠷᠠᠯ ᠠᠴᠠ ᠭᠠᠷᠭᠠᠭᠰᠠᠠ ᠴᠢᠬᠤᠯᠠ ᠲᠤᠬᠢᠶ᠎ᠠ ᠶᠢ ᠲᠢᠭᠯᠡᠨ ᠲᠠᠢᠢᠯᠪᠤᠷᠢᠯᠠᠪᠠ ᠃ ᠵᠠᠩᠬᠢᠯᠠᠭ᠎ᠠ ᠶᠢᠨ ᠦᠬᠡ 1 ᠄ ᠪᠦᠬᠦ ᠲᠠᠯ᠎ᠠ ᠪᠠᠷ ᠴᠢᠨᠡᠭᠡᠯᠢᠭᠵᠢᠬᠦ ᠪᠦᠬᠦᠳᠡ ᠬᠤᠷᠠᠯ ᠤᠨ ᠲᠤᠷᠠᠳᠤᠯᠭ᠎ᠠ ᠄ 2020 ᠤᠨ ᠪᠤᠯᠬᠤ ᠳᠤ ᠴᠢᠨᠡᠭᠡᠯᠢᠭ ᠨᠡᠢᠢᠭᠡᠮ ᠢ ᠪᠦ᠍ᠬᠦ ᠲᠠᠯ᠎ᠠ ᠪᠠᠷ ᠪᠡᠶᠡᠯᠡᠬᠦᠯᠵᠥ ᠂ᠬᠤᠶᠠᠳᠤᠭᠠᠷ ᠵᠠᠭᠤᠨ ᠵᠢᠯ ᠤᠨ ᠲᠡᠮᠡᠴᠡᠬᠦ ᠬᠠᠷᠠᠯᠳᠡ ᠶᠢ ᠪᠡᠶᠡᠯᠡᠬᠦᠯᠬᠦ ᠂ ᠲᠤᠮᠳᠠᠳᠤ ᠶᠢᠨ ᠦᠨᠳᠦᠰᠦᠳᠡᠨ ᠤ ᠠᠭᠤᠤ ᠶᠡᠬᠡ ᠰᠡᠷᠬᠦᠨᠮᠠᠨᠳᠤᠯᠳᠠ ᠶᠢᠨ ᠲᠤᠮᠳᠠᠳᠤ ᠶᠢᠨ ᠵᠡᠬᠦᠳᠤ ᠶᠢ ᠲᠡᠷᠭᠡᠯᠰᠢᠬᠦᠯᠬᠦ ᠳᠤ ᠨᠡᠩ ᠪᠠᠳᠤ ᠪᠡᠬᠢ ᠰᠠᠭᠤᠷᠢ ᠲᠠᠯᠪᠢᠨ᠎ᠠ ᠃ ᠲᠤᠰᠬᠠᠢ ᠮᠡᠷᠭᠡᠵᠢᠯᠳᠡᠨ ᠤ ᠲᠠᠢᠢᠯᠤᠮᠵᠢ ᠄ ᠴᠢᠨᠡᠭᠡᠯᠢᠭ ᠨᠡᠢᠢᠭᠡᠮ ᠢ ᠪᠦ᠍ᠬᠦ ᠲᠠᠯ᠎ᠠ ᠪᠠᠷ ᠪᠡᠶᠡᠯᠡᠬᠦᠯᠬᠦ ᠡᠨᠡᠬᠦ ᠠᠤᠭ᠎ᠠ ᠬᠠᠷᠠᠯᠳᠡ ᠪᠤᠯ︽ᠲᠤᠮᠳᠠᠳᠤ ᠶᠢᠨ ᠵᠡᠬᠦᠳᠤ︾ ᠶᠢᠨ ᠪᠤᠳᠠᠳᠠᠢ ᠢᠯᠡᠷᠡᠯ ᠮᠥᠨ ᠂ ︽ᠠᠷᠪᠠᠨ ᠭᠤᠷᠪᠠᠳᠤᠭᠠᠷ ᠲᠠᠪᠤᠨ ᠵᠢᠯ︾ ᠪᠤᠯ ᠡᠷᠢᠨ ᠵᠠᠭᠤᠨ ᠤ ᠶᠡᠬᠡᠦᠢᠯᠡᠰ ᠤᠨ ᠬᠠᠮᠤᠭ ᠤᠨ ᠵᠠᠩᠬᠢᠯᠠᠭ᠎ᠠ ᠶᠢᠨ ᠰᠢᠪᠳᠤᠯᠤᠯᠳᠡ ᠬᠢᠬᠦ 5 ᠵᠢᠯ ᠪᠤᠯᠤᠨ᠎ᠡ ᠃ ᠲᠦᠷᠦ ᠶᠢᠨ ᠶᠠᠪᠤᠳᠠᠯ ᠤᠨ ᠬᠤᠷᠢᠶᠠᠨ ᠤᠬᠦᠭ᠍ᠵᠢᠯᠳᠡ ᠶᠢᠨ ᠰᠤᠳᠤᠯᠭᠠᠨ ᠤ ᠲᠦ᠍ᠪ ᠤᠨ ᠡᠬᠢ ᠪᠠᠶᠠᠯᠢᠭ ᠪᠠ ᠤᠷᠴᠢᠨ ᠲᠤᠭᠤᠷᠢᠨ ᠤ ᠬᠠᠮᠠᠭᠠᠯᠠᠯᠳᠠ ᠶᠢᠨ ᠲᠦᠷᠦ ᠶᠢᠨᠪᠤᠳᠤᠯᠭ᠎ᠠ ᠰᠤᠳᠤᠯᠬᠤ ᠭᠠᠵᠠᠷ ᠤᠨ ᠲᠡᠳ᠋ ᠲᠠᠷᠤᠭ᠎ᠠ ᠯᠢ ᠽᠦ᠍ᠸᠸ ᠵᠢᠶᠦᠢᠨ ᠂ ᠬᠦᠭᠵᠢᠬᠦᠯᠬᠦ ᠪᠤᠯ ᠬᠠᠳᠠᠭᠤ ᠶᠤᠰᠤ ᠮᠥ᠍ᠨ ᠂ ᠲᠤᠮᠳᠠᠳᠤᠤᠯᠤᠰ ᠤᠨ ᠠᠰᠠᠭᠤᠳᠠᠯ ᠢ ᠰᠢᠢᠳᠪᠤᠷᠢᠯᠡᠬᠦ ᠵᠠᠩᠬᠢᠯᠠᠭ᠎ᠠ ᠪᠤᠯᠤᠨ᠎ᠠ ᠃ ᠪᠦᠬᠦ ᠲᠠᠯ᠎ᠠ ᠪᠠᠷ ᠴᠢᠨᠡᠭᠡᠯᠢᠭᠵᠢᠬᠦ ᠨᠢ ᠬᠦᠭᠵᠢᠯᠳᠡ ᠶᠢᠨᠬᠤᠷᠳᠤᠴᠠ ᠶᠢ ᠬᠦᠬᠡᠬᠡᠴᠡᠯᠳᠤᠬᠦ ᠲᠡᠳᠤᠢ ᠦᠭᠡᠢ ᠂ ᠨᠡᠩ ᠴᠦ ᠬᠦᠭᠵᠢᠯᠳᠡ ᠶᠢᠨ ᠰᠢᠨᠵᠢᠯᠡᠬᠦ ᠤᠬᠠᠭᠠᠨᠴᠢ ᠴᠢᠨᠠᠷ ᠪᠤᠯᠤᠨᠦᠷᠬᠦᠯᠵᠢᠯᠡᠬᠦ ᠴᠢᠨᠠᠷ ᠢ ᠴᠢᠬᠤᠯᠠᠴᠢᠯᠠᠬᠤ ᠬᠡᠷᠡᠭᠳᠡᠢ ᠃ ᠡᠬᠦᠨ ᠤ ᠵᠡᠷᠬᠡᠪᠡᠷ ᠂ ᠡᠨᠡ ᠨᠢ ᠪᠦ᠍ᠬᠦ ᠲᠤᠮᠳᠠᠳᠤ ᠤᠯᠤᠰ ᠤᠨ ᠠᠷᠠᠳ ᠲᠦᠮᠡᠨ ᠤᠴᠢᠨᠡᠭᠡᠯᠢᠭᠵᠢᠯ ᠪᠤᠯᠤᠨ᠎ᠠ ᠂ ᠶᠠᠳᠠᠭᠤ ᠬᠦ᠍ᠴᠢᠷᠳᠡᠯ ᠲᠠᠢ ᠬᠦ᠍ᠮᠥᠰ ᠢ ᠪᠠᠭᠳᠠᠭᠠᠭᠰᠠᠠ ᠨᠡᠩ ᠦᠷᠭᠡᠨ ᠤᠯᠠᠨ ᠲᠦᠮᠡᠨ ᠳᠤ ᠨᠡᠢᠢᠭᠡᠮ ᠤᠨᠬᠦᠭ᠍ᠵᠢᠯᠳᠡ ᠶᠢᠨ ᠦᠷ᠎ᠡ ᠪᠦ᠍ᠳᠦᠭᠡᠯ ᠢ ᠤᠢᠢᠯᠠᠭᠠᠭᠤᠯᠬᠤ ᠬᠡᠷᠡᠭᠳᠡᠢ ᠃ ᠡᠨᠡ ᠪᠤᠯ ᠤᠯᠤᠰ ᠤᠨ ᠵᠠᠰᠠᠯᠳᠡ ᠶᠢᠨ ᠤᠢᠢᠯᠠᠭᠠᠭᠳᠠᠬᠤᠨ ᠤᠤᠳᠤᠬᠢᠴᠢᠯᠠᠯᠳᠡ ᠶᠢᠨ ᠴᠢᠬᠤᠯᠠ ᠶᠡᠬᠡ ᠡᠠᠬᠢᠯᠳᠡ ᠪᠤᠯᠤᠨ᠎ᠠ ᠬᠡᠵᠥ ᠢᠯᠡᠳᠬᠡᠪᠡ ᠃ ᠵᠠᠩᠬᠢᠯᠠᠭ᠎ᠠ ᠶᠢᠨ ᠦᠬᠡ 2 ᠄ ᠠᠵᠥ ᠠᠬᠤᠢ ᠶᠢᠨ ᠬᠤᠷᠳᠤᠴᠠ ᠪᠦᠬᠦᠳᠡ ᠬᠤᠷᠠᠯ ᠤᠨ ᠲᠤᠷᠠᠳᠤᠯᠭ᠎ᠠ ᠄ ᠠᠵᠥ ᠠᠬᠤᠢ ᠶᠢᠨ ᠲᠤᠮᠳᠠ ᠦᠨᠳᠤᠷ ᠨᠡᠮᠡᠭᠳᠡᠯ ᠤᠨ ᠬᠤᠷᠳᠤᠴᠠ ᠶᠢᠪᠠᠳᠤᠯᠠᠨ᠎ᠠ ᠃ ᠲᠤᠰᠬᠠᠢ ᠮᠡᠷᠭᠡᠵᠢᠯᠳᠡᠨ ᠤ ᠲᠠᠢᠢᠯᠤᠮᠵᠢ ᠄ ᠬᠤᠢᠢᠰᠢᠳᠠ ᠶᠢᠨ 5 ᠵᠢᠯ ᠳᠤ ᠶᠠᠮᠠᠷᠰᠢᠦ ︽ᠲᠤᠮᠳᠠᠳᠤ ᠤᠯᠤᠰ ᠤᠨᠬᠤᠷᠳᠤᠴᠠ︾ ᠲᠠᠢ ᠪᠤᠯᠳᠠᠬ ᠪᠤᠯ ︖ ᠠᠵᠥ ᠠᠬᠤᠢ ᠶᠢᠨ ᠲᠤᠰᠬᠠᠢ ᠮᠡᠷᠭᠡᠵᠢᠯᠳᠡᠨ ᠤ ᠲᠦᠰᠦᠭᠡᠯᠡᠬᠦ ᠪᠠᠷ ᠂ 2020 ᠤᠨᠪᠤᠯᠬᠤ ᠳᠤ GDP ᠶᠢ 2010 ᠤᠨ ᠤ ᠬᠢ ᠠᠴᠠ ᠬᠤᠶᠠᠷ ᠲᠠᠬᠢᠨ ᠪᠤᠯᠭᠠᠨ ᠨᠡᠮᠡᠭᠳᠡᠬᠦᠯᠬᠦ ᠬᠠᠷᠠᠯᠳᠡ ᠶᠢ ᠪᠡᠶᠡᠯᠡᠬᠦᠯᠤᠶ᠎ᠠ ᠬᠡᠪᠡᠯ ᠂︽ᠠᠷᠪᠠᠨ ᠭᠤᠷᠪᠠᠳᠤᠭᠠᠷ ᠲᠠᠪᠤᠨ ᠵᠢᠯ︾ ᠤᠨ ᠬᠤᠭᠤᠴᠠᠭᠠᠨ ᠳᠤ ᠂ ᠮᠠᠨ ᠤ ᠤᠯᠤᠰ ᠤᠨ ᠵᠢᠯ ᠲᠤᠮᠳᠠᠴᠢ ᠶᠢᠨ ᠠᠵᠥ ᠠᠬᠤᠢ ᠶᠢᠨᠨᠡᠮᠡᠭᠳᠡᠯ ᠤᠨ ᠬᠤᠷᠳᠤᠴᠠ 6.5% ᠲᠤ ᠬᠦ᠍ᠷᠬᠦ ᠴᠢᠬᠤᠯᠠᠳᠠᠢ ᠃ ᠬᠦᠭᠵᠢᠵᠥ ᠪᠠᠢᠢᠭ᠎ᠠ ᠤᠯᠤᠰ ᠪᠤᠯᠤᠭᠰᠠᠠ ᠤ ᠬᠤᠪᠢ ᠳᠤ ᠂ ᠵᠦᠢᠵᠤᠬᠢᠰᠳᠠᠢ ᠠᠵᠥ ᠠᠬᠤᠢ ᠶᠢᠨ ᠨᠡᠮᠡᠭᠳᠡᠯ ᠤᠨ ᠬᠤᠷᠳᠤᠴᠠ ᠪᠤᠯ ᠲᠤᠮᠳᠠᠳᠤ ᠤᠯᠤᠰ ᠤᠨ ᠪᠦᠬᠦ ᠲᠠᠯ᠎ᠠ ᠪᠠᠷ ᠴᠢᠨᠡᠭᠡᠯᠢᠭᠵᠢᠬᠦ ᠪᠠᠨᠡᠢᠢᠭᠡᠮ ᠤᠨ ᠲᠤᠭᠳᠠᠭᠤᠨ ᠢ ᠪᠡᠶᠡᠯᠡᠬᠦᠯᠬᠦ ᠴᠢᠬᠤᠯᠠ ᠲᠤᠯᠭᠠᠭᠤᠷᠢᠯᠠᠯ ᠪᠤᠯᠤᠨ᠎ᠠ ᠂ ᠡᠬᠦᠨ ᠤ ᠵᠡᠷᠬᠡᠪᠡᠷ ᠂ ᠬᠡᠷᠬᠢᠨ GDP ᠶᠢᠪᠠᠭᠳᠠᠭᠠᠭᠰᠠᠠ ᠠᠵᠥ ᠠᠬᠤᠢ ᠨᠡᠢᠢᠭᠡᠮ ᠤᠨ ᠬᠦᠭᠵᠢᠯᠳᠡ ᠶᠢᠨ ᠵᠢᠭᠠᠯᠳᠡ ᠲᠤᠭ᠎ᠠ ᠨᠤᠭᠤᠳ ᠢ ᠨᠢᠬᠡᠳᠤᠯᠳᠡᠢ ᠲᠦᠯᠥᠪᠵᠢᠬᠦᠯᠥᠨᠪᠤᠳᠤᠯᠬᠢᠯᠠᠬᠤ ᠨᠢ ᠵᠠᠰᠠᠭ ᠤᠨ ᠤᠷᠳᠤᠨ ᠤ ᠤᠢ ᠤᠬᠠᠭᠠᠨ ᠢ ᠰᠢᠯᠭᠠᠵᠥ ᠪᠠᠢᠢᠳᠠᠭ ᠃ ᠲᠤᠮᠳᠠᠳᠤ ᠤᠯᠤᠰ ︵ᠬᠠᠢᠢᠨᠠᠨ︶ ᠤᠨᠦᠭᠡᠷᠡᠴᠢᠯᠡᠯᠳᠡ ᠬᠦ᠍ᠭᠵᠢᠯᠳᠡ ᠶᠢᠨ ᠰᠤᠳᠤᠯᠭᠠᠨ ᠤ ᠬᠦ᠍ᠷᠢᠶᠡᠯᠡᠩ ᠤᠨ ᠲᠠᠷᠤᠭ᠎ᠠ ᠤᠤᠢ ᠹᠦ᠋ ᠯᠢᠨ ᠂ ᠲᠤᠮᠳᠠᠳᠤ ᠤᠯᠤᠰ ᠤᠳᠤ ᠶᠠᠭᠠᠵᠥ ᠠᠬᠤᠢ ᠶᠢᠨ ᠨᠡᠮᠡᠭᠳᠡᠯ ᠤᠨ ᠬᠦᠳᠡᠯᠭᠡᠬᠦ ᠬᠦᠴᠦᠨ ᠤ ᠰᠤᠯᠢᠭᠳᠠᠯ ᠤᠨ ᠬᠤᠭᠤᠴᠠᠭ᠎ᠠ ᠳᠤ ᠲᠤᠯᠭᠠᠷᠠᠵᠥ ᠪᠠᠢᠢᠬᠤ ᠲᠤᠯᠠᠡᠷᠭᠡᠪᠰᠢ ᠠᠵᠥ ᠠᠬᠤᠢ ᠶᠢᠨ ᠬᠦᠭᠵᠢᠯᠳᠡ ᠶᠢᠨ ᠰᠢᠨ᠎ᠡ ᠬᠡᠪ ᠪᠠᠢᠢᠳᠠᠯ ᠳᠤ ᠤᠯᠠᠮ ᠴᠢᠨᠠᠭᠰᠢᠳᠠ ᠵᠤᠬᠢᠴᠠᠬᠤ ᠬᠡᠷᠡᠭᠳᠡᠢ ᠂ ︽ᠠᠷᠪᠠᠨᠭᠤᠷᠪᠠᠳᠤᠭᠠᠷ ᠲᠠᠪᠤᠨ ᠵᠢᠯ︾ ᠤᠨ ᠬᠤᠭᠤᠴᠠᠭᠠᠨ ᠳᠤ ᠪᠠᠰᠠ ᠨᠡᠯᠢᠶᠡᠳ ᠶᠡᠬᠡ ᠲᠤᠭᠳᠠᠭᠤᠨ ᠢᠶᠠᠷ ᠨᠡᠮᠡᠭᠳᠡᠬᠦᠯᠬᠦ ᠲᠠᠷᠤᠯᠳᠡ ᠳᠤᠲᠤᠯᠭᠠᠷᠠᠬᠤ ᠲᠤᠯᠠ ᠦᠭᠡᠷᠡᠴᠢᠯᠡᠯᠳᠡ ᠠᠴᠠ ᠠᠰᠢᠭ ᠤᠯᠵᠥ ᠂ ᠬᠦᠴᠢᠷᠳᠡᠯ ᠢᠶᠠᠨ ᠰᠢᠢᠳᠪᠤᠷᠢᠯᠡᠬᠦ ᠴᠢᠬᠤᠯᠠᠳᠠᠢ ᠪᠠᠢᠢᠨ᠎ᠠ ᠬᠡᠵᠥᠢᠯᠡᠳᠬᠡᠪᠡ ᠃